ᠮᠠᠯᠴᠢᠳ ᠪᠠ ᠵᠢᠭᠡᠯᠡᠯᠭᠡ
ᠨᠡᠶᠢᠲᠡᠯᠡᠭᠰᠡᠨ ᠴᠠᠭ᠄
2019/4/22
ᠰᠤᠷᠪᠤᠯᠵᠢᠯᠠᠭᠴᠢ  ᠤᠷᠠᠨ᠎ᠠᠨᠠᠶᠢᠷᠠᠭᠤᠯᠤᠭᠴᠢ ᠶᠢᠨ ᠦᠬᠡ᠄ ᠠᠷᠠᠳ ᠤᠨ ᠠᠮᠢᠳᠤᠷᠠᠯ ᠳᠤ ᠤᠢᠢᠯᠡᠴᠢᠯᠡᠵᠦ᠂ ᠠᠷᠠᠳ ᠲᠦᠮᠡᠨ ᠳᠤ ᠲᠦᠬᠦᠮ ᠦᠵᠡᠬᠦᠯᠬᠦ ᠶᠢᠨ ᠲᠦᠯᠦᠭᠡ᠂ ᠤᠢᠢᠷ᠎ᠠ ᠶᠢᠨ ᠵᠢᠯ ᠳᠤ ᠤᠯᠤᠰ ᠠᠴᠠ ᠪᠠᠭ᠎ᠠ ᠬᠡᠮᠵᠢᠶᠡᠨ ᠤ ᠵᠢᠭᠡᠯᠡᠯᠭᠡ ᠶᠢᠨ ᠲᠦᠷᠦ ᠶᠢᠨ ᠪᠤᠳᠤᠯᠭ᠎ᠠ ᠶᠢ ᠬᠡᠷᠡᠭᠵᠢᠬᠦᠯᠵᠦ᠂ ᠬᠦᠳᠡᠭᠡ ᠲᠤᠰᠬᠤᠨ ᠤ ᠮᠠᠯᠴᠢᠨ ᠲᠡᠷᠢᠶᠡᠴᠢᠨ ᠤ ᠠᠮᠢᠳᠤᠷᠠᠯ ᠢ ᠲᠡᠳᠬᠦᠬᠦ ᠳᠤ ᠲᠤᠰᠠᠯᠠᠮᠵᠢ ᠪᠤᠯᠵᠦ ᠪᠤᠢ᠃ ᠮᠡᠯᠴᠢᠨ ᠲᠡᠷᠢᠶᠡᠴᠢᠨ ᠡᠪᠡᠰᠦ ᠪᠤᠷᠳᠤᠭ᠎ᠠ ᠪᠠᠨ ᠠᠪᠬᠤ ᠳᠤ ᠵᠤᠭᠤᠰ ᠮᠦᠩᠭᠦ ᠲᠤᠳᠠᠭᠳᠠᠪᠠᠯ ᠵᠢᠭᠡᠯᠡᠯᠭᠡ ᠠᠪᠴᠤ ᠪᠤᠯᠤᠨ᠎ᠠ᠂ ᠦᠷ᠎ᠡ ᠬᠡᠤᠭᠡᠳ ᠨᠢ ᠪᠢᠴᠢᠭ ᠦᠵᠡᠬᠦ ᠳᠤ ᠬᠦᠴᠢᠷᠳᠡᠪᠡᠯ ᠪᠠᠰᠠ ᠰᠤᠷᠤᠯᠭ᠎ᠠ ᠶᠢᠨ ᠲᠡᠳᠬᠦᠮᠵᠢ ᠶᠢᠨ ᠮᠦᠩᠬᠦ ᠶᠢᠨ ᠵᠢᠭᠡᠯᠡᠯᠭᠡ ᠠᠪᠴᠤ ᠪᠤᠯᠤᠨ᠎ᠠ᠃ ᠡᠬᠦᠨ ᠠᠴᠠ ᠭᠠᠳᠠᠨ᠎ᠠ ᠬᠤᠳᠠ ᠤᠷᠤᠵᠦ ᠠᠰᠠᠷ ᠪᠠᠶᠢᠰᠢᠩ ᠠᠪᠬᠤ᠂ ᠠᠳᠠᠯ ᠤᠢᠢᠯᠡᠰ ᠪᠤᠰᠬᠠᠬᠤ᠂ ᠲᠡᠷᠭᠡ ᠮᠠᠰᠢᠨ ᠠᠪᠬᠤ ᠵᠡᠷᠭᠡ ᠳᠤ ᠴᠦᠮ ᠪᠠᠭ᠎ᠠ ᠬᠡᠮᠵᠢᠶᠡᠨ ᠤ ᠵᠢᠭᠡᠯᠡᠯᠭᠡ ᠬᠢᠵᠦ ᠪᠤᠯᠬᠤ ᠪᠦᠭᠡᠳ ᠠᠷᠭ᠎ᠠ ᠵᠡᠮ ᠨᠢ ᠲᠦᠬᠦᠮ ᠲᠦᠳᠡ᠂ ᠭᠠᠷ ᠬᠦᠢᠴᠡᠳᠭᠡᠯ ᠨᠢ ᠠᠪᠰᠠᠷᠬᠠᠨ ᠪᠠᠶᠢᠳᠠᠭ᠃ ᠤᠯᠤᠰ ᠠᠴᠠ ᠬᠦᠳᠡᠭᠡ ᠲᠤᠰᠬᠤᠨ ᠳᠤ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠬᠡᠷᠡᠭᠵᠢᠬᠦᠯᠵᠦ᠂ ᠮᠠᠯᠴᠢᠨ ᠲᠡᠷᠢᠶᠡᠴᠢᠨ ᠤ ᠠᠵᠤ ᠠᠮᠢᠳᠤᠷᠠᠯ ᠳᠤ ᠲᠦᠬᠦᠮ ᠦᠵᠡᠬᠦᠯᠦᠭᠰᠡᠨ ᠨᠢ ᠮᠠᠰᠢ ᠰᠠᠶᠢᠨ ᠶᠠᠪᠤᠳᠠᠯ ᠪᠤᠯᠪᠠᠴᠤ᠂ ᠵᠢᠭᠡᠯᠡᠯᠭᠡ ᠲᠡᠯᠪᠢᠬᠤ ᠨᠢ ᠵᠤᠭᠤᠰ ᠮᠦᠩᠬᠦ ᠲᠤᠰᠠᠯᠠᠵᠦ ᠠᠮᠢᠳᠤᠷᠠᠯ ᠳᠤ ᠵᠠᠷᠤᠴᠠᠭᠤᠯᠬᠤ ᠶᠠᠪᠤᠳᠠᠯ ᠪᠢᠰᠢ᠂ ᠬᠠᠷᠢᠨ ᠵᠤᠭᠤᠰ ᠮᠦᠩᠬᠦ ᠶᠢᠨ ᠪᠠᠴᠢᠮ ᠵᠠᠷᠤᠳᠠᠯ ᠲᠠᠢ ᠠᠷᠠᠳ ᠲᠤ ᠲᠦᠷ ᠴᠠᠭ ᠤᠨ ᠲᠦᠬᠦᠮ ᠦᠵᠡᠬᠦᠯᠬᠦ ᠠᠷᠭ᠎ᠠ ᠪᠤᠳᠤᠯᠭ᠎ᠠ ᠪᠤᠯᠤᠨ᠎ᠠ  ᠃ ᠡᠶᠢᠮᠤ ᠳᠡᠭᠡᠨ ᠮᠠᠯᠴᠢᠨ ᠲᠦᠮᠡᠨ ᠮᠡᠨᠢ ᠵᠢᠭᠡᠯᠡᠯᠭᠡ ᠲᠠᠯᠪᠢᠬᠤ ᠳᠠᠭᠠᠨ ᠬᠡᠷᠡᠭᠴᠡᠭᠡ ᠪᠠᠨ ᠦᠡᠳᠤᠰᠤᠯᠠᠵᠦ᠂ ᠪᠤᠳᠠᠳᠤ ᠪᠠᠶᠢᠳᠠᠯ ᠠᠴᠠ ᠡᠬᠦᠰᠴᠤ᠂ ᠰᠤᠬᠤᠷ ᠪᠠᠯᠠᠢ ᠪᠠᠷ ᠵᠢᠭᠡᠯᠡᠯᠭᠡ ᠲᠠᠯᠪᠢᠬᠤ ᠠᠴᠠ ᠬᠡᠷᠰᠡᠤᠯᠡᠵᠦ᠂ ᠲᠦᠷᠦ ᠶᠢᠨ ᠪᠤᠳᠤᠯᠭ᠎ᠠ ᠶᠢ ᠰᠠᠶᠢᠳᠤᠷ ᠠᠰᠢᠭᠯᠠᠵᠦ᠂ ᠠᠵᠤ ᠠᠮᠢᠳᠤᠷᠠᠯ ᠤᠨ ᠴᠢᠨᠡᠷ ᠴᠢᠡᠰᠠᠭ᠎ᠠ ᠪᠠᠨ ᠲᠡᠭᠡᠭᠰᠢᠯᠡᠬᠦᠯᠬᠦ ᠨᠢ ᠵᠤᠬᠢᠰᠳᠠᠢ ᠶᠤᠮ᠃                  ᠮᠠᠯᠴᠢᠳ ᠪᠠ ᠵᠢᠭᠡᠯᠡᠯᠭᠡ      ︽ᠣᠳᠣ ᠵᠢᠭᠡᠯᠡᠯᠭᠡ ᠪᠤᠴᠠᠭᠠᠬᠤ ᠴᠠᠭ ᠪᠠᠰᠠ ᠪᠣᠯᠴᠢᠬᠠᠯ᠎ᠠ᠂ ᠲᠠᠷᠢᠭᠰᠠᠨ ᠡᠷᠳᠡᠨᠢ ᠰᠢᠰᠢ ᠴᠤ ᠬᠤᠳᠠᠯᠳᠤᠵᠤ ᠭᠠᠷᠬᠤ ᠦᠭᠡᠢ ᠁︾᠂ ︽ᠡᠨᠡ ᠬᠠᠪᠤᠷ ᠤᠨ ᠭᠠᠩ ᠬᠡᠴᠡᠭᠦᠦ ᠪᠠᠶᠢᠨ᠎ᠠ᠂ ᠵᠢᠭᠠᠬᠠᠨ ᠵᠣᠭᠤᠰ ᠵᠢᠭᠡᠯᠡᠵᠦ ᠡᠪᠡᠰᠦ ᠪᠣᠷᠳᠤᠭ᠎ᠠ ᠠᠪᠬᠤ ᠦᠭᠡᠢ ᠭᠤᠷᠢ ᠦᠭᠡᠢ︾ ᠁ ᠠᠮᠠᠷᠠᠯᠳᠠ ᠪᠠᠷ ᠬᠥᠳᠡᠭᠡ ᠭᠡᠷ ᠲᠤ ᠬᠠᠷᠢᠬᠤ ᠪᠦᠷᠢ ︽ᠵᠢᠭᠡᠯᠡᠯᠭᠡ︾ ᠶᠢᠨ ᠲᠤᠬᠠᠢ ᠮᠠᠯᠴᠢᠳ ᠤᠨ ᠲᠤᠮᠳᠠ ᠢᠩᠬᠢᠵᠦ ᠵᠤᠭᠤᠭ ᠲᠡᠯᠭᠡᠷᠡᠬᠦ ᠶᠢ ᠠᠷᠪᠢᠨ ᠤᠯᠵᠦ ᠰᠤᠨᠤᠰᠳᠠᠭ᠃ ᠡᠨᠡ ᠬᠤᠶᠠᠷ ᠵᠢᠯ ᠬᠦᠳᠡᠭᠡ ᠨᠤᠲᠤᠭ᠂ ᠦᠨᠳᠦᠰᠦᠨ ᠱᠠᠲᠤᠨ ᠤ ᠮᠠᠯᠴᠢᠨ ᠲᠠᠷᠢᠶᠠᠴᠢᠨ ᠵᠢᠭᠡᠯᠡᠯᠭᠡ ᠳᠤ ᠲᠦᠰᠢᠵᠦ ᠠᠮᠢᠳᠤᠷᠠᠯ ᠢᠶᠠᠨ ᠠᠷᠭᠠᠴᠠᠵᠤ ᠪᠠᠶᠢᠭ᠎ᠠ ᠪᠠᠶᠢᠳᠠᠯ ᠵᠥᠩᠳᠡᠭᠡᠨ ᠢᠯᠡᠷᠡᠵᠦ ᠪᠤᠢ᠃      ᠵᠢᠭᠡᠯᠡᠯᠭᠡ ᠶᠢ ᠪᠦᠲᠦᠮᠵᠢᠲᠡᠢ ᠠᠰᠢᠭᠯᠠᠵᠤ ᠰᠤᠷᠬᠤ ᠴᠢᠬᠤᠯᠠᠳᠠᠢ      ᠠᠮᠢᠳᠤᠷᠠᠯ ᠳᠤᠮᠳᠠ ᠮᠠᠯᠵᠢᠬᠤ ᠦᠢᠯᠡᠳᠪᠦᠷᠢᠯᠡᠯ ᠤᠨ ᠪᠡᠯᠡ ᠮᠥᠩᠭᠦ ᠰᠠᠶᠢᠨ ᠬᠦᠷᠦᠯᠴᠡᠬᠦ ᠦᠭᠡᠢ᠂ ᠡᠰᠡᠬᠦᠯ᠎ᠡ ᠦᠢᠯᠡᠰ ᠪᠤᠰᠬᠠᠵᠤ ᠶᠠᠮᠠᠷ ᠨᠢᠭᠡᠨ ᠠᠵᠢᠯ ᠡᠷᠬᠢᠯᠡᠬᠦ ᠳᠤ ᠪᠠᠩᠬᠢ ᠠᠴᠠ ᠵᠢᠭᠡᠯᠡᠯᠭᠡ ᠠᠪᠬᠤ ᠪᠣᠯ ᠲᠦᠢᠯ ᠤᠨ ᠠᠰᠢᠭᠲᠠᠢ ᠶᠠᠪᠤᠳᠠᠯ ᠮᠥᠨ᠂ ᠭᠡᠬᠦ ᠳᠤ ᠲᠡᠭᠦᠨ ᠤ ᠤᠷᠢᠲᠠᠯ ᠪᠣᠯ ᠪᠣᠳᠠᠲᠤ ᠪᠠᠶᠢᠳᠠᠯ ᠢᠶᠠᠨ ᠦᠨᠳᠥᠰᠦᠯᠡᠨ ᠵᠢᠭᠡᠯᠡᠵᠦ᠂ ᠪᠦᠲᠦᠮᠵᠢᠲᠡᠢ ᠠᠰᠢᠭᠯᠠᠵᠤ ᠴᠢᠳᠠᠬᠤ ᠬᠡᠷᠡᠭᠲᠡᠢ᠃ ᠮᠠᠨᠳᠠᠷᠸ᠎ᠠ ᠪᠣᠯ ᠤᠷᠠᠳ ᠤᠨ ᠳᠤᠮᠳᠠᠳᠤ ᠬᠤᠰᠢᠭᠤᠨ ᠤ ᠣᠩᠭᠤᠨ ᠪᠠᠯᠭᠠᠰᠤᠨ ᠤ ᠵᠠᠯᠠᠭᠤ ᠮᠠᠯᠴᠢᠨ᠂ ᠭᠤᠷᠪᠠᠨ ᠵᠢᠯ ᠤᠨ ᠡᠮᠦᠨ᠎ᠡ ᠲᠠᠪᠢᠭᠠᠳ ᠪᠤᠭ ᠮᠠᠯ ᠤᠨ ᠬᠥᠷᠥᠩᠭᠡ ᠲᠠᠢ ᠠᠶᠢᠯ ᠪᠣᠯᠣᠭᠰᠠᠨ ᠶᠤᠮ᠃ ᠠᠮᠢᠳᠤᠷᠠᠯ ᠢᠶᠠᠨ ᠳᠡᠭᠡᠭᠰᠢ ᠲᠠᠲᠠᠬᠤ ᠶᠢᠨ ᠲᠥᠯᠥᠭᠡ ᠮᠠᠨᠳᠠᠷᠠᠸ᠎ᠠ ᠪᠡᠯᠴᠢᠭᠡᠷ ᠢᠶᠠᠷ ᠢᠶᠠᠨ ᠪᠠᠷᠢᠴᠠᠭᠠᠯᠠᠵᠤ ᠪᠠᠶᠢᠭᠠᠳ 5 ᠲᠦᠮᠡᠨ ᠲᠥᠭᠦᠷᠢᠭ ᠤᠨ ᠪᠠᠩᠬᠢ ᠶᠢᠨ ᠵᠢᠭᠡᠯᠡᠯᠭᠡ ᠠᠪᠴᠤ᠂ ᠫᠧᠩ ᠰᠠᠷᠠᠪᠴᠢ ᠪᠠᠷᠢᠵᠤ ᠰᠠᠭᠤᠷᠢ ᠲᠥᠬᠦᠭᠡᠷᠦᠮᠵᠢ ᠪᠠᠨ ᠪᠦᠷᠢᠳᠥᠭᠦᠯᠦᠨ᠂ ᠪᠤᠰᠤᠳ ᠤᠨ ᠪᠣᠷᠳᠣᠭᠠᠨ ᠤ ᠰᠠᠭᠤᠷᠢᠨ ᠭᠠᠵᠠᠷ ᠢ ᠲᠦᠷᠢᠶᠡᠰᠦᠯᠡᠨ ᠲᠠᠷᠢᠬᠤ᠂ ᠪᠤᠰᠤᠳ ᠤᠨ ᠮᠠᠯ ᠰᠦᠷᠦᠭ ᠢ ᠬᠠᠷᠢᠭᠤᠯᠵᠤ ᠲᠥᠯ ᠢ ᠨᠢ ᠠᠪᠬᠤ ᠵᠡᠷᠭᠡ ᠠᠷᠭ᠎ᠠ ᠪᠠᠷᠢᠯ ᠢᠶᠠᠷ ᠮᠠᠯ ᠰᠦᠷᠦᠭ ᠤᠨ ᠲᠤᠭ᠎ᠠ ᠪᠠᠨ ᠵᠤᠵᠠᠭᠠᠨ ᠪᠣᠯᠭᠠᠵᠤ᠂ ᠥᠪᠡᠷ ᠤᠨ ᠣᠷᠣᠯᠭ᠎ᠠ ᠵᠠᠷᠤᠯᠭ᠎ᠠ ᠪᠠᠨ ᠲᠡᠩᠴᠡᠭᠦᠯᠵᠦ᠂ ᠵᠢᠭᠡᠯᠡᠯᠭᠡ ᠪᠠᠨ ᠲᠥᠯᠥᠪᠯᠡᠭᠡ ᠶᠣᠰᠣᠭᠠᠷ ᠲᠥᠯᠥᠵᠦ᠂ ᠨᠢᠳᠤᠨᠤᠨ ᠨᠠᠮᠤᠷ ᠪᠦᠬᠦ ᠥᠷᠢ ᠪᠠᠨ ᠲᠥᠯᠥᠵᠦ ᠪᠠᠷᠠᠭᠠᠭᠰᠠᠨ ᠪᠠᠶᠢᠨ᠎ᠠ᠃ᠣᠳᠣ ᠬᠤᠶᠠᠷ ᠵᠠᠭᠤᠭᠠᠳ ᠮᠠᠯ ᠲᠠᠢ᠂ ᠬᠤᠶᠠᠷ ᠦᠨᠢᠶ᠎ᠡ ᠲᠠᠢ ᠠᠮᠢᠳᠤᠷᠠᠯ ᠢᠶᠠᠨ ᠣᠨᠳᠣᠷᠣᠭᠤᠯᠵᠤ ᠶᠠᠪᠤᠨ᠎ᠠ᠃      ᠡᠭᠦᠨ ᠲᠠᠢ ᠡᠰᠡᠷᠭᠦ ᠪᠠᠷ ᠵᠠᠷᠢᠮ ᠮᠠᠯᠴᠢᠳ ᠰᠣᠬᠤᠷ ᠪᠠᠯᠠᠢ ᠪᠠᠷ ᠵᠢᠭᠡᠯᠡᠯᠭᠡ ᠠᠪᠴᠤ᠂ ᠵᠢᠭᠡᠯᠡᠭᠰᠡᠨ ᠢᠶᠠᠨ ᠲᠥᠯᠥᠵᠦ ᠳᠡᠶᠢᠯᠬᠦ ᠦᠭᠡᠢ᠂ ᠳᠠᠬᠢᠨ ᠵᠣᠭᠤᠰ ᠵᠢᠭᠡᠯᠡᠵᠦ ᠤᠷᠢᠳᠤᠬᠢ ᠥᠷᠢ ᠪᠠᠨ ᠲᠥᠯᠥᠵᠦ᠂ ᠡᠬᠡ ᠮᠥᠩᠭᠦ ᠠᠴᠠ ᠪᠠᠨ ᠢᠯᠡᠭᠦᠦ ᠬᠦᠦ ᠮᠥᠩᠭᠦ ᠲᠥᠯᠥᠬᠦ᠂ ᠵᠢᠭᠡᠯᠡᠯᠭᠡ ᠠᠴᠠ ᠪᠣᠯᠵᠤ ᠤᠯᠠᠮ ᠶᠠᠳᠠᠭᠤᠷᠠᠬᠤ ᠵᠡᠷᠭᠡ ᠣᠷᠴᠢᠯ ᠳᠤ ᠣᠷᠣᠵᠤ ᠪᠣᠢ᠃      ᠤᠷᠠᠳ ᠤᠨ ᠡᠮᠦᠨᠡᠲᠦ ᠬᠤᠰᠢᠭᠤᠨ ᠤ ᠪᠠᠶᠠᠨᠬᠤᠸᠠ ᠪᠠᠯᠭᠠᠰᠤᠨ ᠤ ᠠᠯᠲᠠᠨᠪᠠᠶᠠᠷ ᠤᠨ ᠬᠢᠨ ᠡᠨᠡ ᠵᠢᠯ ᠲᠠᠷᠢᠶ᠎ᠠ ᠲᠠᠷᠢᠬᠤ ᠪᠠ ᠰᠤᠷᠤᠭᠴᠢ ᠶᠢᠨ ᠵᠠᠷᠤᠳᠠᠯ ᠳᠠᠭᠠᠨ ᠵᠤᠷᠢᠭᠤᠯᠤᠨ ᠪᠠᠩᠬᠢ ᠠᠴᠠ 2.5 ᠲᠦᠮᠡᠨ ᠲᠦᠭᠦᠷᠢᠭ ᠤᠨ ᠵᠢᠭᠡᠯᠡᠯᠭᠡ ᠠᠪᠴᠠᠢ᠃ ᠭᠡᠲᠡᠯ᠎ᠡ ᠲᠡᠭᠦᠨ ᠤ ᠲᠠᠷᠢᠶᠠᠨ ᠠᠴᠠ ᠤᠯᠬᠤ ᠤᠷᠤᠯᠭ᠎ᠠ ᠨᠢ ᠰᠠᠶᠢᠨ ᠵᠢᠯ ᠳᠡᠭᠡᠨ ᠪᠤᠯ 2 ᠲᠦᠮᠡᠠ ᠳᠦᠬᠦᠷᠢᠭ ᠬᠦᠷᠳᠡᠭ ᠴᠤ ᠡᠨᠡ ᠵᠢᠯ ᠦᠶᠡᠷ ᠤᠰᠤᠲᠤᠯ ᠠᠴᠠ ᠪᠣᠯᠵᠤ ᠳᠡᠮᠡᠢ ᠤᠯᠵᠤ ᠳᠡᠶᠢᠯᠬᠦ ᠦᠭᠡᠢ ᠪᠤᠯᠤᠭᠰᠠᠨ ᠪᠠᠶᠢᠯ᠎ᠠ᠃ ︽ᠡᠨ᠎ᠡ ᠵᠢᠯ ᠪᠤᠴᠠᠭᠠᠬᠤ ᠳᠤ ᠬᠦᠴᠢᠷᠳᠡᠨ᠎ᠡ︾ ᠭᠡᠵᠦ ᠭᠠᠴᠢᠭᠳᠠᠨ ᠶᠠᠷᠢᠬᠤ ᠲᠡᠬᠦᠨ ᠳᠤ ᠠᠪᠴᠤ ᠬᠡᠯᠡᠪᠡᠯ ᠲᠤᠰ ᠵᠢᠯ ᠤᠨ ᠤᠷᠤᠯᠭ᠎ᠠ ᠪᠠᠷ ᠵᠢᠭᠡᠯᠡᠯᠭᠡ ᠪᠠᠨ ᠲᠦᠯᠦᠭᠡᠳ ᠢᠷᠡᠬᠦ ᠬᠠᠪᠤᠷ ᠲᠠᠷᠢᠶ᠎ᠠ ᠲᠠᠷᠢᠬᠤ ᠶᠢᠨ ᠦᠶᠡᠰ ᠢᠶᠠᠷ ᠲᠠᠬᠢᠵᠦ ᠪᠠᠰᠠ ᠯᠠ ᠵᠢᠭᠡᠯᠡᠯᠭᠡ ᠠᠪᠬᠤ ᠠᠴᠠ ᠦᠬᠡᠷ᠎ᠡ ᠠᠷᠭ᠎ᠠ ᠠᠯᠠᠭ᠎ᠠ ᠪᠤᠯᠪᠠ᠃      ︽ᠵᠢᠭᠡᠯᠡᠯᠭᠡ ᠶᠢᠨ ᠵᠣᠭᠤᠰ ᠢ ᠵᠠᠷᠤᠬᠤ ᠳᠤ ᠠᠮᠠᠷᠬᠠᠨ᠂ ᠲᠥᠯᠥᠬᠦ ᠳᠤ ᠴᠤᠬᠤᠮ ᠠᠮᠠᠷ ᠦᠭᠡᠢ ᠶᠤᠮ ᠪᠠᠶᠢᠨ᠎ᠠ᠂ ᠪᠠᠩᠬᠢ ᠠᠴᠠ 3 ᠲᠦᠮᠡᠨ ᠲᠥᠭᠦᠷᠢᠭ ᠵᠢᠭᠡᠯᠡᠭᠡᠳ ᠤᠳᠠᠯ ᠦᠭᠡᠢ ᠵᠠᠷᠤᠭᠠᠳ ᠪᠠᠷᠠᠭᠠᠴᠢᠬᠠᠯ᠎ᠠ᠂ ᠭᠤᠷᠪᠠᠨ ᠵᠢᠯ ᠤᠨ ᠬᠤᠭᠤᠴᠠᠭ᠎ᠠ ᠲᠠᠢ ᠲᠥᠯᠥᠬᠦ ᠪᠠᠷ ᠲᠦᠯᠦᠪᠯᠡᠵᠦ᠂ ᠰᠠᠷ᠎ᠠ ᠪᠦᠷᠢ 1014 ᠲᠥᠭᠦᠷᠢᠭ ᠲᠦᠯᠦᠳᠡᠭ᠃      ᠰᠡᠭᠦᠯᠳᠡᠵᠦ ᠢᠷᠡᠭᠡᠳ ᠲᠥᠯᠥᠵᠦ ᠳᠡᠶᠢᠯᠬᠦ ᠦᠭᠡᠢ ᠪᠣᠯᠬᠤ ᠳᠠᠭᠠᠨ ᠠᠯᠪᠠᠨ ᠠᠵᠢᠯ ᠲᠠᠢ ᠬᠡᠦᠬᠡᠨ ᠳᠡᠭᠡᠨ ᠲᠤᠯᠭᠠᠭᠠᠳ ᠥᠭᠴᠢᠬᠡᠭᠰᠡᠨ᠂ ᠲᠠᠬᠢᠵᠤ ᠢᠩᠭᠢᠵᠦ ᠵᠢᠭᠡᠯᠡᠯᠭᠡ ᠠᠪᠴᠤ ᠪᠣᠯᠬᠤ ᠦᠭᠡᠢ ᠶᠤᠮ ᠪᠠᠶᠢᠨ᠎ᠠ᠂ ᠥᠪᠡᠷ ᠤᠨ ᠠᠮᠢᠳᠤᠷᠠᠯ ᠢᠶᠠᠨ ᠬᠠᠷᠰᠢᠯᠠᠭᠰᠠᠨ ᠢᠶᠠᠷ ᠪᠠᠷᠠᠬᠤ ᠦᠭᠡᠢ᠂ ᠬᠡᠦᠬᠡᠳ ᠢᠶᠠᠨ ᠪᠠᠰᠠ ᠤᠷᠤᠭᠤ ᠲᠠᠲᠠᠴᠢᠬᠠᠯ᠎ᠠ︾ ᠭᠡᠵᠦ ᠤᠷᠠᠳ ᠤᠨ ᠳᠤᠮᠳᠠᠳᠤ ᠬᠤᠰᠢᠭᠤᠨ ᠤ ᠰᠢᠷᠠᠴᠢᠯᠠᠭᠤ ᠭᠠᠴᠠᠭᠠᠨ ᠤ ᠮᠠᠯᠴᠢᠨ ᠰᠠᠷᠠᠨ᠎ᠠ ᠬᠡᠯᠡᠨ᠎ᠡ᠃      ᠵᠢᠭᠡᠯᠡᠯᠭᠡ ᠶᠢᠨ ᠰᠠᠮᠠᠭᠤᠷᠠᠯ ᠢ ᠴᠡᠭᠴᠡᠯᠡᠬᠦ ᠴᠢᠬᠤᠯᠠᠳᠠᠢ      ᠲᠦᠷᠦᠭᠦᠦ ᠳᠣᠯᠤᠭ᠎ᠠ ᠨᠠᠢᠮᠠᠨ ᠵᠢᠯ ᠤᠨ ᠡᠮᠦᠨ᠎ᠡ᠂ ᠮᠠᠯᠴᠢᠨ ᠲᠠᠷᠢᠶᠠᠴᠢᠳ ᠵᠢᠭᠡᠯᠡᠯᠭᠡ ᠣᠯᠬᠤ ᠳᠤ ᠶᠡᠭᠡ ᠬᠦᠴᠢᠷ ᠪᠠᠶᠢᠯ᠎ᠠ᠃ ᠣᠨᠴᠠᠭᠠᠶᠢᠯᠠᠨ ᠪᠠᠩᠬᠢ ᠶᠢᠨ ᠵᠢᠭᠡᠯᠡᠯᠭᠡ ᠪᠠᠷᠤᠭ ᠦᠭᠡᠢ ᠪᠠᠶᠢᠵᠠᠢ᠃ ᠣᠳᠣ ᠬᠠᠷᠢᠨ ᠵᠢᠭᠡᠯᠡᠯᠭᠡ ᠲᠠᠯᠪᠢᠬᠤ ᠪᠠᠩᠬᠢ ᠤᠯᠠᠰᠢᠷᠠᠵᠤ ᠪᠤᠢ᠃ ︽ᠮᠠᠯᠴᠢᠳ ᠤᠨ ᠪᠡᠶ᠎ᠡ ᠳᠡᠭᠡᠷ᠎ᠡ ᠬᠠᠮᠤᠭ ᠪᠠᠭ᠎ᠠ ᠳᠠᠭᠠᠨ ᠭᠤᠷᠪᠠᠨ ᠪᠠᠩᠬᠢ ᠶᠢᠨ ᠦᠷᠢ ᠪᠠᠶᠢᠨ᠎ᠠ᠃ ᠰᠢᠤᠳᠠᠨ ᠪᠠᠩᠬᠢ᠂ ᠲᠠᠷᠢᠶᠠᠯᠠᠩ ᠤᠨ ᠪᠠᠩᠬᠢ᠂ ᠢᠲᠡᠭᠡᠮᠵᠢ ᠶᠢᠨ ᠪᠠᠩᠬᠢ ᠭᠡᠳ ᠠᠯᠢ ᠠᠯᠢᠨ ᠳᠤᠨᠢ ᠴᠤ ᠦᠷᠢ ᠵᠢᠭᠡᠯᠡᠯᠭᠡ ᠲᠠᠢ᠂ ᠭᠤᠷᠪᠠᠨ ᠡᠷᠦᠬᠡ ᠪᠠᠷ ᠢᠶᠠᠨ ᠬᠤᠯᠪᠣᠭᠠᠯᠠᠭᠠᠳ ᠵᠢᠭᠡᠯᠡᠪᠡᠯ ᠠᠮᠠᠷᠬᠠᠨ ᠣᠯᠳᠠᠬᠤ ᠶᠤᠮ ᠴᠢᠨᠢ︾ ᠭᠡᠵᠦ ᠤᠷᠠᠳ ᠤᠨ ᠳᠤᠮᠳᠠᠳᠤ ᠬᠤᠰᠢᠭᠤᠨ ᠤ ᠮᠠᠯᠴᠢᠨ ᠬᠦᠭᠵᠢᠯ ᠬᠡᠯᠡᠨ᠎ᠡ᠃      ᠨᠥᠭᠦᠭᠡ ᠲᠠᠯ᠎ᠠ ᠪᠠᠷ ᠬᠤᠪᠢ ᠬᠦᠮᠦᠨ ᠤ ᠦᠨᠳᠦᠷ ᠬᠦᠦ ᠲᠠᠢ ᠵᠢᠭᠡᠯᠡᠯᠭᠡ ᠪᠠ ᠰᠦᠯᠵᠢᠶᠡᠨ ᠤ ᠵᠢᠭᠡᠯᠡᠯᠭᠡ ᠭᠠᠵᠠᠷ ᠰᠠᠢ ᠦᠭᠡᠢ ᠭᠠᠷᠴᠤ ᠢᠷᠡᠪᠡ᠃ ᠵᠠᠷᠢᠮ ᠮᠠᠯᠴᠢᠳ ᠵᠢᠭᠡᠯᠡᠯᠭᠡ ᠶᠢᠨ ᠬᠤᠭᠤᠴᠠᠭ᠎ᠠ ᠲᠤᠯᠵᠤ ᠢᠷᠡᠪᠡᠯ ᠵᠢᠭᠡᠯᠡᠯᠭᠡ ᠪᠠᠨ ᠪᠤᠴᠠᠭᠠᠬᠤ ᠶᠢᠨ ᠲᠥᠯᠥᠭᠡ ᠣᠬᠤᠷ ᠬᠤᠭᠤᠴᠠᠭᠠᠨ ᠤ ᠥᠨᠳᠥᠷ ᠬᠦᠦ ᠲᠠᠢ ᠵᠢᠭᠡᠯᠡᠯᠭᠡ ᠠᠪᠴᠤ᠂ ᠣᠬᠤᠷᠬᠠᠨ ᠬᠤᠭᠤᠴᠠᠭᠠᠨ ᠳᠤ ᠪᠠᠷᠤᠭ ᠪᠤᠴᠠᠭᠠᠴᠢᠬᠠᠨ᠎ᠠ ᠭᠡᠵᠦ ᠪᠣᠳᠣᠳᠠᠭ᠃ ᠬᠡᠷᠡᠭ ᠶᠠᠪᠤᠳᠠᠯ ᠭᠡᠵᠦ ᠰᠠᠨᠠᠭᠠᠨ ᠠᠴᠠ ᠭᠠᠳᠠᠭᠤᠷ ᠭᠡᠳᠡᠭᠴᠢᠯᠡᠨ᠂ ᠮᠠᠯᠵᠢᠬᠤ ᠦᠢᠯᠡᠳᠪᠦᠷᠢᠯᠡᠯ ᠤᠨ ᠦᠷ᠎ᠡ ᠠᠰᠢᠭ ᠲᠡᠶᠢᠮᠦ ᠣᠬᠤᠷᠬᠠᠨ ᠬᠤᠭᠤᠴᠠᠭᠠᠨ ᠳᠤ ᠪᠡᠶᠡᠯᠡᠭᠳᠡᠬᠦ ᠳᠤ ᠬᠦᠴᠢᠷ ᠲᠣᠯᠠ᠂ ᠬᠦᠦ ᠮᠥᠩᠭᠦ ᠠᠴᠠ ᠬᠦᠦ ᠮᠥᠩᠭᠦ ᠲᠥᠷᠥᠵᠦ᠂ ᠳᠠᠬᠢᠨ ᠲᠣᠯᠣᠭᠠᠢ ᠥᠨᠳᠡᠶᠢᠬᠦ ᠳᠤ ᠬᠦᠴᠢᠷ ᠪᠣᠯᠣᠨ᠎ᠠ᠃ ᠨᠡᠩ ᠢᠯᠠᠩᠭᠤᠶ᠎ᠠ ᠬᠥᠮᠥᠨ ᠪᠣᠯᠭᠠᠨ ᠭᠠᠷ ᠤᠲᠠᠰᠤ ᠲᠠᠢ ᠪᠣᠯᠣᠭᠰᠠᠨ᠂ ᠰᠦᠯᠵᠢᠶᠡᠨ ᠤ ᠬᠤᠷᠳᠤᠴᠠ ᠳᠡᠭᠡᠭᠰᠢᠯᠡᠭᠰᠡᠨ ᠵᠡᠷᠭᠡ ᠰᠢᠯᠲᠠᠭᠠᠨ ᠠᠴᠠ ᠪᠣᠯᠵᠤ ᠰᠦᠯᠵᠢᠶᠡᠨ ᠵᠢᠭᠡᠯᠡᠯᠭᠡ ᠣᠯᠬᠤ ᠳᠤ ᠠᠮᠠᠷ ᠪᠣᠯᠵᠤ᠂ ᠲᠡᠷᠡ ᠨᠢ ᠮᠥᠨᠴᠦ ᠥᠨᠳᠥᠷ ᠬᠦᠦ ᠲᠠᠢ ᠵᠢᠭᠡᠯᠡᠯᠭᠡ ᠶᠢᠨ ᠰᠢᠨᠵᠢ ᠴᠢᠨᠠᠷ ᠲᠠᠢ ᠪᠠᠶᠢᠵᠤ᠂ ᠵᠢᠭᠡᠯᠡᠭᠰᠡᠨ ᠲᠡᠷᠡ ᠴᠠᠭ ᠠᠴᠠ ᠪᠠᠨ ᠡᠬᠢᠯᠡᠨ ᠳᠠᠷᠤᠢ ᠬᠠᠷᠠᠩᠭᠤᠢ ᠨᠦᠬᠡᠨ ᠳᠤ ᠣᠷᠣᠭᠰᠠᠨ ᠳᠤ ᠲᠣᠭᠠᠴᠢᠭᠳᠠᠨ᠎ᠠ᠃      ᠵᠢᠭᠡᠯᠡᠯᠭᠡ ᠶᠢᠨ ᠮᠥᠩᠭᠦ ᠳᠤ ᠵᠦᠪ ᠢᠶᠠᠷ ᠬᠠᠨᠳᠤᠬᠤ ᠴᠢᠬᠤᠯᠠᠲᠠᠢ      ᠦᠨᠡᠨᠳᠡᠭᠡᠨ ᠮᠠᠯᠴᠢᠳ ᠤᠨ ᠵᠢᠭᠡᠯᠡᠯᠭᠡ ᠪᠤᠯ ᠮᠠᠯᠴᠢᠳ ᠤᠨ ᠦᠢᠯᠡᠳᠪᠤᠷᠢᠯᠡᠯ ᠠᠮᠢᠳᠤᠷᠠᠯ ᠳᠤ ᠮᠠᠰᠢ ᠲᠤᠰᠠᠲᠠᠢ ᠲᠦᠷᠦ ᠶᠢᠨ ᠪᠤᠲᠤᠯᠭ᠎ᠠ᠃ ᠭᠡᠪᠡᠴᠦ ᠮᠠᠯᠴᠢᠳ ᠵᠢᠭᠡᠯᠡᠯᠭᠡ ᠪᠠᠨ ᠠᠪᠤᠭᠰᠠᠨ ᠤ ᠳᠠᠷᠠᠭ᠎ᠠ ᠨᠠᠷᠢᠨ ᠲᠠᠩᠰᠠ ᠪᠤᠲᠤᠵᠤ ᠴᠢᠳᠠᠬᠤ ᠦᠭᠡᠢ᠂ ᠡᠰᠡᠬᠦᠯ᠎ᠡ ᠲᠥᠯᠥᠪᠯᠡᠭᠡ ᠲᠠᠢ ᠪᠠᠷ ᠵᠠᠷᠤᠵᠤ ᠴᠢᠳᠠᠬᠤ ᠦᠭᠡᠢ᠂ ᠬᠡᠷᠡᠭ ᠦᠭᠡᠢ ᠭᠠᠵᠠᠷ ᠦᠷᠦᠵᠤ ᠪᠠᠶᠢᠭ᠎ᠠ ᠨᠢ ᠤᠯᠠᠨ︔ ᠳᠠᠷᠠᠭ᠎ᠠ ᠨᠢ ᠵᠢᠭᠡᠯᠡᠯᠭᠡ ᠶᠢᠨ ᠬᠤᠭᠤᠴᠠᠭ᠎ᠠ ᠤᠬᠤᠷ᠂ ᠮᠠᠯ ᠠᠵᠤ ᠠᠬᠤᠢ ᠶᠢᠨ ᠡᠷᠬᠢᠯᠲᠡ ᠤᠳᠠᠭᠠᠨ ᠪᠠᠶᠢᠳᠠᠭ ᠠᠴᠠ ᠮᠠᠯᠴᠢᠳ ᠤᠯᠤᠭᠰᠠᠨ ᠵᠢᠭᠡᠯᠡᠯᠭᠡ ᠠᠴᠠ ᠪᠠᠨ ᠠᠰᠢᠭ ᠤᠷᠤᠯᠭ᠎ᠠ ᠤᠯᠬᠤ ᠠᠴᠠ ᠡᠮᠦᠨ᠎ᠠ ᠵᠢᠭᠡᠯᠡᠯᠭᠡ ᠶᠢᠨ ᠬᠤᠭᠤᠴᠠᠭ᠎ᠠ ᠨᠢ ᠲᠤᠯᠵᠤ ᠢᠷᠡᠳᠡᠭ᠃      ᠡᠳᠡᠭᠡᠷ ᠠᠰᠠᠭᠤᠳᠠᠯ ᠢ ᠰᠢᠢᠳᠪᠤᠷᠢᠯᠡᠬᠦ ᠳᠤ ᠶᠠᠭᠤᠨ ᠤ ᠡᠮᠦᠨ᠎ᠠ ᠮᠠᠯᠴᠢᠳ ᠡᠳ᠋ ᠬᠦᠷᠦᠩᠭᠡ ᠪᠠᠨ ᠠᠬᠤᠢᠢᠯᠠᠬᠤ ᠤᠢᠢᠯᠠᠭᠠᠭᠳᠠᠬᠤᠨ ᠢᠶᠠᠨ ᠬᠤᠪᠢᠷᠠᠭᠤᠯᠵᠤ᠂ ᠦᠢᠯᠡᠳᠪᠤᠷᠢᠯᠡᠯ ᠠᠮᠢᠳᠤᠷᠠᠯ ᠳᠠᠭᠠᠨ ᠨᠠᠷᠢᠨ ᠳᠠᠩᠰᠠ ᠪᠤᠲᠤᠬᠤ ᠲᠠᠳᠬᠠᠯ ᠲᠠᠢ ᠪᠤᠯᠬᠤ ᠬᠡᠷᠡᠭᠲᠡᠢ᠃      ᠳᠠᠷᠠᠭ᠎ᠠ ᠳᠤᠨᠢ ᠨᠢᠭᠡᠨᠲᠡ ᠵᠢᠭᠡᠯᠡᠵᠦ ᠣᠯᠣᠭᠰᠠᠨ ᠥᠷᠢ ᠪᠠᠨ ᠲᠥᠯᠥᠬᠦ ᠶᠢᠨ ᠲᠥᠯᠥᠭᠡ᠂ ᠭᠠᠮᠨᠠᠵᠤ ᠠᠷᠪᠢᠯᠠᠬᠤ ᠠᠮᠢᠳᠤᠷᠠᠯ ᠤᠨ ᠳᠠᠳᠬᠠᠯ ᠲᠠᠢ ᠪᠣᠯᠬᠤ ᠬᠡᠷᠡᠭᠲᠡᠢ᠃ ︽ᠣᠷᠣᠯᠭ᠎ᠠ ᠪᠠᠨ ᠨᠡᠮᠡᠭᠳᠡᠭᠦᠯᠵᠦ ᠵᠠᠷᠤᠯᠭ᠎ᠠ ᠪᠠᠨ ᠠᠷᠪᠢᠯᠠᠬᠤ︾ ᠵᠠᠷᠴᠢᠮ ᠢ ᠪᠣᠢ ᠪᠣᠯᠭᠠᠵᠤ᠂ ᠦᠢᠯᠡᠳᠪᠦᠷᠢᠯᠡᠯ ᠤᠨ ᠠᠷᠭ᠎ᠠ ᠮᠠᠶ᠋ᠢᠭ ᠢᠶᠠᠨ ᠬᠤᠪᠢᠷᠠᠭᠤᠯᠵᠤ᠂ ᠦᠷᠡᠭᠳᠡᠯ ᠰᠦᠢᠳᠥᠯ ᠢ ᠪᠠᠭᠠᠰᠬᠠᠬᠤ ᠲᠠᠨᠢᠯᠳᠠ ᠲᠠᠢ ᠪᠣᠯᠵᠤ᠂ ᠭᠠᠴᠢᠭ ᠵᠢᠯ ᠲᠠᠭᠠᠷᠠᠪᠠᠯ ᠲᠠᠷ ᠮᠠᠭᠤ ᠮᠠᠯ ᠢᠶᠠᠨ ᠤᠷᠢᠳᠠᠪᠠᠷ ᠬᠤᠳᠠᠯᠳᠤᠵᠤ᠂ ᠳᠠᠷᠠᠭ᠎ᠠ ᠠᠯᠬᠤᠮ ᠤᠨ ᠵᠠᠷᠤᠯᠭ᠎ᠠ ᠳᠠᠭᠠᠨ ᠪᠡᠯᠡᠳᠭᠡᠯ ᠬᠢᠵᠦ᠂ ᠪᠠᠭ᠎ᠠ ᠰᠠᠭ᠎ᠠ ᠦᠷᠡᠵᠢᠯ ᠤᠨ ᠮᠠᠯ ᠢᠶᠠᠨ ᠦᠯᠡᠳᠡᠭᠡᠵᠦ᠂ ᠡᠪᠡᠰᠦ ᠪᠣᠷᠳᠤᠭ᠎ᠠ ᠪᠠᠨ ᠦᠯᠡᠳᠡᠭᠰᠡᠨ ᠦᠷᠡᠵᠢᠯ ᠤᠨ ᠮᠠᠯ ᠳᠠᠭᠠᠨ ᠶᠡᠬᠡᠬᠡᠨ ᠥᠭᠴᠦ᠂ ᠭᠠᠴᠢᠭ ᠴᠠᠭ ᠢ ᠲᠤᠭᠤᠯᠵᠤ ᠭᠠᠷᠬᠤ ᠪᠡᠯᠡᠳᠬᠡᠯ ᠬᠢᠬᠦ ᠬᠡᠷᠡᠭᠲᠡᠢ᠃      ᠡᠴᠤᠰ ᠲᠤ᠂ ᠨᠠᠮ ᠵᠠᠰᠠᠭ ᠤᠨ ᠲᠠᠯ᠎ᠠ ᠠᠴᠠ ᠵᠢᠭᠡᠯᠡᠯᠭᠡ ᠶᠢᠨ ᠬᠤᠭᠤᠴᠠᠭ᠎ᠠ ᠶᠢ ᠤᠷᠳᠤᠳᠬᠠᠵᠤ᠂ ᠬᠦᠦ ᠮᠥᠩᠭᠦ ᠶᠢᠨ ᠲᠠᠯ᠎ᠠ ᠪᠠᠷ ᠬᠠᠷᠠᠭᠠᠯᠵᠠᠯ ᠦᠵᠡᠭᠦᠯᠵᠦ᠂ ᠵᠢᠭᠡᠯᠡᠯᠭᠡ ᠲᠠᠯᠪᠢᠬᠤ ᠴᠠᠭ ᠢ ᠮᠠᠯᠵᠢᠬᠤ ᠦᠢᠯᠡᠳᠪᠤᠷᠢᠯᠡᠯ ᠤᠨ ᠡᠷᠬᠢᠯᠲᠡ ᠳᠤ ᠲᠤᠬᠢᠷᠠᠭᠤᠯᠤᠨ ᠡᠪᠤᠯ ᠬᠠᠪᠤᠷ ᠤᠨ ᠭᠠᠴᠢᠭ ᠡᠷᠢᠨ ᠳᠤ ᠪᠤᠯᠭᠠᠠ ᠦᠭᠡᠷᠡᠴᠢᠯᠡᠪᠡᠯ ᠵᠤᠬᠢᠰᠲᠠᠢ᠃ ᠨᠥᠭᠦᠭᠡ ᠲᠠᠯ᠎ᠠ ᠪᠠᠷ ᠦᠨᠳᠥᠰᠦᠨ ᠱᠠᠲᠤᠨ ᠤ ᠵᠠᠰᠠᠭ ᠤᠨ ᠣᠷᠳᠣᠨ ᠵᠢᠭᠡᠯᠡᠯᠭᠡ ᠶᠢ ᠬᠡᠷᠬᠢᠨ ᠪᠦᠲᠦᠮᠵᠢᠲᠡᠢ ᠠᠰᠢᠭᠯᠠᠬᠤ᠂ ᠵᠠᠷᠤᠯᠭ᠎ᠠ ᠣᠷᠣᠯᠭ᠎ᠠ ᠪᠠᠨ ᠬᠡᠷᠬᠢᠨ ᠵᠣᠬᠢᠰᠲᠠᠢ ᠲᠥᠯᠥᠪᠯᠡᠬᠦ ᠵᠡᠷᠭᠡ ᠰᠡᠳᠥᠪ ᠢᠶᠠᠷ ᠮᠠᠯᠴᠢᠳ ᠲᠤ ᠤᠯᠠᠨ ᠤᠳᠠᠭᠠᠨ ᠤ ᠪᠣᠯᠪᠠᠰᠤᠷᠠᠯ ᠬᠠᠩᠭᠠᠬᠤ ᠴᠢᠬᠤᠯᠠᠲᠠᠢ᠃      ᠠᠯᠪᠠᠨ ᠤ ᠲᠠᠯ᠎ᠠ ᠠᠴᠠ ᠮᠠᠯᠴᠢᠳ ᠤᠨ ᠵᠢᠭᠡᠯᠡᠯᠭᠡ ᠠᠪᠬᠤ ᠪᠡᠷᠢᠮᠵᠢᠶ ᠎ᠠ ᠶᠢ ᠦᠨᠳᠦᠷ ᠪᠤᠯᠭᠠᠵᠤ᠂ ᠠᠷᠠᠳ ᠤᠨ ᠳᠤᠮᠳᠠᠬᠢ ᠵᠢᠭᠡᠯᠡᠯᠭᠡ ᠲᠠᠯᠪᠢᠬᠤ ᠠᠵᠢᠯᠯᠠᠭ᠎ᠠ ᠶᠢ ᠴᠢᠩᠭ᠎ᠠ ᠴᠠᠭᠠᠵᠠᠯᠠᠨ᠂ ᠮᠠᠯᠴᠢᠳ ᠤᠨ ᠵᠢᠭᠡᠯᠡᠯᠭᠡ ᠪᠠᠷ ᠠᠮᠢᠳᠤᠷᠠᠬᠤ ᠨᠠᠵᠠᠭᠠᠢ ᠰᠤᠷᠲᠠᠯ ᠢ ᠬᠤᠷᠢᠭᠯᠠᠨ ᠦᠬᠡᠶᠢᠰᠭᠡᠬᠦ ᠬᠡᠷᠡᠭᠲᠡᠢ᠃ ᠵᠥᠪᠬᠡᠨ ᠣᠯᠠᠨ ᠲᠠᠯ᠎ᠠ ᠶᠢᠨ ᠬᠠᠮᠵᠢᠯᠴᠠᠭ᠎ᠠ᠂ ᠮᠠᠯᠴᠢᠳ ᠤᠨ ᠲᠤᠰ ᠪᠡᠶ᠎ᠡ ᠶᠢᠨ ᠴᠢᠷᠮᠠᠶᠢᠯᠭ᠎ᠠ ᠶᠢ ᠳᠠᠮᠵᠢᠮᠠᠨᠵᠢᠨ ᠰᠠᠶ᠋ᠢ ᠵᠢᠭᠡᠯᠡᠯᠭᠡ ᠶᠢ ᠵᠥᠪ ᠣᠨᠣᠪᠴᠢᠲᠠᠢ ᠵᠠᠷᠤᠴᠠᠭᠤᠯᠵᠤ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠢ ᠲᠡᠳᠬᠦᠬᠦ ᠵᠣᠷᠢᠯᠭ᠎ᠠ ᠳᠤ ᠬᠦᠷᠴᠤ  ᠴᠢᠳᠡᠨ᠎ᠠ᠃
ᠢᠷᠡᠯᠲᠡ᠄ ᠪᠠᠶᠠᠨ ᠨᠠᠭᠤᠷ ᠤᠨ ᠰᠣᠨᠢᠨ