ᠲᠦᠷᠪᠡᠨ ᠶᠡᠭᠡ ᠬᠤᠲᠠᠯᠠ ᠶᠢ ᠲᠤᠰᠠᠯᠠᠬᠤ ᠰᠦᠮ᠎ᠡ
ᠨᠡᠶᠢᠲᠡᠯᠡᠭᠰᠡᠨ ᠴᠠᠭ᠄
2019/7/25
     ᠦᠵᠡᠮᠵᠢ ᠶᠢᠨ ᠣᠷᠣᠨ ᠤ ᠣᠨᠴᠠᠯᠢᠭ᠄ ᠰᠡᠳᠭᠢᠯ ᠰᠠᠨᠠᠭ᠎ᠠ ᠪᠠᠨ ᠤᠭᠢᠶᠠᠨ᠂ ᠠᠵᠠ ᠵᠢᠷᠭᠠᠯ᠂ ᠬᠦᠰᠡᠯ ᠮᠦᠷᠦᠭᠡᠳᠦᠯ ᠢᠶᠠᠨ ᠪᠡᠶᠡᠯᠡᠭᠦᠯᠬᠦ ᠪᠠᠷ ᠪᠤᠷᠬᠠᠨ ᠳᠤ ᠵᠠᠯᠪᠠᠷᠢᠬᠤ ᠭᠠᠵᠠᠷ      ᠦᠵᠡᠮᠵᠢ ᠶᠢᠨ ᠣᠷᠣᠨ ᠤ ᠲᠣᠪᠴᠢ ᠲᠠᠨᠢᠯᠴᠠᠭᠤᠯᠭ᠎ᠠ᠄ ᠰᠾᠢ ᠳ᠋ᠠ ᠭᠦ᠋ ᠰᠦᠮ᠎ᠡ ᠶᠢ ᠪᠠᠰᠠ ᠬᠤᠲᠠᠯᠠ ᠶᠢ ᠲᠤᠰᠠᠯᠠᠬᠤ ᠰᠦᠮ᠎ᠡ ᠭᠡᠳᠡᠭ᠂ ᠬᠠᠮᠤᠭ ᠡᠷᠲᠡ ᠬᠠᠮᠲᠤᠷᠠᠵᠤ ᠰᠤᠪᠠᠭ ᠢ ᠮᠠᠯᠲᠠᠭᠰᠠᠨ ᠳᠥᠷᠪᠡᠨ ᠬᠥᠮᠥᠨ ᠤ ᠨᠡᠷ᠎ᠡ ᠪᠠᠷ ᠨᠡᠷᠡᠯᠡᠪᠡ᠃ ᠨᠡᠶᠢᠲᠡ ᠶᠢᠨ ᠣᠨ ᠲᠣᠭᠠᠯᠠᠯ 1872 ᠣᠨ ︵ᠪᠦᠷᠢᠨᠲᠦ ᠵᠠᠰᠠᠭᠴᠢ ᠶᠢᠨ ᠠᠷᠪᠠᠨ ᠨᠢᠭᠡᠨ ᠣᠨ︶ ᠳᠤ ᠸᠠᠨ ᠳ᠋ᠧ ᠭᠥᠩ᠂ ᠸᠠᠨ ᠲᠠᠢ ᠭᠥᠩ᠂ ᠰᠧᠴᠤᠸᠠᠨ ᠤ ᠬᠤᠳᠠᠯᠳᠤᠭᠠᠴᠢᠨ ᠭᠥᠸᠧ ᠲᠠᠢ ᠢ᠂ ᠲᠤᠬᠠᠢ ᠶᠢᠨ ᠭᠠᠵᠠᠷ ᠤᠨ ᠲᠣᠮᠣᠭᠠᠲᠠᠨ ᠸᠠᠩ ᠲᠦᠩ ᠴᠦᠨ ᠳᠥᠷᠪᠡᠭᠦᠯᠡ ᠬᠠᠮᠲᠤᠪᠠᠷ ᠯᠣᠣ ᠭᠦᠸᠧ ᠴᠢᠤᠢ ᠰᠤᠪᠠᠭ ᠢ ᠳᠠᠬᠢᠨ ᠵᠠᠰᠠᠵᠤ᠂ ᠰᠤᠪᠠᠭ ᠮᠠᠯᠲᠠᠭᠰᠠᠨ ᠤ ᠳᠠᠷᠠᠭ᠎ᠠ ᠡᠨᠡ ᠰᠦᠮ᠎ᠡ ᠶᠢ ᠪᠠᠶᠢᠭᠤᠯᠪᠠ᠃      ᠪᠠᠶᠢᠭ᠎ᠠ ᠣᠷᠣᠨ ᠪᠠᠶᠢᠷᠢ᠄ ᠦᠶᠤᠶᠠᠨ ᠰᠢᠶᠠᠨ ᠤ ᠬᠤᠲᠠ ᠶᠢᠨ ᠲᠣᠭᠤᠷᠢᠭ ᠠᠴᠠ ᠡᠮᠦᠨᠡᠰᠢ 10 ᠭᠠᠵᠠᠷ ᠤᠨ ᠵᠠᠶᠢᠲᠠᠢ
ᠢᠷᠡᠯᠲᠡ᠄ ᠲᠣᠰ ᠰᠦᠯᠵᠢᠶ᠎ᠡ