ᠮᠤᠩᠭᠤᠯ ᠦᠨᠳᠦᠰᠦᠳᠡᠨ ᠤ ᠤᠷᠠᠨ ᠵᠢᠷᠤᠭ ᠲᠡᠯᠡᠬᠡᠢ ᠶᠢᠨ ᠤᠷᠠᠨ ᠵᠢᠷᠤᠭ ᠤᠨ ᠤᠷᠠᠯᠢᠭ ᠤᠨ ᠬᠦᠭᠵᠢᠯᠳᠠ ᠶᠢ ᠨᠦ᠋ᠯᠦᠬᠡᠯᠡᠵᠤ ᠪᠠᠶᠢᠬᠰᠠᠨ ᠲᠡᠦᠬᠡ ᠲᠠᠢ ᠪᠦᠬᠡᠳ | ᠰᠢᠨ᠎ᠠ ᠴᠠᠭ ᠦᠶ᠎ᠠ ᠳᠤ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠵᠤᠬᠢᠶᠠᠨ ᠪᠦᠳᠦᠬᠡᠯᠬᠡ ᠤᠷᠢᠳ ᠭᠠᠷᠤᠭ᠎ᠠ ᠦᠬᠡᠢ ᠬᠦᠭᠵᠢᠵᠤ᠂ ᠤᠷᠠᠨ ᠵᠢᠷᠤᠬᠴᠢᠳ ᠤᠨ | ᠡᠩᠨᠡᠭᠡ ᠲᠠᠰᠤᠷᠠᠯᠳᠠ ᠦᠬᠡᠢ ᠪᠤᠵᠠᠭᠠᠶᠢᠢᠷᠠᠨ᠂ ᠵᠤᠬᠢᠶᠠᠨ ᠪᠦᠳᠦᠬᠡᠯᠬᠡ ᠶᠢᠨ ᠲᠦᠷᠦᠯ ᠵᠠᠨᠠᠷ ᠪᠡᠶᠡᠯᠢᠬᠵᠢᠵᠤ᠂ ᠤᠷᠠᠯᠢᠭ ᠤᠨ ᠢᠯᠡᠷᠡᠬᠦᠯᠬᠦ ᠠᠷᠭ᠎ᠠ ᠬᠡᠯᠪᠡᠷᠢ | ᠲᠠᠰᠤᠷᠠᠯᠳᠠ ᠦᠬᠡᠢ ᠰᠢᠨ᠎ᠠ ᠶᠢ ᠡᠬᠦᠳᠴᠤ᠂ ᠦᠨᠳᠦᠰᠦᠳᠡᠨ ᠤ ᠤᠨᠴᠠᠯᠢᠭ᠂ ᠤᠷᠤᠨ ᠨᠤᠳᠤᠭ ᠤᠨ ᠤᠨᠴᠠᠯᠢᠭ ᠨᠡᠩ ᠢᠯᠡ ᠲᠤᠳᠤ ᠪᠤᠯᠵᠤ᠂ ᠪᠦᠬᠦ ᠤᠯᠤᠰ ᠤᠨ | ᠤᠷᠠᠨ ᠵᠢᠷᠤᠭ ᠤᠨ ᠲᠠᠪᠴᠠᠩ᠂ ᠴᠢᠨᠠᠬᠰᠢᠯᠠᠨ ᠲᠡᠯᠡᠬᠡᠢ ᠶᠢᠨ ᠤᠷᠠᠨ ᠵᠢᠷᠤᠭ ᠤᠨ ᠲᠠᠪᠴᠠᠩ ᠳᠠᠬᠢ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠦᠪᠡᠷ ᠤᠨ | ᠬᠡᠰᠡᠨ ᠪᠠᠶᠢᠷᠢ ᠰᠠᠭᠤᠷᠢ ᠶᠢ ᠴᠤᠬᠴᠠᠯᠠᠨ ᠪᠠᠳᠤᠳᠬᠠᠬᠰᠠᠭᠠᠷ ᠪᠠᠶᠢᠨ᠎ᠠ᠃ ᠢᠶᠢᠡ ᠬᠦ᠂ ᠪᠡᠬᠡᠵᠢᠩ᠂ ᠲᠠᠶᠢᠸᠠᠨ ᠵᠡᠷᠬᠡ ᠭᠠᠵᠠᠷ ᠤᠷᠤᠨ ᠵᠢᠴᠢ ᠵᠠᠷᠢᠮ ᠭᠠᠳᠠᠭᠠᠳᠤ ᠶᠢᠨ | ᠡᠷᠳᠡᠮᠳᠡᠳ ᠬᠦᠷᠳᠡᠯ᠎ᠡ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠲᠤᠬᠠᠢ ᠤᠨᠤᠯ ᠲᠡᠦᠬᠡ ᠶᠢᠨ ᠰᠤᠳᠤᠯᠭᠠᠨ ᠢ ᠦᠷᠨᠢᠬᠦᠯᠵᠤ᠂ ᠴᠦᠬᠡᠨ ᠪᠤᠰᠤ ᠰᠤᠳᠤᠯᠭᠠᠨ ᠤ | ᠦᠷ᠎ᠠ ᠪᠦᠳᠦᠬᠡᠯ ᠮᠠᠨᠳᠤᠯᠡᠭᠰᠡᠨ ᠪᠠᠶᠢᠨ᠎ᠠ᠃ ᠭᠡᠪᠡᠴᠦ᠂ ᠮᠤᠩᠭᠤᠯ ᠦᠨᠳᠦᠰᠦᠳᠡᠨ ᠤ ᠡᠷᠳᠡᠮᠳᠡᠳ ᠰᠤᠳᠤᠯᠭᠠᠳᠠᠳ ᠠᠴᠠ ᠦᠨᠳᠦᠰᠦᠳᠡᠨ ᠤ ᠪᠠᠨ ᠤᠷᠠᠨ ᠵᠢᠷᠤᠭ ᠤᠨ | ᠤᠨᠤᠯ ᠲᠡᠦᠬᠡ ᠶᠢᠨ ᠲᠠᠯ᠎ᠠ ᠪᠠᠷ ᠰᠢᠰᠲ᠋ᠧᠮ ᠲᠠᠢ ᠰᠤᠳᠤᠯᠤᠭᠰᠠᠨ ᠨᠢ ᠴᠦᠬᠡᠨ᠂ ᠰᠤᠳᠤᠯᠭᠠᠨ ᠤ ᠲᠤᠷᠪᠢᠯᠢᠭ ᠪᠦᠳᠦᠭᠡᠯ ᠤᠯᠠᠨ ᠬᠠᠷᠠᠭᠳᠠᠬᠤ ᠦᠭᠡᠢ᠃ ᠰᠢᠨ᠎ᠠ ᠴᠠᠭ | ᠦᠶ᠎ᠠ ᠶᠢᠨ ᠤᠳᠬ᠎ᠠ ᠤᠷᠠᠯᠢᠭ ᠤᠨ ᠬᠦᠭᠵᠢᠯᠳᠡ ᠨᠢ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠤᠨᠤᠯ ᠰᠤᠳᠤᠯᠤᠯ ᠤᠨ ᠠᠵᠢᠯ ᠢ ᠲᠤᠯᠭᠠᠮ ᠱᠠᠭᠠᠷᠳᠠᠵᠤ ᠪᠤᠢ᠃ | ᠡᠨᠡ ᠲᠤᠬᠠᠢ ᠰᠤᠷᠪᠤᠯᠵᠢᠯᠠᠬᠴᠢ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠦᠨᠳᠦᠰᠦᠳᠡᠨ ᠤ ᠤᠷᠠᠯᠢᠭ ᠤᠨ ᠲᠡᠬᠡᠳᠤ ᠰᠤᠷᠭᠠᠭᠤᠯᠢ ᠶᠢᠨ | ᠵᠡᠬᠢᠷᠤᠯ᠂ ᠤᠷᠠᠨ ᠵᠢᠷᠤᠭ ᠤᠨ ᠲᠡᠦᠬᠡ ᠶᠢᠨ ᠳ᠋ᠤᠺᠲ᠋ᠤᠷ ᠦᠯᠵᠡᠢ ᠪᠠᠭᠰᠢ ᠶᠢ ᠰᠤᠷᠪᠤᠯᠵᠢᠯᠠᠬᠰᠠᠨ ᠪᠢᠯᠠ᠃ | ᠰᠤᠷᠪᠤᠯᠵᠢᠯᠠᠬᠴᠢ᠄ ᠤᠶᠢᠢᠯᠠᠭᠠᠭᠰᠠᠨ ᠢᠶᠠᠷ᠂ ᠦᠬᠡᠷᠡᠴᠢᠯᠠᠯᠳᠠ ᠨᠡᠬᠡᠬᠡᠯᠳᠡ ᠬᠢᠭᠰᠡᠨ ᠠᠴᠠ ᠨᠠᠭᠠᠰᠢ᠂ ᠮᠤᠩᠭᠤᠯ ᠦᠨᠳᠦᠰᠦᠳᠡᠨ ᠤ ᠤᠷᠠᠨ ᠵᠢᠷᠤᠬᠴᠢᠳ ᠤᠨ | ᠡᠩᠨᠡᠭᠡ ᠲᠠᠰᠤᠷᠠᠯᠳᠠ ᠦᠬᠡᠢ ᠪᠤᠵᠠᠭᠠᠶᠢᠢᠷᠠᠵᠤ᠂ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠦᠢᠯᠡᠰ ᠤᠨ ᠦᠷᠨᠢᠨ ᠬᠦᠭᠵᠢᠭᠰᠡᠨ ᠰᠠᠶᠢᠨ ᠰᠠᠶᠢᠬᠠᠨ ᠪᠠᠶᠢᠳᠠᠯ ᠢ | ᠪᠤᠢ ᠪᠤᠯᠭᠠᠬᠰᠨᠨ ᠪᠠᠶᠢᠨ᠎ᠠ᠃ ᠭᠡᠪᠡᠴᠦ᠂ ᠤᠷᠠᠨ ᠵᠢᠷᠤᠭ ᠤᠨ ᠤᠨᠤᠯ ᠰᠤᠳᠤᠯᠭᠠᠨ ᠮᠦᠨ ᠬᠦ ᠢᠪᠴᠦᠦ ᠬᠦᠷᠢᠶ᠎ᠠ ᠳᠤ ᠡᠷᠬᠢᠯᠳᠦᠵᠤ᠂ ᠬᠠᠷᠢᠴᠠᠩᠭᠤᠢ ᠪᠠᠷ | ᠬᠤᠴᠤᠷᠤᠩᠭᠤᠢ ᠪᠦᠬᠡᠳ ᠪᠠᠭᠤᠷᠠᠢ ᠪᠠᠶᠢᠨ᠎ᠠ᠃ ᠲᠡ ᠡᠨᠡ ᠲᠠᠯ᠎ᠠ ᠪᠠᠷ ᠲᠠᠶᠢᠯᠪᠤᠷᠢᠯᠠᠭᠠᠳ ᠦᠭᠬᠦᠨᠡᠦ︖ | ᠦᠯᠵᠡᠢ᠄ ᠡᠷᠳᠡ ᠦᠶ᠎ᠠ ᠳᠤ᠂ ᠲᠠᠯ᠎ᠠ ᠨᠤᠳᠤᠭ ᠤᠨ ᠲᠤᠷᠭᠠᠨ ᠵᠠᠮ ᠢᠶᠠᠷ ᠲᠡᠮᠵᠢᠭᠠᠳ ᠮᠤᠩᠭᠤᠯ ᠦᠨᠳᠦᠰᠦᠳᠡᠨ ᠤ ᠰᠤᠶᠤᠯ ᠲᠡᠯᠡᠬᠡᠢ ᠳ᠋ᠡᠬᠢᠨ᠎ᠠ ᠲᠠᠷᠬᠠᠨ | ᠲᠡᠯᠬᠡᠷᠡᠵᠤ᠂ ᠲᠡᠯᠡᠬᠡᠢ ᠳ᠋ᠡᠬᠢᠨ ᠢ ᠨᠦᠯᠦᠬᠡᠯᠡᠵᠤ ᠶᠠᠪᠤᠬᠰᠨᠨ ᠲᠡᠦᠬᠡ ᠲᠠᠢ ᠪᠢᠯᠡ᠃ ᠲᠡᠯᠡᠬᠡᠢ ᠳ᠋ᠡᠬᠢᠨ ᠢ ᠨᠦᠯᠦᠬᠡᠯᠡᠭᠰᠡᠨ ᠮᠤᠩᠭᠤᠯ ᠦᠨᠳᠦᠰᠦᠳᠡᠨ ᠤ ᠰᠤᠶᠤᠯ ᠤᠨ | ᠲᠤᠳᠤᠷᠠᠬᠢ ᠨᠢᠬᠡ ᠨᠢ ᠪᠤᠯ ᠮᠤᠩᠭᠤᠯ ᠦᠨᠳᠦᠰᠦᠳᠡᠨ ᠤ ᠤᠷᠨᠨ ᠵᠢᠷᠤᠭ ᠪᠤᠯᠬᠤ ᠶᠤᠮ᠃ ᠵᠢᠱᠢᠶᠡᠯᠡᠪᠡᠯ᠂ ᠪᠠᠷᠠᠭᠤᠨ ᠠᠽᠢᠶ᠎ᠠ ᠶᠢᠨ ᠢᠷᠡᠨ᠂ ᠲᠦᠷᠺ ᠵᠡᠷᠬᠡ ᠤᠯᠤᠰ | ᠤᠷᠤᠨ ᠪᠤᠯ ᠢᠰᠯᠠᠮ ᠤᠨ ᠱᠠᠰᠢᠨ ᠢ ᠰᠢᠳᠦᠳᠡᠭ ᠭᠠᠵᠠᠷ ᠤᠷᠤᠨ᠂ ᠬᠡᠪᠡᠴᠤ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠨᠦᠯᠦᠬᠡᠯᠡᠯ ᠲᠤᠤᠷ᠎ᠠ ᠡᠳᠡᠬᠡᠷ ᠭᠠᠵᠠᠷ | ᠤᠷᠤᠨ ᠳᠤ ︽ᠨᠠᠷᠢᠯᠢᠭ ᠵᠢᠷᠤᠭ︾ ᠬᠡᠵᠤ ᠤᠯᠠᠮᠵᠢᠯᠠᠬᠳᠠᠨ ᠲᠡᠯᠬᠡᠷᠡᠵᠤ ᠡᠳᠦᠬᠡ ᠪᠤᠯᠳᠠᠯ᠎ᠠ ᠦᠯᠡᠳᠡᠭᠰᠡᠨ ᠪᠠᠶᠢᠨ᠎ᠠ᠃ ᠡᠨᠡ ᠨᠢ ᠠᠷᠪᠠᠨ ᠭᠤᠷᠪᠠᠳᠤᠭᠠᠷ ᠵᠠᠭᠤᠨ ᠠᠴᠠ | ᠨᠠᠭᠠᠰᠢ ᠮᠤᠩᠭᠤᠯ ᠦᠨᠳᠦᠰᠦᠳᠡᠨ ᠤ ᠤᠷᠠᠨ ᠵᠢᠷᠤᠭ ᠨᠢ ᠲᠡᠯᠡᠬᠡᠢ ᠶᠢᠨ ᠤᠯᠠᠨ ᠤᠯᠤᠰ ᠬᠦᠷᠦᠨ ᠢ ᠨᠦᠯᠦᠬᠡᠯᠡᠭᠰᠡᠨ ᠬᠡᠳᠡᠭ ᠢ ᠬᠦᠢᠴᠡᠳ ᠬᠠᠷᠠᠭᠤᠯᠵᠤ ᠪᠠᠶᠢᠨ᠎ᠠ᠃ | ᠡᠶᠢᠮᠦ ᠠᠴᠠ᠂ ᠮᠤᠩᠭᠤᠯ ᠦᠨᠳᠦᠰᠦᠳᠡᠨ ᠤ ᠤᠷᠠᠨ ᠵᠢᠷᠤᠬ ᠪᠤᠯ ᠦᠨᠢ ᠤᠳᠠᠭᠠᠨ ᠲᠡᠦᠬᠡ ᠲᠠᠢ᠃ ᠪᠠᠰᠠ ᠵᠢᠱᠢᠶᠡᠯᠡᠪᠡᠯ᠂ ᠶᠤᠸᠠᠨ ᠤᠯᠤᠰ ᠤᠨ ᠦᠶ᠎ᠠ ᠶᠢᠨ ᠤᠯᠠᠨ | ᠬᠠᠭᠠᠨ ᠪᠡ ᠢᠵᠠᠭᠤᠷᠳᠠᠨ ᠴᠦᠮ ᠮᠤᠩᠭᠤᠯ ᠦᠨᠳᠦᠰᠦᠳᠡᠨ ᠤ ᠤᠷᠠᠨ ᠵᠢᠷᠤᠭ ᠲᠤ ᠪᠠᠭ᠋ᠠᠳᠠᠢ ᠪᠠᠶᠢᠵᠠᠢ᠃ ᠲᠤᠭᠤᠨᠳᠠᠮᠤᠷ ᠬᠠᠭᠠᠨ ᠴᠤ ᠵᠢᠷᠤᠭ ᠵᠢᠷᠤᠬᠤ ᠲᠤᠷᠠᠳᠠᠢ | ᠪᠠᠶᠢᠭᠰᠠᠨ᠂ ᠢᠯᠠᠩᠭᠤᠶ᠎ᠠ ᠲᠡᠬᠦᠨ ᠤ ᠡᠬᠡᠴᠢ ᠰᠡᠩᠬᠡᠷᠡᠰᠢ ᠬᠦᠩᠵᠦ ᠤᠷᠠᠨ ᠵᠢᠷᠤᠭ ᠵᠢᠷᠤᠬᠤ ᠲᠤᠷᠠᠳᠠᠢ ᠪᠦᠬᠡᠳ ᠤᠯᠠᠨ ᠠᠷᠪᠢᠨ ᠤᠷᠠᠨ ᠵᠢᠷᠤᠭ ᠤᠨ ᠪᠦᠳᠦᠬᠡᠯ ᠢ | ᠬᠠᠳᠠᠭᠠᠯᠠᠵᠤ ᠴᠤᠬᠯᠠᠭᠤᠯᠤᠬᠰᠠᠨ ᠢᠶᠠᠷ ᠢᠶᠠᠨ ᠮᠠᠨ ᠤ ᠤᠯᠤᠰ ᠤᠨ ᠤᠷᠠᠨ ᠵᠢᠷᠤᠭ ᠤᠨ ᠲᠡᠦᠬᠡᠨ ᠲᠡᠬᠡᠷ᠎ᠡ ᠠᠯᠳᠠᠷᠳᠠᠢ ᠶᠤᠮ᠃ ᠤᠳᠤ ᠶᠢᠨ ᠲᠠᠶᠢᠸᠠᠨ ᠤ ᠮᠦᠽᠧᠢ ᠳᠤ | ᠬᠠᠳᠠᠭᠠᠯᠠᠬᠳᠠᠵᠤ ᠪᠠᠶᠢᠭ᠎ᠠ ᠤᠷᠠᠨ ᠵᠢᠷᠤᠭ ᠤᠨ ᠪᠦᠳᠦᠬᠡᠯ ᠤᠨ ᠤᠯᠠᠩᠬᠢ ᠨᠢ ᠰᠡᠩᠬᠡᠷᠡᠰᠢ ᠬᠦᠩᠵᠤ ᠶᠢᠨ ᠭᠠᠷ ᠢᠶᠠᠷ ᠲᠡᠮᠵᠢᠨ ᠦᠯᠡᠳᠡᠭᠳᠡᠵᠤ ᠬᠤᠴᠤᠷᠤᠬᠰᠠᠨ ᠶᠤᠮ᠃ | | ᠰᠢᠨ᠎ᠠ ᠴᠠᠭ ᠦᠶ᠎ᠠ ᠳᠤ ᠬᠦᠷᠴᠤ ᠢᠷᠡᠬᠡᠳ ᠮᠤᠩᠭᠤᠯ ᠦᠨᠳᠦᠰᠦᠳᠡᠨ ᠤ ᠤᠷᠠᠨ ᠵᠢᠷᠤᠭ ᠮᠦᠨ ᠬᠦ ᠦᠨᠳᠦᠰᠦᠳᠡᠨ ᠤ ᠦᠪᠡᠷᠮᠢᠴᠡ ᠤᠨᠴᠠᠯᠢᠭ ᠢᠶᠠᠷ ᠢᠶᠠᠨ | ᠦᠪᠦᠷ ᠮᠤᠩᠭᠤᠯ ᠤᠨ ᠲᠠᠯ᠎ᠠ ᠨᠤᠳᠤᠭ ᠤᠨ ᠤᠷᠠᠨ ᠵᠢᠷᠤᠭ ᠤᠨ ᠤᠷᠤᠰᠬᠠᠯ ᠪᠦᠯᠦᠭ ᠬᠡᠮᠡᠨ ᠨᠡᠷᠡᠶᠢᠳᠦᠭᠳᠡᠵᠤ᠂ ᠲᠤᠮᠳᠠᠳᠤ ᠤᠯᠤᠰ ᠤᠨ ᠤᠷᠠᠨ ᠵᠢᠷᠤᠭ ᠤᠨ | ᠲᠡᠪᠴᠡᠩ ᠲᠡᠭᠡᠷ᠎ᠡ ᠦᠪᠡᠷ ᠤᠨ ᠬᠡᠰᠡᠨ ᠨᠡᠷ᠎ᠡ ᠨᠦᠯᠦᠬᠡ ᠪᠠᠨ ᠪᠠᠳᠤᠯᠠᠵᠤ᠂ ᠤᠨᠴᠠᠭᠠᠢ ᠪᠠᠶᠢᠷᠢ ᠰᠠᠭᠤᠷᠢ ᠪᠠᠨ ᠡᠵᠡᠯᠡᠭᠰᠡᠬᠡᠷ ᠪᠠᠶᠢᠨ᠎ᠠ᠃ ᠬᠡᠪᠡᠴᠤ ᠤᠷᠠᠨ ᠵᠢᠷᠤᠬ ᠤᠨ | ᠵᠤᠬᠢᠶᠠᠨ ᠪᠦᠳᠦᠬᠡᠯᠬᠡ ᠶᠢᠨ ᠦᠷᠨᠢᠯ ᠬᠦᠭᠵᠢᠯ ᠤᠨ ᠪᠠᠶᠢᠳᠠᠯ ᠯᠤᠭ᠎ᠠ ᠬᠠᠷᠢᠴᠠᠭᠤᠯᠪᠠᠯ᠂ ᠤᠷᠠᠨ ᠵᠢᠷᠤᠭ ᠤᠨ ᠲᠡᠦᠬᠡ ᠪᠠ ᠤᠨᠤᠯ ᠤᠨ ᠰᠤᠳᠤᠯᠤᠯ ᠤᠨ ᠬᠦᠴᠦᠨ | ᠲᠦᠢᠯ ᠤᠨ ᠪᠠᠭᠤᠷᠠᠢ ᠪᠠᠶᠢᠬᠰᠠᠭᠠᠷ ᠬᠡᠳᠡᠭ ᠢᠶᠠᠨ ᠪᠢᠳᠠ ᠵᠠᠪᠠᠯ ᠮᠡᠳᠡᠷᠡᠬᠦ ᠬᠡᠷᠡᠭᠳᠡᠢ᠃ ᠮᠤᠩᠭᠤᠯ ᠦᠨᠳᠦᠰᠤᠳᠡᠨ ᠤ ᠤᠷᠠᠨ ᠵᠢᠷᠤᠭ ᠤᠨ ᠤᠨᠤᠯ ᠰᠤᠳᠤᠯᠭᠠᠨ ᠤ ᠠᠵᠢᠯ | ᠮᠠᠨ ᠤ ᠨᠢᠳᠤᠨ ᠡᠮᠦᠨᠡᠬᠢ ᠲᠤᠯᠭᠠᠮ ᠠᠰᠠᠭᠤᠳᠠᠯ ᠪᠤᠯᠤᠭᠠᠳ ᠪᠤᠢ᠃ | ᠰᠤᠷᠪᠤᠯᠵᠢᠯᠠᠬᠴᠢ᠄ ᠪᠤᠳᠠᠳᠠᠢ ᠶᠠᠷᠢᠪᠠᠯ︖ | ᠦᠯᠵᠡᠢ᠄ ᠮᠡᠳᠡᠭᠡᠵᠢ ᠪᠠᠷ᠂ ᠬᠢᠳᠠᠨ ᠦᠨᠳᠦᠰᠦᠳᠡᠨ ᠪᠤᠯ ᠮᠤᠩᠭᠤᠯ ᠦᠨᠳᠦᠰᠦᠳᠡᠨ ᠲᠠᠢ ᠠᠳᠠᠯᠢᠬᠠᠨ ᠢᠶᠠᠷ ᠤᠮᠠᠷᠠᠳᠤ ᠶᠢᠨ ᠨᠡᠬᠦᠳᠡᠯᠴᠢᠨ ᠦᠨᠳᠦᠰᠦᠳᠡᠨ | ᠪᠤᠯᠤᠨ᠎ᠠ᠃ ᠬᠡᠬᠦ ᠳᠤ᠂ ᠬᠢᠳᠡᠨ ᠤ ᠤᠷᠠᠨ ᠵᠢᠷᠤᠭ ᠤᠨ ᠲᠤᠬᠠᠢ ᠰᠤᠳᠤᠯᠵᠤ ᠪᠠᠶᠢᠭ᠎ᠠ ᠡᠷᠳᠡᠮᠳᠡᠳ ᠲᠤᠩ ᠤᠯᠠᠨ ᠪᠠᠶᠢᠵᠤ᠂ ᠬᠠᠷᠢᠨ ᠲᠡᠯᠡᠬᠡᠢ ᠳ᠋ᠡᠬᠢᠨ ᠤ ᠤᠯᠠᠨ | ᠤᠯᠤᠰ ᠬᠦᠷᠦᠨ ᠤ ᠤᠷᠠᠨ ᠵᠢᠷᠤᠭ ᠤᠨ ᠤᠷᠠᠯᠢᠭ ᠤᠨ ᠬᠦᠭᠵᠢᠯᠳᠠ ᠶᠢ ᠨᠦᠯᠦᠬᠡᠯᠡᠵᠤ ᠶᠠᠪᠤᠬᠰᠨᠨ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠲᠤᠬᠠᠢ | ᠰᠤᠳᠤᠯᠤᠬᠴᠢᠳ ᠲᠤᠩ ᠴᠦᠬᠡᠨ ᠪᠠᠶᠢᠨ᠎ᠠ᠃ ᠮᠢᠨᠦ ᠦᠵᠡᠬᠦ ᠪᠠᠷ᠂ ᠡᠬᠦᠨ ᠤ ᠭᠤᠤᠯ ᠰᠢᠯᠳᠠᠭᠠᠨ ᠨᠢ᠂ ᠬᠢᠳᠡᠨ ᠦᠨᠳᠦᠰᠦᠳᠡᠨ ᠤ ᠤᠷᠠᠨ ᠵᠢᠷᠤᠭ ᠨᠢ ᠲᠤᠮᠳᠠᠳᠤ | ᠤᠷᠤᠨ ᠤ ᠬᠢᠳᠡᠳ ᠦᠨᠳᠦᠰᠦᠳᠡᠨ ᠤ ᠤᠷᠨᠨ ᠵᠢᠷᠤᠭ ᠤᠨ ᠨᠦᠯᠦᠬᠡ ᠶᠢ ᠬᠦᠨ ᠬᠦᠷᠳᠡᠭᠰᠡᠨ ᠢᠶᠠᠷ ᠦᠨᠳᠦᠰᠦᠳᠡᠨ ᠤ ᠤᠨᠴᠠᠯᠢᠭ ᠤᠨ ᠲᠠᠯ᠎ᠠ ᠪᠠᠷ ᠮᠤᠩᠭᠤᠯ | ᠦᠨᠳᠦᠰᠦᠳᠡᠨ ᠤ ᠬᠢ ᠰᠢᠭ ᠲᠡᠶᠢᠮᠦ ᠲᠤᠪᠤᠶᠢᠮ᠎ᠠ ᠪᠢᠰᠢ᠂ ᠲᠦᠷᠦᠯ ᠵᠠᠨᠠᠷ ᠤᠨ ᠬᠤᠪᠢ ᠳᠤ ᠬᠡᠰᠡᠨ ᠤᠯᠠᠨ ᠪᠢᠰᠢ᠃ ᠪᠠᠰᠠ ᠨᠢᠬᠡ ᠰᠢᠯᠳᠠᠭᠠᠨ ᠨᠢ᠂ ᠬᠢᠳᠡᠨ ᠤ | ᠤᠷᠠᠨ ᠵᠢᠷᠤᠭ ᠠᠴᠠ ᠤᠮᠠᠷᠠᠳᠤ ᠰᠦᠩ ᠤᠯᠤᠰ ᠤᠨ ᠦᠶ᠎ᠠ ᠶᠢᠨ ᠤᠷᠠᠨ ᠵᠢᠷᠤᠭ ᠤᠨ ᠬᠦᠭᠵᠢᠯᠳᠠ ᠶᠢᠨ ᠪᠠᠶᠢᠳᠠᠯ ᠢ ᠤᠶᠢᠢᠯᠠᠭᠠᠵᠤ ᠪᠤᠯᠤᠨ᠎ᠠ᠃ ᠡᠳᠡᠬᠡᠷ ᠨᠢ ᠴᠦᠮ | ᠤᠯᠠᠨ ᠡᠷᠳᠡᠮᠳᠡᠳ ᠤᠨ ᠬᠢᠳᠡᠨ ᠦᠨᠳᠦᠰᠦᠳᠡᠨ ᠤ ᠤᠷᠨᠨ ᠵᠢᠷᠤᠭ ᠢ ᠰᠤᠳᠤᠯᠬᠤ ᠶᠢᠨ ᠰᠢᠯᠳᠠᠭᠠᠨ ᠪᠤᠯᠵᠠᠢ᠃ | ᠤᠳᠤᠬᠠᠨ ᠪᠤᠯᠳᠠᠯ᠎ᠠ ᠬᠢᠳᠡᠳ ᠬᠡᠯᠡ ᠪᠠᠷ ᠬᠡᠪᠯᠡᠭᠳᠡᠭᠰᠡᠨ ᠲᠤᠮᠳᠠᠳᠤ ᠤᠯᠤᠰ ᠤᠨ ᠤᠷᠠᠨ ᠵᠢᠷᠤᠭ ᠤᠨ ᠲᠡᠦᠬᠡ ᠶᠢᠨ ᠨᠤᠮ ᠲᠡᠪᠳᠡᠷ ᠲᠤ᠂ ︽ᠮᠤᠩᠭᠤᠯ | ᠦᠨᠳᠦᠰᠦᠳᠡᠨ ᠤ ᠤᠷᠠᠨ ᠵᠢᠷᠤᠭ︾ ᠬᠡᠮᠡᠬᠦ ᠲᠤᠰᠬᠠᠢ ᠬᠡᠰᠡᠭ ᠪᠤᠯᠤᠩ ᠢᠶᠠᠷ ᠰᠢᠰᠲ᠋ᠧᠮ ᠲᠠᠢ ᠲᠠᠨᠢᠯᠴᠠᠭᠤᠯᠤᠬᠰᠠᠨ ᠪᠠᠶᠢᠳᠠᠯ ᠬᠠᠷᠠᠬᠳᠠᠭᠠ ᠦᠬᠡᠢ᠂ ᠬᠠᠷᠢᠨ ︽ᠬᠢᠳᠡᠨ | ᠦᠨᠳᠦᠰᠦᠳᠡᠨ ᠤ ᠤᠷᠠᠨ ᠵᠢᠷᠤᠭ︾ ᠬᠡᠵᠤ ᠤᠯᠠᠩᠬᠢ ᠨᠤᠮ ᠲᠠᠪᠳᠡᠷ ᠲᠤ ᠲᠤᠰᠬᠠᠢ ᠪᠤᠯᠤᠩ ᠢᠶᠠᠷ ᠲᠠᠨᠢᠯᠴᠠᠭᠤᠯᠤᠬᠳᠠᠬᠰᠠᠨ ᠪᠠᠶᠢᠨ᠎ᠠ᠃ ᠡᠨᠡ ᠨᠢ ᠮᠤᠩᠭᠤᠯ | ᠦᠨᠳᠦᠰᠦᠳᠡᠨ ᠤ ᠤᠷᠠᠨ ᠵᠢᠷᠤᠭ ᠤᠨ ᠤᠨᠤᠯ ᠰᠤᠳᠤᠯᠭᠠᠨ ᠤ ᠪᠠᠶᠢᠳᠠᠯ ᠢ ᠬᠦᠢᠴᠡᠳ ᠬᠠᠷᠠᠭᠤᠯᠵᠤ ᠪᠤᠯᠤᠨ᠎ᠠ᠃ ᠤᠳᠤᠬᠠᠨ ᠂ ᠮᠤᠩᠭᠤᠯ ᠦᠨᠳᠦᠰᠦᠳᠡᠨ ᠤ ᠤᠷᠠᠨ | ᠵᠢᠷᠤᠭ ᠤᠨ ᠤᠨᠤᠯ ᠲᠡᠦᠬᠡ ᠶᠢ ᠰᠤᠳᠤᠯᠵᠤ ᠪᠠᠶᠢᠭ᠎ᠠ ᠬᠦᠮᠦᠰ ᠤᠨ ᠤᠯᠠᠩᠬᠢ ᠨᠢ ᠬᠢᠳᠡᠳ ᠦᠨᠳᠦᠰᠦᠳᠡᠨ ᠤ ᠡᠷᠳᠡᠮᠳᠡᠳ ᠪᠤᠯᠬᠤ ᠪᠦᠬᠡᠳ ᠶᠤᠸᠠᠨ᠂ ᠮᠢᠩ | ᠤᠯᠤᠰ ᠤᠨ ᠦᠶ᠎ᠠ ᠶᠢᠨ ᠮᠤᠩᠭᠤᠯ ᠦᠨᠳᠦᠰᠦᠳᠡᠨ ᠤ ᠤᠷᠠᠨ ᠵᠢᠷᠤᠭ ᠢ ᠰᠤᠳᠤᠯᠵᠤ ᠪᠠᠶᠢᠭ᠎ᠠ ᠨᠢ ᠤᠯᠠᠨ᠃ ᠵᠢᠱᠢᠶᠡᠯᠡᠪᠡᠯ᠂ ᠡᠾᠧ ᠬᠤᠢ ᠵᠢᠶᠠᠨ ᠤ ︽ᠮᠤᠩᠭᠤᠯ ᠤᠨ | ᠨᠤᠶᠠᠷᠬᠠᠯ ᠲᠤᠤᠷᠠᠬᠢ ᠶᠤᠸᠠᠨ ᠤᠯᠤᠰ ᠤᠨ ᠦᠶ᠎ᠠ ᠶᠢᠨ ᠤᠷᠠᠨ ᠵᠢᠷᠤᠭ︾ ᠬᠡᠬᠦ ᠪᠦᠳᠦᠬᠡᠯ ᠠᠮᠧᠷᠢᠺᠠ ᠤᠯᠤᠰ ᠲᠤ ᠬᠡᠪᠯᠡᠭᠳᠡᠭᠰᠡᠨ ᠪᠠᠶᠢᠨ᠎ᠠ᠃ ᠬᠤᠩ ᠽᠠᠢ ᠰᠢᠨ ᠤ | ︽ᠮᠤᠩᠭᠤᠯ ᠦᠨᠳᠦᠰᠦᠳᠡᠨ ᠤ ᠤᠷᠨᠨ ᠵᠢᠷᠤᠭ ᠤᠨ ᠲᠡᠦᠬᠡ︾᠃ ᠪᠡᠬᠡᠵᠢᠩ ᠤᠨ ᠬᠠᠭᠠᠨ ᠤ ᠤᠷᠳᠤᠨ ᠳᠤ ᠠᠵᠢᠯᠯᠠᠵᠤ ᠪᠠᠶᠢᠬᠰᠠᠨ ᠢᠤᠢ ᠬᠤᠢ ᠶᠢᠨ ︽ᠶᠤᠸᠠᠨ | ᠤᠯᠤᠰ ᠤᠨ ᠬᠠᠭᠠᠨ ᠤ ᠤᠷᠳᠤᠨ ᠤ ᠤᠷᠨᠨ ᠵᠢᠷᠤᠭ ᠤᠨ ᠪᠠᠶᠢᠭᠤᠯᠤᠮᠵᠢ ᠶᠢᠨ ᠲᠤᠬᠠᠢ︾᠂ ︽ᠶᠤᠸᠠᠨ ᠤᠯᠤᠰ ᠤᠨ ᠬᠠᠭᠠᠨ ᠤ ᠤᠷᠳᠤᠨ ᠤ ᠤᠷᠠᠨ ᠵᠢᠷᠤᠭ ᠤᠨ | ᠲᠡᠦᠬᠡ ᠶᠢᠨ ᠰᠤᠳᠤᠨ ᠪᠦᠳᠦᠬᠡᠯ ᠤᠨ ᠲᠤᠬᠠᠢ ᠬᠠᠶᠢᠯᠳᠠ︾᠂ ︽ᠶᠤᠸᠠᠨ ᠤᠯᠤᠰ ᠤᠨ ᠬᠠᠭᠠᠨ ᠤ ᠤᠷᠳᠤᠨ ᠤ ᠤᠷᠠᠨ ᠵᠢᠷᠤᠭ ᠤᠨ ᠰᠤᠳᠤᠯᠤᠯ︾ ᠬᠡᠬᠦ ᠵᠡᠷᠬᠡ | ᠤᠯᠠᠨ ᠪᠦᠳᠦᠬᠡᠯ ᠤᠳ ᠬᠡᠪᠯᠡᠭᠳᠡᠭᠰᠠᠨ ᠪᠠᠶᠢᠨ᠎ᠠ᠃ ᠡᠬᠦᠨ ᠠᠴᠠ ᠭᠠᠳᠠᠨ᠎ᠠ ᠪᠠᠰᠠ᠂ ᠪᠡᠬᠡᠵᠢᠩ ᠤᠨ ᠡᠷᠳᠡᠮᠳᠡᠨ ᠴᠧᠨ ᠵᠤᠤ ᠹᠦ᠋ ᠶᠢᠨ ᠨᠠᠶᠢᠷᠠᠭᠤᠯᠵᠤ ᠪᠢᠴᠢᠭᠰᠡᠨ ︽ | ᠲᠤᠮᠳᠠᠳᠤ ᠤᠯᠤᠰ ᠤᠨ ᠴᠦᠬᠡᠨ ᠲᠤᠭᠠᠳᠤ ᠦᠨᠳᠦᠰᠦᠳᠡᠨ ᠤ ᠤᠷᠠᠨ ᠵᠢᠷᠤᠭ ᠤᠨ ᠲᠡᠦᠬᠡ︾ ᠬᠡᠬᠦ ᠪᠦᠳᠦᠬᠡᠯ ᠳᠤ ᠮᠤᠩᠭᠤᠯ ᠦᠨᠳᠦᠰᠦᠳᠡᠨ ᠤ ᠤᠷᠠᠨ ᠵᠢᠷᠤᠭ ᠢ | ᠲᠤᠰᠬᠠᠢ ᠬᠡᠰᠡᠭ ᠪᠦᠯᠦᠭ ᠢᠶᠠᠷ ᠲᠡᠶᠢᠯᠪᠤᠷᠢᠯᠡᠬᠰᠡᠨ ᠪᠠᠶᠢᠨ᠎ᠠ᠃ ᠡᠷᠳᠡᠮᠳᠡᠨ ᠸᠠᠩ ᠪᠦᠸᠧ ᠮᠢᠨ ᠤ ᠨᠠᠶᠢᠷᠠᠭᠤᠯᠵᠤ ᠪᠢᠴᠢᠭᠰᠡᠨ ︽ᠲᠤᠮᠳᠠᠳᠤ ᠤᠯᠤᠰ ᠤᠨ ᠴᠦᠬᠡᠨ | ᠲᠤᠭᠠᠳᠤ ᠦᠨᠳᠦᠰᠦᠳᠡᠨ ᠤ ᠤᠷᠠᠨ ᠵᠢᠷᠤᠭ ᠤᠨ ᠲᠡᠦᠬᠡ︾ ᠶᠢᠨ ᠨᠢᠬᠡᠳᠦᠬᠡᠷ ᠪᠤᠳᠢ ᠳᠤ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠲᠡᠦᠬᠡ ᠬᠡᠵᠤ ᠲᠤᠰᠬᠠᠢ | ᠪᠦᠯᠦᠭ ᠲᠤᠬᠢᠷᠠᠭᠤᠯᠤᠨ ᠲᠠᠨᠢᠯᠴᠠᠭᠤᠯᠤᠬᠰᠠᠨ ᠪᠠᠶᠢᠨ᠎ᠠ᠃ ᠡᠷᠳᠡᠮᠳᠡᠨ ᠵᠢᠦ ᠢᠤᠢ ᠨᠦᠸᠧ ᠪᠠ ᠯᠦᠸᠧ ᠱᠢ ᠹᠧᠩ ᠤᠨ ᠬᠠᠮᠳᠤᠷᠠᠨ ᠨᠠᠶᠢᠷᠠᠭᠤᠯᠤᠬᠰᠠᠨ ︽ᠲᠤᠮᠳᠠᠳᠤ | ᠤᠯᠤᠰ ᠤᠨ ᠱᠠᠰᠢᠨ ᠰᠤᠷᠳᠠᠬᠤᠨ ᠤ ᠤᠷᠠᠨ ᠵᠢᠷᠤᠭ ᠤᠨ ᠲᠡᠦᠬᠡ︾ ᠬᠡᠬᠦ ᠪᠦᠳᠦᠬᠡᠯ ᠳᠤ᠂ ᠮᠤᠩᠭᠤᠯ ᠦᠨᠳᠦᠰᠦᠳᠡᠨ ᠲᠠᠢ ᠬᠠᠮᠢᠶ᠎ᠠ ᠪᠦᠬᠦᠢ ᠤᠷᠠᠨ ᠵᠢᠷᠤᠭ ᠤᠨ | ᠲᠤᠬᠠᠢ ᠲᠡᠨᠢᠯᠴᠠᠭᠤᠯᠤᠬᠰᠠᠨ ᠪᠠᠶᠢᠨ᠎ᠠ᠃ | ᠦᠪᠦᠷ ᠮᠤᠩᠭᠤᠯ ᠳᠤ᠂ ᠮᠤᠩᠭᠤᠯ ᠦᠨᠳᠦᠰᠦᠳᠡᠨ ᠤ ᠤᠷᠠᠨ ᠵᠢᠷᠤᠭ ᠢ ᠬᠠᠮᠤᠭ ᠤᠨ ᠡᠷᠳᠡ ᠰᠤᠳᠤᠯᠤᠭᠰᠠᠨ ᠬᠦᠮᠦᠨ ᠪᠤᠯ ᠡ᠊ · ᠰᠤᠷᠳᠠᠢ ᠪᠠᠶᠢᠵᠤ᠂ | ᠲᠡᠷᠡ ᠪᠠᠷ ︽ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠲᠡᠦᠬᠡ︾ ᠬᠡᠬᠦ ᠵᠢᠵᠢᠭ ᠲᠡᠪᠳᠡᠷ ᠢ ᠬᠡᠪᠯᠡᠬᠦᠯᠦᠭᠰᠡᠨ ᠪᠠᠶᠢᠨ᠎ᠠ᠃ ᠲᠡᠬᠦᠨ ᠤ ᠲᠠᠷᠠᠭ᠎ᠠ ᠨᠢ | ᠠᠮᠤᠷᠪᠠᠳᠤ ᠶᠢᠨ ︽ᠮᠤᠩᠭᠤᠯ ᠦᠨᠳᠦᠰᠦᠳᠡᠨ ᠤ ᠬᠡ ᠤᠭᠠᠯᠵᠠ︾᠂ ︽ᠮᠤᠩᠭᠤᠯ ᠦᠨᠳᠦᠰᠦᠳᠡᠨ ᠤ ᠭᠠᠷ ᠤᠷᠠᠯᠠᠯ︾᠂ ︽ᠮᠤᠩᠭᠤᠯ ᠦᠨᠳᠦᠰᠦᠳᠡᠨ ᠤ ᠤᠷᠠᠨ | ᠵᠢᠷᠤᠭ ᠤᠨ ᠰᠤᠳᠤᠯᠤᠯ︾ ᠬᠡᠬᠦ ᠮᠡᠳᠤ ᠶᠢᠨ ᠤᠯᠠᠨ ᠪᠦᠳᠦᠬᠡᠯ ᠬᠡᠪᠯᠡᠭᠳᠡᠵᠡᠢ᠂ ᠡᠬᠦᠨ ᠳᠤ᠂ ︽ᠮᠤᠩᠭᠤᠯ ᠦᠨᠳᠦᠰᠦᠳᠡᠨ ᠤ ᠬᠡ ᠤᠭᠠᠯᠵᠠ︾ ᠨᠢ ᠤᠯᠤᠰ ᠤᠨ | ᠲᠡᠰ ᠤᠨ ᠲᠤᠮᠤ ᠱᠠᠩᠨᠠᠯ ᠢ ᠬᠦᠷᠳᠡᠭᠰᠡᠨ ᠪᠠᠶᠢᠨ᠎ᠠ᠃ ᠦᠷᠴᠠᠶᠢᠬᠤ ᠶᠢᠨ ᠮᠤᠩᠭᠤᠯ ᠦᠨᠳᠦᠰᠦᠳᠡᠨ ᠤ ᠪᠠᠷ ᠵᠢᠷᠤᠭ ᠤᠨ ᠲᠡᠦᠬᠡ ᠶᠢ ᠰᠤᠳᠤᠯᠤᠬᠰᠠᠨ ︽ᠱᠠᠰᠢᠨ ᠤ ᠪᠠᠷ | ᠵᠢᠷᠤᠭ︾ ᠬᠡᠬᠦ ᠪᠦᠳᠦᠬᠡᠯ︔ ᠪᠠᠰᠠ ᠲᠤᠷᠠᠳᠪᠠᠯ᠂ ᠦᠪᠦᠷ ᠮᠤᠩᠭᠤᠯ ᠤᠨ ᠡᠷᠳᠡᠮᠳᠡᠨ ᠭᠧ ᠱᠠᠨ ᠯᠢᠨ ︽ᠮᠤᠩᠭᠤᠯ ᠦᠨᠳᠦᠰᠦᠳᠡᠨ ᠤ ᠦᠨᠠᠳᠤ ᠲᠤᠷᠠᠰᠬᠠᠯᠳᠤ | ᠵᠦᠢᠯᠡᠰ ᠪᠠ ᠬᠠᠭᠤᠴᠢ ᠰᠤᠳᠤᠯᠤᠯ︾ ᠬᠡᠬᠦ ᠨᠤᠮ ᠳᠠᠭᠠᠨ ᠲᠤᠰᠬᠠᠶᠢᠢᠯᠨᠨ ᠮᠤᠩᠭᠤᠯ ᠬᠡᠷ ᠤᠨ ᠪᠦᠳᠦᠴᠡ ᠪᠠ ᠭᠤᠸ᠎ᠠ ᠵᠦᠢ ᠶᠢᠨ ᠤᠨᠴᠠᠯᠢᠭ᠂ ᠮᠤᠩᠭᠤᠯ ᠬᠤᠪᠴᠠᠰᠤ | ᠵᠠᠰᠠᠯ᠂ ᠮᠤᠩᠭᠤᠯ ᠦᠨᠳᠦᠰᠦᠳᠡᠨ ᠤ ᠬᠠᠳᠠᠨ ᠵᠢᠷᠤᠭ᠂ ᠬᠡ ᠤᠭᠠᠯᠵᠠ ᠪᠠ ᠤᠷᠠᠯᠢᠭ ᠬᠡᠬᠦ ᠮᠠᠳᠤ ᠤᠯᠠᠨ ᠲᠠᠯ᠎ᠠ ᠪᠠᠷ ᠨᠠᠶᠢᠷᠠᠭᠤᠯᠵᠤ ᠪᠢᠴᠢᠭᠰᠡᠨ ᠪᠦᠭᠡᠳ ︽ᠲᠤᠷᠭᠠᠨ | ᠵᠠᠮ ᠳᠠᠬᠢ ᠲᠡᠯ᠎ᠡ ᠨᠤᠳᠤᠭ ᠤᠨ ᠨᠡᠬᠦᠳᠡᠯᠴᠢᠨ ᠦᠨᠳᠦᠰᠦᠳᠡᠨ ᠤ ᠰᠤᠶᠤᠯ︾ ᠭᠡᠬᠦ ᠪᠦᠳᠦᠭᠡᠯ ᠳᠡᠭᠡᠨ ᠮᠤᠩᠭᠤᠯ ᠦᠨᠳᠦᠰᠦᠳᠡᠨ ᠤ ᠤᠷᠠᠯᠢᠭ ᠢ ᠤᠯᠠᠨ ᠲᠠᠯ᠎ᠠ ᠪᠠᠷ | ᠲᠠᠨᠢᠯᠴᠠᠭᠤᠯᠤᠭᠰᠠᠨ ᠶᠤᠮ᠃ ᠲᠡᠭᠡᠷᠡᠬᠢ ᠪᠦᠳᠦᠬᠡᠯ ᠤᠳ ᠬᠤᠶᠢᠰᠢᠳᠠ ᠶᠢᠨ ᠬᠦᠮᠦᠰ ᠤᠨ ᠰᠤᠳᠤᠯᠭᠠᠨ ᠰᠢᠨᠵᠢᠯᠡᠬᠡᠨ ᠳᠤ ᠰᠠᠭᠤᠷᠢ ᠶᠢ ᠲᠠᠯᠪᠢᠵᠤ ᠦᠭᠴᠡᠢ᠃ | ᠣᠶᠢᠷ᠎ᠠ ᠶᠢᠨ ᠬᠡᠳᠦᠨ ᠵᠢᠯ ᠠᠴᠠ᠂ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠲᠤᠬᠠᠢ ᠤᠯᠠᠨ ᠲᠠᠯ᠎ᠠ ᠠᠴᠠ ᠰᠤᠳᠤᠯᠬᠤ ᠰᠢᠨ᠎ᠠ ᠪᠠᠶᠢᠳᠠᠯ ᠢᠯᠡᠷᠡᠭᠰᠡᠨ | ᠪᠠᠶᠢᠨ᠎ᠠ᠃ ᠪᠡᠬᠡᠵᠢᠩ ᠳᠠᠬᠢ ᠲᠦᠪ ᠤᠨ ᠤᠷᠠᠨ ᠵᠢᠷᠤᠭ ᠤᠨ ᠲᠡᠬᠡᠳᠤ ᠰᠤᠷᠭᠠᠭᠤᠯᠢ ᠶᠢᠨ ᠯᠢ ᠵᠢᠶᠦ᠋ᠨ ᠫᠷᠦᠹᠧᠰᠰᠤᠷ ᠤᠨ ᠢᠲ᠋ᠠᠯᠢ ᠶᠢᠨ ᠤᠳᠬ᠎ᠠ ᠤᠷᠠᠯᠢᠭ ᠤᠨ | ᠰᠡᠷᠬᠦᠯᠳᠡ ᠶᠢᠨ ᠦᠶ᠎ᠠ ᠶᠢᠨ ᠬᠠᠨ᠎ᠠ ᠶᠢᠨ ᠵᠢᠷᠤᠭ ᠲᠤᠳᠤᠷᠠᠬᠢ ᠮᠤᠩᠭᠤᠯ ᠬᠦᠮᠦᠨ ᠤ ᠬᠦᠷᠦᠭ ᠲᠦᠷᠢ ᠶᠢᠨ ᠲᠤᠬᠠᠢ ᠰᠤᠳᠤᠯᠤᠯ ᠨᠢ ᠶᠤᠸᠠᠨ ᠬᠦᠷᠦᠨ ᠤ ᠦᠶ᠎ᠠ ᠳᠤ | ᠮᠤᠩᠭᠤᠯ ᠦᠨᠳᠦᠰᠦᠳᠡᠨ ᠤ ᠰᠤᠶᠤᠯ ᠢᠲ᠋ᠠᠯᠢ ᠳᠤ ᠤᠯᠠᠮᠵᠢᠯᠠᠬᠳᠠᠵᠤ᠂ ᠢᠲ᠋ᠠᠯᠢ ᠶᠢᠨ ᠱᠠᠰᠢᠨ ᠰᠤᠷᠳᠠᠬᠤᠨ ᠤ ᠲᠦᠭᠵᠢᠮᠡᠯ ᠪᠠᠶᠢᠳᠠᠯ ᠢ ᠡᠪᠳᠡᠵᠤ᠂ ᠡᠬᠦᠨ ᠤ | ᠤᠯᠠᠮ ᠢᠶᠠᠷ ᠢᠲ᠋ᠠᠯᠢ ᠶᠢᠨ ᠤᠳᠬ᠎ᠠ ᠤᠷᠠᠯᠢᠭ ᠤᠨ ᠰᠡᠷᠬᠦᠯᠳᠡ ᠳᠤ ᠨᠦᠯᠦᠬᠡ ᠦᠵᠡᠬᠦᠯᠦᠭᠰᠡᠨ ᠬᠡᠵᠤ ᠦᠵᠡᠵᠤ ᠪᠠᠶᠢᠨ᠎ᠠ᠃ ᠪᠠᠰᠠ ᠵᠢᠱᠢᠶᠡᠯᠡᠪᠡᠯ᠂ ᠤᠶᠢᠢᠷ᠎ᠠ ᠶᠢᠨ | ᠵᠢᠯ ᠠᠴᠠ᠂ ᠮᠠᠨ ᠤ ᠵᠠᠷᠢᠮ ᠠᠰᠫᠢᠷᠠᠨᠲ ᠢᠷᠡᠨ ᠤ ᠤᠷᠠᠨ ᠵᠢᠷᠤᠭ ᠲᠠᠬᠢ ᠮᠤᠩᠭᠤᠯ ᠬᠦᠮᠦᠨ ᠤ ᠬᠦᠷᠦᠭ ᠵᠢᠷᠤᠭ ᠤᠨ ᠲᠤᠬᠠᠢ ᠰᠤᠳᠤᠯᠵᠤ ᠪᠠᠶᠢᠨ᠎ᠠ᠃ ᠤᠨᠴᠠᠯᠠᠨ | ᠲᠤᠷᠠᠳᠤᠭᠤᠰᠢᠳᠠᠢ ᠨᠢ᠂ ᠤᠶᠢᠢᠷ᠎ᠠ ᠳᠤ᠂ ︽ᠮᠤᠩᠭᠤᠯ ᠦᠨᠳᠦᠰᠦᠳᠡᠨ ᠤ ᠤᠯᠡᠮᠵᠢᠯᠠᠯᠳᠤ ᠤᠷᠠᠨ ᠵᠢᠷᠤᠭ︾ ᠬᠡᠬᠦ ᠠᠷᠪᠠᠨ ᠪᠤᠳᠢ ᠨᠤᠮ ᠬᠡᠪᠯᠡᠭᠳᠡᠵᠤ᠂ ᠮᠤᠩᠭᠤᠯ | ᠦᠨᠳᠦᠰᠦᠳᠡᠨ ᠤ ᠲᠡᠩᠺᠠ ᠵᠢᠷᠤᠭ᠂ ᠮᠤᠩᠭᠤᠯ ᠦᠨᠳᠦᠰᠦᠳᠡᠨ ᠤ ᠤᠷᠠᠨ ᠬᠠᠳᠬᠤᠮᠠᠯ᠂ ᠱᠤᠭᠤᠮᠠᠯ ᠮᠠᠳᠤ ᠶᠢᠨ ᠤᠯᠠᠨ ᠲᠠᠯ᠎ᠠ ᠶᠢᠨ ᠠᠭᠤᠯᠭ᠎ᠠ ᠶᠢ ᠬᠠᠮᠤᠷᠤᠬᠰᠠᠨ | ᠪᠠᠶᠢᠨ᠎ᠠ᠃ | ᠰᠤᠷᠪᠤᠯᠵᠢᠯᠠᠬᠴᠢ᠄ ᠶᠠᠭᠤᠨ ᠳᠤ ᠵᠡᠪᠡᠯ ᠮᠤᠩᠭᠤᠯ ᠤᠷᠠᠨ ᠵᠢᠷᠤᠭ ᠤᠨ ᠤᠨᠤᠯ ᠲᠡᠦᠬᠡ ᠶᠢᠨ ᠰᠤᠳᠤᠯᠭᠠᠨ ᠢ ᠴᠢᠬᠤᠯᠠᠴᠢᠯᠠᠨ ᠦᠷᠨᠢᠬᠦᠯᠬᠦ ᠬᠡᠷᠡᠭᠳᠡᠢ ᠪᠤᠢ︖ | ᠦᠯᠵᠡᠢ᠄ ᠶᠠᠭᠤᠨ ᠤ ᠡᠮᠦᠨ᠎ᠡ᠂ ᠮᠠᠨ ᠤ ᠤᠯᠤᠰ ᠪᠤᠯ 56 ᠦᠨᠳᠦᠰᠦᠳᠡᠨ ᠢᠶᠠᠷ ᠪᠦᠷᠢᠯᠳᠦᠭᠰᠡᠨ ᠲᠤᠮᠤ ᠬᠡᠷ ᠪᠦᠯᠢ᠃ ᠴᠦᠬᠡᠨ ᠲᠤᠭᠠᠳᠤ ᠦᠨᠳᠦᠰᠦᠳᠡᠨ ᠤ | ᠤᠷᠠᠨ ᠵᠢᠷᠤᠭ ᠤᠨ ᠤᠷᠠᠯᠢᠭ ᠪᠤᠯ ᠲᠤᠮᠳᠠᠳᠤ ᠶᠢᠨ ᠦᠨᠳᠦᠰᠦᠳᠡᠨ ᠤ ᠰᠤᠶᠤᠯ ᠤᠨ ᠦᠪ ᠤᠨ ᠪᠦᠬᠦᠯᠢ ᠴᠤᠬᠴᠡ ᠶᠢᠨ ᠲᠤᠳᠠᠬᠳᠠᠵᠤ ᠪᠤᠯᠤᠰᠢ ᠦᠬᠡᠢ ᠨᠢᠬᠡ ᠬᠡᠰᠡᠭ | ᠮᠦᠨ᠃ ᠤᠨᠴᠠᠭᠠᠶᠢᠢᠯᠠᠨ ᠮᠤᠩᠭᠤᠯ ᠦᠨᠳᠦᠰᠦᠳᠡᠨ ᠤ ᠤᠷᠠᠨ ᠵᠢᠷᠤᠭ ᠪᠤᠯ ᠲᠤᠮᠳᠠᠳᠤ ᠤᠯᠤᠰ ᠤᠨ ᠰᠤᠶᠤᠯ ᠤᠨ ᠡᠷᠳᠡᠨᠢᠰ ᠤᠨ ᠰᠠᠩ ᠳᠠᠬᠢ ᠨᠢᠬᠡᠨ ᠮᠦᠬᠦᠯᠢᠭ | ᠬᠡᠷᠡᠯᠳᠤ ᠰᠤᠪᠤᠳ᠃ ᠡᠶᠢᠮᠦ ᠠᠴᠠ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠰᠤᠳᠤᠯᠤᠯ ᠢ ᠰᠠᠶᠢᠳᠤᠷ ᠬᠢᠬᠦ ᠪᠤᠯ ᠪᠦᠬᠦ᠋ᠢᠯᠡ ᠲᠤᠮᠳᠠᠳᠤ ᠤᠯᠤᠰ ᠤᠨ ᠤᠷᠠᠨ | ᠵᠢᠷᠤᠭ ᠤᠨ ᠰᠤᠳᠤᠯᠤᠯ ᠳᠤ ᠬᠤᠪᠢ ᠨᠡᠮᠡᠷᠢ ᠦᠵᠡᠬᠦᠯᠵᠤ ᠪᠠᠶᠢᠭ᠎ᠠ ᠶᠠᠪᠤᠳᠠᠯ᠂ ᠮᠤᠩᠭᠤᠯ ᠦᠨᠳᠦᠰᠦᠳᠡᠨ ᠢ ᠪᠠᠭᠳᠠᠭᠠᠬᠰᠠᠨ ᠴᠦᠬᠡᠨ ᠲᠤᠭᠠᠳᠤ ᠦᠨᠳᠦᠰᠦᠳᠡᠨ ᠤ | ᠤᠷᠠᠨ ᠵᠢᠷᠤᠭ ᠢ ᠰᠤᠳᠤᠯᠬᠤ ᠨᠢ ᠲᠤᠮᠳᠠᠳᠤ ᠤᠯᠤᠰ ᠤᠨ ᠰᠤᠶᠤᠯ ᠲᠡᠦᠬᠡ ᠶᠢᠨ ᠰᠤᠳᠤᠯᠭᠠᠨ ᠳᠤ ᠰᠢᠨ᠎ᠠ ᠠᠭᠤᠯᠭ᠎ᠠ ᠨᠡᠮᠡᠷᠢᠯᠡᠵᠤ ᠪᠠᠶᠢᠭ᠎ᠠ ᠶᠠᠪᠤᠳᠠᠯ ᠪᠤᠯᠤᠨ᠎ᠠ᠃ | ᠲᠠᠬᠢᠪᠠᠯ᠂ ᠮᠤᠩᠭᠤᠯ ᠦᠨᠳᠦᠰᠦᠳᠡᠨ ᠤ ᠤᠷᠠᠨ ᠵᠢᠷᠤᠭ ᠢ ᠰᠤᠳᠤᠯᠬᠤ ᠨᠢ ᠤᠮᠠᠷᠠᠳᠤ ᠶᠢᠨ ᠨᠡᠬᠦᠳᠡᠯᠴᠢᠨ ᠦᠨᠳᠦᠰᠦᠳᠡᠨ ᠤ ᠤᠷᠠᠨ ᠵᠢᠷᠤᠭ ᠢ ᠰᠤᠳᠤᠯᠬᠤ ᠪᠠ | ᠮᠤᠩᠭᠤᠯ ᠦᠨᠳᠦᠰᠦᠳᠡᠨ ᠤ ᠤᠬᠰᠠᠭ᠎ᠠ ᠵᠦᠢ᠂ ᠦᠨᠳᠦᠰᠦᠳᠡᠨ ᠤ ᠰᠤᠶᠤᠯ ᠢ ᠰᠤᠳᠤᠯᠬᠤ ᠳᠤ ᠤᠷᠠᠨ ᠵᠢᠷᠤᠭ ᠤᠨ ᠲᠠᠯ᠎ᠠ ᠪᠠᠷ ᠰᠢᠨ᠎ᠠ ᠮᠠᠲ᠋ᠧᠷᠢᠶᠠᠯ ᠨᠦᠬᠦᠪᠦᠷᠢᠯᠡᠵᠤ᠂ | ᠪᠤᠰᠤᠳ ᠲᠠᠯ᠎ᠠ ᠶᠢᠨ ᠰᠤᠶᠤᠯ ᠤᠨ ᠰᠤᠳᠤᠯᠭᠠᠨ ᠳᠤ ᠬᠤᠪᠢ ᠨᠡᠮᠡᠷᠢ ᠦᠵᠡᠬᠦᠯᠬᠦ ᠪᠤᠯᠤᠨ᠎ᠠ᠃ ᠲᠠᠷᠠᠭ᠎ᠠ ᠨᠢ᠂ ᠮᠤᠩᠭᠤᠯ ᠦᠨᠳᠦᠰᠦᠳᠡᠨ ᠤ ᠤᠷᠠᠨ ᠵᠢᠷᠤᠭ ᠤᠨ | ᠰᠤᠳᠤᠯᠭᠠᠨ ᠢ ᠰᠠᠶᠢᠳᠤᠷ ᠬᠢᠬᠦ ᠨᠢ ᠬᠢᠳᠡᠳ᠂ ᠲᠦᠪᠡᠳ᠂ ᠮᠤᠩᠭᠤᠯ ᠦᠨᠳᠦᠰᠦᠳᠡᠨ ᠤ ᠬᠤᠭᠤᠷᠤᠨᠳᠤᠬᠢ ᠰᠤᠶᠤᠯ ᠤᠨ ᠰᠤᠯᠢᠯᠴᠠᠭ᠎ᠠ ᠪᠠ ᠮᠤᠩᠭᠤᠯ | ᠦᠨᠳᠦᠰᠦᠳᠡᠨ ᠤ ᠦᠷᠦᠨᠡᠳᠡᠬᠢᠨ ᠯᠦᠭᠡ ᠶᠢᠨ ᠰᠤᠶᠤᠯ ᠤᠨ ᠰᠤᠯᠢᠯᠴᠠᠭ᠎ᠠ ᠶᠢᠨ ᠪᠠᠶᠢᠳᠠᠯ ᠢ ᠤᠷᠠᠨ ᠵᠢᠷᠤᠭ ᠤᠨ ᠲᠠᠯ᠎ᠠ ᠠᠴᠠ ᠲᠠᠶᠢᠯᠪᠤᠷᠢᠯᠠᠵᠤ ᠲᠠᠨᠢᠯᠴᠠᠭᠤᠯᠬᠤ ᠠᠴᠢ | ᠬᠤᠯᠪᠤᠬᠳᠠᠯ ᠲᠠᠢ᠃ | ᠰᠤᠷᠪᠤᠯᠵᠢᠯᠠᠬᠴᠢ᠄ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠤᠨᠤᠯ ᠲᠡᠦᠬᠡ ᠶᠢᠨ ᠰᠤᠳᠤᠯᠭᠠᠨ ᠢ ᠶᠠᠭᠠᠬᠢᠵᠤ ᠦᠷᠨᠢᠬᠦᠯᠪᠡᠯ ᠵᠤᠬᠢᠬᠤ ᠪᠤᠢ︖ | ᠪᠤᠳᠠᠳᠠᠢ ᠠᠭᠤᠯᠭ᠎ᠠ ᠶᠢᠨ ᠬᠤᠪᠢ ᠳᠤ ᠶᠠᠭᠤ ᠶᠠᠭᠤ ᠪᠠᠶᠢᠬᠤ ᠪᠤᠢ︖ | ᠦᠯᠵᠡᠢ᠄ ᠦᠨᠳᠦᠰᠦᠳᠡᠨ ᠪᠦᠬᠦᠨ ᠳᠤ ᠲᠤᠰ ᠦᠨᠳᠦᠰᠤᠳᠠᠨ ᠤ ᠪᠠᠨ ᠰᠤᠶᠤᠯ ᠤᠨ ᠤᠨᠴᠠᠭᠠᠢ ᠰᠡᠳᠬᠢᠬᠦᠢ ᠲᠠᠢ᠃ ᠦᠨᠳᠦᠰᠦᠳᠡᠨ ᠤ ᠶᠠᠮᠠᠷ ᠨᠢᠬᠡᠨ | ᠤᠷᠠᠯᠢᠭ ᠨᠢ ᠬᠦᠭᠵᠢᠯ ᠤᠨ ᠶᠠᠪᠤᠴᠠ ᠳᠠᠭᠠᠨ ᠲᠤᠰ ᠦᠨᠳᠦᠰᠦᠳᠡᠨ ᠤ ᠪᠠᠨ ᠤᠨᠴᠠᠯᠢᠭ ᠪᠠ ᠰᠡᠳᠬᠢᠬᠦᠢ ᠶᠢ ᠠᠶᠠᠨᠳᠠᠭᠠᠨ ᠰᠢᠩᠬᠡᠬᠡᠵᠤ ᠪᠠᠶᠢᠳᠠᠭ᠃ ᠡᠨᠡᠬᠦ ᠰᠤᠶᠤᠯ ᠤᠨ | ᠢᠮ ᠲᠡᠮᠳᠡᠭ ᠢ ᠤᠷᠠᠨ ᠵᠢᠷᠤᠭ ᠢ ᠪᠠᠭᠳᠠᠭᠠᠬᠰᠠᠨ ᠤᠷᠠᠯᠢᠭ ᠲᠤᠳᠤᠷ᠎ᠠ ᠠᠴᠠ ᠶᠠᠭᠠᠬᠢᠵᠤ ᠬᠠᠶᠢᠬᠤ ᠪᠤᠢ︖ ᠬᠡᠳᠡᠭ ᠪᠤᠯ ᠨᠢᠬᠡᠨ ᠴᠢᠬᠤᠯᠠ ᠠᠰᠠᠭᠤᠳᠠᠯ᠃ ᠮᠤᠩᠭᠤᠯ | ᠦᠨᠳᠦᠰᠦᠳᠡᠨ ᠪᠤᠯ ᠲᠠᠯ᠎ᠠ ᠨᠤᠳᠤᠭ ᠤᠨ ᠨᠡᠬᠦᠳᠡᠯ ᠰᠤᠶᠤᠯ ᠢ ᠪᠦᠷᠢᠯᠳᠦᠭᠦᠯᠦᠭᠰᠡᠨ ᠨᠡᠬᠦᠳᠡᠯᠴᠢᠨ ᠦᠨᠳᠦᠰᠦᠳᠡᠨ ᠮᠦᠨ᠃ ᠢᠶᠢᠮᠦ ᠠᠴᠠ ᠦᠪᠦᠷ ᠮᠤᠩᠭᠤᠯ ᠤᠨ | ᠤᠷᠠᠨ ᠵᠢᠷᠤᠬ ᠵᠢᠴᠢ ᠪᠦᠬᠦ᠋ᠢᠯᠡ ᠮᠤᠩᠭᠤᠯ ᠦᠨᠳᠦᠰᠦᠳᠡᠨ ᠤ ᠤᠷᠠᠨ ᠵᠢᠷᠤᠭ ᠢ ᠰᠤᠳᠤᠯᠬᠤ ᠳᠤ ᠵᠠᠪᠠᠯ ᠲᠠᠯ᠎ᠠ ᠨᠤᠳᠤᠭ ᠤᠨ ᠨᠡᠬᠦᠳᠠᠯ ᠰᠤᠶᠤᠯ ᠢ ᠤᠶᠢᠢᠯᠠᠭᠠᠬᠤ | ᠬᠡᠷᠡᠭᠳᠡᠢ᠃ ᠲᠡᠷᠦᠢ᠂ ᠮᠤᠩᠭᠤᠯ ᠦᠨᠳᠦᠰᠦᠳᠡᠨ ᠤ ᠲᠡᠦᠬᠡ᠂ ᠰᠤᠶᠤᠯ᠂ ᠦᠨᠳᠦᠰᠦᠳᠡᠨ ᠤ ᠵᠠᠩ ᠦᠢᠯᠡ᠂ ᠭᠤᠸ᠎ᠠ ᠵᠦᠢ ᠶᠢᠨ ᠰᠡᠳᠬᠢᠬᠦᠢ᠂ ᠮᠤᠩᠭᠤᠯ | ᠦᠨᠳᠦᠰᠦᠳᠡᠨ ᠤ ᠪᠦᠬᠦ᠋ᠢᠯᠡ ᠤᠷᠠᠯᠢᠭ ᠰᠤᠳᠤᠯᠤᠯ ᠤᠨ ᠲᠡᠦᠬᠡ ᠵᠡᠷᠬᠡ ᠶᠢ ᠴᠦᠮ ᠤᠶᠢᠢᠯᠠᠭᠠᠬᠰᠠᠨ ᠰᠠᠭᠤᠷᠢᠨ ᠲᠡᠭᠡᠷ᠎ᠡ ᠰᠠᠶ᠋ᠢ ᠨᠡᠩ ᠰᠠᠶᠢᠳᠤᠷ ᠰᠤᠳᠤᠯᠵᠤ ᠴᠢᠳᠠᠨ᠎ᠠ | ᠃ ᠨᠡᠬᠦᠳᠡᠯ ᠮᠠᠯᠵᠢᠬᠤ ᠰᠤᠶᠤᠯ ᠢ ᠵᠠᠷᠢᠮ ᠡᠷᠳᠡᠮᠳᠡᠳ ᠠᠴᠠ ︽ᠲᠤᠭᠤᠷᠢᠭ︾ ᠰᠤᠶᠤᠯ ᠬᠡᠵᠤ ᠠᠮᠢᠳᠤ ᠲᠦᠷᠰᠦᠯᠢᠭ ᠢᠯᠡᠳᠬᠡᠭᠰᠡᠨ ᠪᠠᠶᠢᠳᠠᠭ᠃ ᠡᠶᠢᠮᠦ ᠠᠴᠠ | ᠲᠠᠷᠢᠶᠠᠯᠠᠬᠤ ᠰᠤᠶᠤᠯ ᠯᠤᠭ᠎ᠠ ᠪᠦᠷᠢᠮᠦᠰᠦᠨ ᠠᠳᠠᠯᠢ ᠦᠬᠡᠢ ᠤᠨᠴᠠᠯᠢᠭ ᠬᠡᠪᠡᠯ ᠨᠡᠬᠦᠳᠡᠯ ᠮᠠᠯᠵᠢᠬᠤ ᠰᠤᠶᠤᠯ ᠪᠤᠯ ᠬᠦᠳᠡᠯᠦᠩᠬᠦᠢ ᠪᠠᠶᠢᠳᠠᠭ᠂ ᠡᠶᠢᠮᠦ ᠠᠴᠠ ᠤᠷᠠᠨ | ᠵᠢᠷᠤᠭ ᠨᠢ ᠴᠤ ᠬᠦᠳᠡᠯᠦᠩᠬᠦᠢ᠃ ᠡᠨᠡᠬᠦ ᠤᠨᠴᠠᠯᠢᠭ ᠨᠢ ᠮᠤᠩᠭᠤᠯ ᠦᠨᠳᠦᠰᠦᠳᠡᠨ ᠤ ᠤᠷᠠᠨ ᠵᠢᠷᠤᠭ ᠲᠤ ᠤᠨᠴᠠᠭᠠᠢ ᠲᠤᠪᠤᠶᠢᠮ᠎ᠠ ᠢᠯᠡᠷᠡᠵᠤ ᠪᠠᠶᠢᠳᠠᠭ᠂ ᠵᠢᠱᠢᠶᠠᠯᠠᠪᠠᠯ | ᠂ ᠮᠤᠩᠭᠤᠯ ᠬᠡᠷ ᠲᠤᠭᠤᠷᠢᠭ᠂ ᠮᠤᠩᠭᠤᠯ ᠨᠤᠳᠤᠭ ᠤᠨ ᠵᠠᠮ ᠨᠢ ᠴᠤ ᠮᠤᠷᠤᠢ ᠰᠠᠷᠤᠢ᠂ ᠨᠤᠭᠤᠯᠤᠭ᠎ᠠ ᠤᠯᠠᠨ᠂ ᠮᠤᠩᠭᠤᠯ ᠬᠡ ᠤᠭᠠᠯᠵᠠ᠂ ᠮᠤᠩᠭᠤᠯ ᠤᠷᠠᠨ | ᠪᠢᠴᠢᠯᠬᠡ ᠴᠤ ᠪᠦᠷ ᠲᠠᠶᠢᠮᠦ᠂ ᠲᠠᠯ᠎ᠠ ᠨᠤᠳᠤᠭ ᠤᠨ ᠭᠤᠤᠯ ᠬᠤᠷᠤᠭ᠎ᠠ ᠵᠡᠷᠬᠡ ᠨᠢ ᠴᠦᠮ ᠬᠦᠳᠡᠯᠦᠩᠬᠦᠢ ᠪᠠᠶᠢᠳᠠᠭ᠃ | ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠰᠤᠳᠤᠯᠤᠯ ᠬᠡᠵᠤ ᠬᠡᠯᠡᠪᠡᠯ᠂ ᠲᠡᠬᠦᠨ ᠤ ᠲᠦᠷᠦᠯ ᠵᠠᠨᠠᠷ ᠲᠤᠩ ᠤᠯᠠᠨ᠂ ᠲᠤᠬᠠᠶᠢᠢᠯᠠᠪᠠᠯ᠂ ᠠᠷᠠᠳ ᠤᠨ | ᠤᠷᠠᠨ ᠵᠢᠷᠤᠭ᠂ ᠤᠷᠳᠤᠨ ᠤ ᠤᠷᠠᠨ ᠵᠢᠷᠤᠭ᠂ ᠱᠠᠰᠢᠨ ᠤ ᠤᠷᠠᠨ ᠵᠢᠷᠤᠭ᠂ ᠨᠤᠮ ᠲᠡᠪᠳᠡᠷ ᠲᠠᠬᠢ ᠵᠡᠬᠦᠯᠳᠡ ᠵᠢᠷᠤᠭ᠂ ᠪᠠᠰᠠ ᠬᠤᠪᠴᠠᠰᠤ ᠵᠠᠰᠠᠯ ᠤᠨ ᠤᠷᠠᠨ ᠵᠢᠷᠤᠭ | ᠂ ᠱᠠᠰᠢᠨ ᠰᠤᠷᠳᠠᠬᠤᠨ ᠲᠠᠢ ᠬᠤᠯᠪᠤᠬᠳᠠᠬᠤ ᠲᠡᠩᠺᠠ ᠵᠢᠷᠤᠭ᠂ ᠮᠤᠩᠭᠤᠯ ᠬᠡᠷ᠂ ᠮᠤᠩᠭᠤᠯ ᠦᠨᠳᠦᠰᠦᠳᠡᠨ ᠤ ᠡᠳ᠋ᠯᠡᠯ ᠬᠡᠷᠡᠭᠰᠡᠯ᠂ ᠮᠤᠩᠭᠤᠯ ᠦᠨᠳᠦᠰᠦᠳᠡᠨ ᠤ ᠬᠡ | ᠤᠭᠠᠯᠵᠠ ᠬᠡᠬᠦ ᠮᠠᠳᠤ ᠤᠯᠠᠨ ᠠᠭᠤᠯᠭ᠎ᠠ ᠪᠠᠶᠢᠨ᠎ᠠ᠃ ᠰᠤᠳᠤᠯᠬᠤ ᠴᠢᠭᠯᠡᠯ ᠤᠨ ᠬᠤᠪᠢ ᠳᠤ᠂ ᠲᠤᠮᠳᠠᠳᠤ ᠠᠽᠢᠶ᠎ᠠ ᠪᠠ ᠪᠠᠷᠠᠭᠤᠨ ᠠᠽᠢᠶ᠎ᠠ ᠶᠢᠨ ᠤᠷᠠᠨ ᠵᠢᠷᠤᠭ ᠨᠢ | ᠴᠦᠮ ᠮᠤᠩᠭᠤᠯ ᠦᠨᠳᠦᠰᠦᠳᠡᠨ ᠤ ᠤᠷᠠᠨ ᠵᠢᠷᠤᠭ ᠯᠤᠭ᠎ᠠ ᠬᠠᠷᠢᠴᠠᠭ᠎ᠠ ᠬᠤᠯᠪᠤᠭ᠎ᠠ ᠲᠠᠢ᠃ ᠤᠯᠠᠮᠵᠢᠯᠠᠯᠳᠤ ᠤᠷᠠᠨ ᠵᠢᠷᠤᠭ ᠪᠠ ᠠᠷᠠᠳ ᠤᠨ ᠤᠷᠠᠨ ᠵᠢᠷᠤᠭ ᠨᠢ ᠴᠠᠭ | ᠦᠶ᠎ᠠ ᠪᠠᠨ ᠲᠠᠭᠠᠭᠠᠳ ᠰᠢᠨ᠎ᠠ ᠬᠡᠯᠪᠡᠷᠢ ᠶᠢᠨ ᠤᠷᠠᠨ ᠵᠢᠷᠤᠭ ᠪᠤᠯᠵᠤ ᠬᠤᠪᠢᠷᠠᠵᠤ ᠬᠦᠭᠵᠢᠵᠤ ᠢᠷᠡᠭᠰᠡᠨ ᠲᠡᠦᠬᠡ ᠲᠠᠢ᠃ ᠲᠡᠬᠡᠪᠡᠯ ᠮᠤᠩᠭᠤᠯ ᠦᠨᠳᠦᠰᠦᠳᠡᠨ ᠤ | ᠡᠳᠡᠬᠡᠷ ᠤᠷᠠᠨ ᠵᠢᠷᠤᠭ ᠨᠢ ᠦᠬᠡᠷ᠎ᠡ ᠦᠨᠳᠦᠰᠦᠳᠡᠨ ᠤ ᠤᠷᠠᠨ ᠵᠢᠷᠤᠭ ᠯᠤᠭ᠎ᠠ ᠶᠠᠮᠠᠷ ᠢᠯᠭᠠᠭ᠎ᠠ ᠲᠠᠢ ᠪᠠᠶᠢᠬᠤ᠂ ᠮᠤᠩᠭᠤᠯ ᠦᠨᠳᠦᠰᠦᠳᠡᠨ ᠤ ᠤᠷᠠᠨ ᠵᠢᠷᠤᠭ ᠪᠠ | ᠤᠮᠠᠷᠠᠳᠤ ᠶᠢᠨ ᠨᠡᠬᠦᠳᠠᠯᠴᠢᠨ ᠦᠨᠳᠦᠰᠦᠳᠡᠨ ᠤ ᠤᠷᠠᠨ ᠵᠢᠷᠤᠭ ᠤᠨ ᠬᠠᠷᠢᠴᠠᠭ᠎ᠠ ᠬᠤᠯᠪᠤᠭ᠎ᠠ ᠵᠢᠴᠢ ᠢᠯᠭᠠᠭ᠎ᠠ ᠨᠢ ᠶᠠᠭᠤ ᠪᠤᠯᠬᠤ᠂ ᠮᠤᠩᠭᠤᠯ ᠦᠨᠳᠦᠰᠦᠳᠡᠨ ᠤ | ᠤᠷᠠᠨ ᠵᠢᠷᠤᠭ ᠬᠢᠬᠡᠳ ᠬᠢᠳᠡᠳ ᠦᠨᠳᠦᠰᠦᠳᠡᠨ᠂ ᠦᠷᠦᠨᠡᠳᠡᠬᠢᠨ ᠤ ᠤᠷᠨᠨ ᠵᠢᠷᠤᠭ ᠤᠨ ᠤᠷᠠᠯᠢᠭ ᠯᠤᠭ᠎ᠠ ᠶᠢᠨ ᠬᠠᠷᠢᠴᠠᠭ᠎ᠠ ᠬᠤᠯᠪᠤᠭ᠎ᠠ ᠨᠢ ᠶᠠᠭᠤ ᠪᠤᠢ᠂ ᠮᠤᠩᠭᠤᠯ | ᠦᠨᠳᠦᠰᠦᠳᠡᠨ ᠤ ᠬᠡ ᠤᠭᠠᠯᠵᠠ ᠪᠡ ᠠᠷᠠᠪ ᠤᠨ ᠦᠨᠳᠦᠰᠦᠳᠡᠨ ᠤ ᠬᠡ ᠤᠭᠠᠯᠵᠠ ᠶᠢᠨ ᠢᠵᠢᠯᠢ ᠲᠠᠯ᠎ᠠ ᠵᠢᠴᠢ ᠢᠯᠭᠠᠭ᠎ᠠ ᠨᠢ ᠶᠠᠭᠤ ᠪᠤᠯᠬᠤ᠂ ᠮᠤᠩᠭᠤᠯ | ᠦᠨᠳᠦᠰᠦᠳᠡᠨ ᠪᠤᠰᠤᠳ ᠦᠨᠳᠦᠰᠦᠳᠡᠨ ᠪᠠ ᠭᠠᠵᠠᠷ ᠤᠷᠤᠨ ᠯᠤᠭ᠎ᠠ ᠰᠤᠶᠤᠯ ᠤᠨ ᠰᠤᠯᠢᠯᠴᠠᠭ᠎ᠠ ᠦᠷᠨᠢᠬᠦᠯᠬᠦ ᠳᠡᠭᠡᠨ ᠶᠠᠮᠠᠷ ᠤᠷᠠᠯᠢᠭ ᠤᠨ ᠤᠨᠴᠠᠯᠢᠭ ᠢ | ᠪᠦᠷᠢᠯᠳᠦᠬᠦᠯᠦᠭᠰᠡᠨ ᠬᠡᠬᠦ ᠵᠡᠷᠬᠡ ᠤᠯᠠᠨ ᠲᠠᠯ᠎ᠠ ᠪᠠᠷ ᠬᠦᠨᠵᠡᠬᠡᠢ ᠰᠤᠳᠤᠯᠬᠤ ᠴᠢᠬᠤᠯᠠᠳᠠᠢ ᠪᠠᠶᠢᠨ᠎ᠠ᠃ | ᠤᠳᠤ ᠮᠤᠩᠭᠤᠯ ᠦᠨᠳᠦᠰᠦᠳᠡᠨ ᠤ ᠤᠷᠠᠨ ᠵᠢᠷᠤᠭ ᠤᠨ ᠲᠤᠬᠠᠢ ᠰᠤᠳᠤᠯᠤᠬᠴᠢᠳ ᠶᠠᠪᠤᠬᠤ ᠲᠤᠳᠤᠮ ᠤᠯᠠᠰᠢᠷᠠᠵᠤ ᠪᠠᠶᠢᠨ᠎ᠠ᠂ ᠬᠡᠪᠡᠴᠤ ᠰᠤᠳᠤᠯᠭᠠᠨ ᠤ | ᠶᠡᠷᠦᠩᠬᠡᠢ ᠬᠢᠷᠢ ᠲᠦᠪᠰᠢᠨ ᠲᠡᠶᠢᠮᠦ ᠦᠨᠳᠦᠷ ᠪᠢᠰᠢ᠃ ᠰᠤᠳᠤᠨ ᠪᠦᠳᠦᠬᠡᠯ ᠴᠦᠬᠡᠨ᠂ ᠬᠠᠷᠢᠨ ᠲᠠᠨᠢᠯᠴᠠᠭᠤᠯᠤᠬᠰᠠᠨ ᠮᠠᠶ᠋ᠢᠭ ᠤᠨ ᠵᠦᠢᠯ ᠤᠯᠠᠨ᠂ ᠬᠡᠬᠦ ᠳᠡᠭᠡᠨ | ᠤᠯᠠᠨ ᠲᠠᠯ᠎ᠠ ᠪᠠᠷ ᠬᠦᠨᠵᠡᠬᠡᠶᠢᠷᠡᠵᠤ ᠴᠢᠳᠠᠭ᠎ᠠ ᠦᠬᠡᠢ ᠪᠠᠶᠢᠬᠰᠠᠭᠠᠷ᠃ ᠮᠤᠩᠭᠤᠯ ᠦᠨᠳᠦᠰᠦᠳᠡᠨ ᠤ ᠤᠷᠠᠨ ᠵᠢᠷᠤᠭ ᠢ ᠰᠤᠳᠤᠯᠬᠤ ᠳᠤ ᠤᠯᠠᠨ ᠲᠠᠯ᠎ᠠ ᠶᠢᠨ | ᠮᠡᠳᠡᠯᠬᠡ ᠶᠢ ᠪᠦᠷᠢᠯᠳᠦᠬᠦᠯᠬᠦ ᠠᠴᠠ ᠭᠠᠳᠠᠨ᠎ᠠ ᠪᠠᠰᠠ᠂ ᠬᠡᠷᠰᠡᠦ ᠪᠤᠯᠭᠤᠮᠵᠢᠳᠠᠢ᠂ ᠨᠠᠷᠢᠨ ᠨᠢᠬᠳᠠ ᠦᠨᠳᠦᠰᠦ ᠪᠠᠷᠢᠮᠳᠠ ᠲᠠᠢ ᠪᠠᠶᠢᠬᠤ ᠶᠢ ᠡᠷᠬᠢᠮᠯᠡᠬᠦ ᠡᠷᠳᠡᠮ | ᠰᠢᠨᠵᠢᠯᠡᠬᠡᠨ ᠤ ᠰᠢᠨᠵᠢᠯᠡᠬᠦ ᠤᠬᠠᠭᠠᠨᠴᠢ ᠤᠪᠤᠷ ᠪᠠᠶᠢᠬᠤ ᠬᠡᠷᠡᠭᠳᠡᠢ᠃ ᠰᠤᠳᠤᠯᠬᠤ ᠠᠷᠭ᠎ᠠ ᠬᠡᠯᠪᠡᠷᠢ ᠶᠢᠨ ᠬᠤᠪᠢ ᠳᠤ᠂ ᠵᠠᠷᠢᠮ ᠦᠷᠦᠨᠡᠳᠡᠬᠢᠨ ᠤ ᠰᠢᠨ᠎ᠠ ᠰᠢᠨ᠎ᠠ | ᠰᠤᠳᠤᠯᠭᠠᠨ ᠤ ᠬᠡᠯᠪᠡᠷᠢ ᠶᠢ ᠲᠡᠷᠡ ᠬᠡᠪ ᠢᠶᠠᠷ ᠨᠢ ᠲᠤᠬᠤᠵᠤ ᠬᠡᠷᠡᠭᠯᠡᠬᠦ ᠨᠢ ᠵᠤᠬᠢᠰ ᠦᠬᠡᠢ᠂ ᠬᠠᠷᠢᠨ ᠨᠢᠬᠡ ᠤᠨᠢᠰᠤ ᠶᠢ ᠨᠡᠬᠡᠬᠡᠬᠦ ᠳᠤ ᠵᠠᠪᠠᠯ ᠲᠡᠬᠦᠨ ᠳᠤ ᠲᠤᠬᠢᠷᠠᠬᠰᠠᠨ | ᠲᠡᠷᠡ ᠤᠨᠢᠰᠦ ᠶᠢ ᠨᠡᠬᠡᠬᠡᠵᠤ ᠲᠡᠶᠢᠯᠬᠦ ᠲᠦᠯᠬᠢᠬᠦᠷ ᠪᠠᠶᠢᠬᠤ ᠬᠡᠷᠡᠭᠳᠡᠢ᠂ ᠡᠰᠡ ᠲᠡᠬᠡᠪᠡᠯ᠂ ᠠᠯᠳᠠᠨ ᠲᠦᠯᠬᠢᠬᠦᠷ ᠪᠠᠶᠢᠬᠰᠠᠨ ᠴᠤ ᠲᠤᠰᠠ ᠦᠬᠡᠢ ᠬᠡᠳᠡᠭ ᠢᠶᠠᠷ᠂ | ᠮᠤᠩᠭᠤᠯ ᠦᠨᠳᠦᠰᠦᠳᠡᠨ ᠤ ᠤᠷᠠᠨ ᠵᠢᠷᠤᠭ ᠢ ᠲᠠᠶᠢᠯᠪᠤᠷᠢᠯᠠᠵᠤ ᠰᠤᠳᠤᠯᠬᠤ ᠳᠤ ᠲᠤᠬᠢᠷᠠᠬᠰᠠᠨ ᠵᠢᠩᠬᠢᠨᠢ ᠲᠦᠯᠬᠢᠬᠦᠷ ᠢ ᠤᠯᠵᠤ ᠠᠪᠬᠤ ᠬᠡᠷᠡᠭᠳᠡᠢ᠃ | | | ᠦᠯᠵᠡᠢ᠄ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠦᠨᠳᠦᠰᠦᠳᠡᠨ ᠤ ᠤᠷᠠᠯᠢᠭ ᠤᠨ ᠲᠡᠬᠡᠳᠤ ᠰᠤᠷᠭᠠᠭᠤᠯᠢ ᠶᠢᠨ ᠵᠡᠬᠢᠷᠦᠯ᠂ | ᠫᠷᠦᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠬᠴᠢ᠂ ᠦᠪᠦᠷ ᠮᠤᠩᠭᠤᠯ ᠤᠨ ᠠᠩᠬᠠᠳᠠᠬᠴᠢ ᠤᠷᠠᠨ ᠵᠢᠷᠤᠭ ᠤᠨ ᠲᠡᠦᠬᠡ ᠶᠢᠨ ᠳ᠋ᠤᠺᠲ᠋ᠤᠷ᠃ ︽ᠲᠤᠮᠳᠠᠳᠤ | ᠤᠯᠤᠰ ᠤᠨ ᠤᠷᠠᠨ ᠵᠢᠷᠤᠭ ᠤᠨ ᠲᠤᠪᠴᠢ ᠲᠡᠦᠬᠡ︾᠂ ︽ᠭᠠᠳᠠᠭᠠᠳᠤ ᠶᠢᠨ ᠤᠷᠠᠨ ᠵᠢᠷᠤᠭ ᠤᠨ ᠲᠡᠦᠬᠡ︾ ᠵᠡᠷᠬᠡ ᠶᠡᠭᠡ ᠲᠡᠬᠡᠳᠤ ᠰᠤᠷᠭᠠᠭᠤᠯᠢ ᠶᠢᠨ ᠮᠤᠩᠭᠤᠯ | ᠵᠢᠭᠠᠬᠤ ᠮᠠᠲ᠋ᠧᠷᠢᠶᠠᠯ ᠵᠢᠴᠢ ᠤᠷᠠᠨ ᠵᠢᠷᠤᠭ ᠤᠨ ᠤᠨᠤᠯ ᠰᠤᠳᠤᠯᠤᠯ ᠤᠨ ᠲᠤᠬᠠᠢ ︽ᠮᠤᠩᠭᠤᠯ ᠰᠤᠶᠤᠯ ᠤᠨ ᠰᠤᠳᠤᠯᠤᠯ ᠤᠨ ᠴᠤᠪᠤᠷᠠᠯ ᠨᠤᠮ — ᠤᠷᠠᠨ ᠵᠢᠷᠤᠭ︾ | ᠂ ︽ᠬᠠᠷᠠᠭᠠᠨ ᠰᠠᠷᠠᠯ ᠳᠠᠬᠢ ᠲᠠᠯ᠎ᠠ ᠨᠤᠳᠤᠭ — ᠲᠠᠯ᠎ᠠ ᠨᠤᠳᠤᠭ ᠤᠨ ᠰᠤᠶᠤᠯ ᠬᠢᠬᠡᠳ ᠦᠪᠦᠷ ᠮᠤᠩᠭᠤᠯ ᠤᠨ ᠤᠷᠠᠨ ᠵᠢᠷᠤᠭ︾᠂ ︽ᠤᠷᠠᠯᠢᠭ ᠤᠨ | ᠰᠡᠳᠬᠢᠴᠡ ᠶᠢᠨ ᠵᠦᠢ︾ ᠵᠡᠷᠬᠡ ᠠᠷᠪᠠᠭᠠᠳ ᠪᠦᠳᠦᠬᠡᠯ ᠢ ᠲᠤᠭᠤᠷᠪᠢᠵᠤ᠂ 2009 ᠤᠨ ᠪᠠ 2013 ᠤᠨ ᠳᠤ᠂ ᠲᠤᠰ ᠲᠤᠰ ᠦᠪᠡᠷᠳᠡᠬᠡᠨ ᠵᠠᠰᠠᠬᠤ ᠤᠷᠤᠨ ᠤ | ᠤᠳᠬ᠎ᠠ ᠵᠤᠬᠢᠶᠠᠯ ᠤᠷᠠᠯᠢᠭ ᠤᠨ ᠵᠤᠬᠢᠶᠠᠨ ᠪᠦᠳᠦᠬᠡᠯᠬᠡ ᠶᠢᠨ ︽ᠰᠠᠷᠠᠨ᠎ᠠ︾ ᠱᠠᠩᠨᠠᠯ ᠢ ᠬᠦᠷᠳᠡᠵᠤ᠂ 2010 ᠤᠨ ᠳᠤ᠂ ᠲᠤᠮᠳᠠᠳᠤ ᠤᠯᠤᠰ ᠤᠨ ᠤᠳᠬ᠎ᠠ | ᠤᠷᠠᠯᠢᠭ ᠤᠨ ᠬᠢᠨ ᠤ ᠬᠤᠯᠪᠤᠭ᠎ᠠ ᠶᠢᠨ ᠲᠤᠯᠤᠳᠤᠭᠠᠷ ᠬᠤᠭᠤᠴᠠᠭᠠᠨ ᠤ ᠤᠳᠬ᠎ᠠ ᠤᠷᠠᠯᠢᠭ ᠤᠨ ᠰᠢᠬᠦᠮᠵᠢ ᠶᠢᠨ ᠭᠤᠷᠪᠠᠳᠤᠭᠠᠷ ᠲᠡᠰ ᠤᠨ ᠱᠠᠩᠨᠠᠯ ᠬᠦᠷᠳᠡᠵᠡᠢ᠃ | |