ᠦᠶᠦᠸᠠᠨ ᠰᠢᠶᠠᠨ ᠤ ᠯᠦᠩ ᠰᠢᠩ ᠴᠠᠩ ᠪᠠᠯᠭᠠᠰᠤᠨ ᠤ 80 ᠮᠦ ᠭᠠᠶᠢᠮᠤ ᠴᠡᠴᠡᠭ ᠳᠡᠯᠭᠡᠷᠡᠯ᠎ᠡ
ᠨᠡᠶᠢᠲᠡᠯᠡᠭᠰᠡᠨ ᠴᠠᠭ᠄
2020/6/10
   
           ᠣᠶᠢᠷ᠎ᠠ ᠶᠢᠨ ᠡᠳᠦᠷ᠂ ᠦᠶᠦᠸᠠᠨ ᠰᠢᠶᠠᠨ ᠤ ᠯᠦᠩ ᠰᠢᠩ ᠴᠠᠩ ᠪᠠᠯᠭᠠᠰᠤᠨ ᠤ 80 ᠮᠦ ᠭᠠᠶᠢᠮᠤ ᠴᠡᠴᠡᠭ ᠲᠡᠯᠭᠡᠷᠡᠵᠦ᠂ ᠪᠠᠭ᠋ᠠᠷᠠᠮ᠎ᠠ ᠰᠠᠶᠢᠬᠠᠨ ᠴᠡᠴᠡᠭ ᠤᠨ ᠲᠠᠯᠠᠢ ᠶᠢᠨ ᠦᠵᠡᠮᠵᠢ ᠶᠢ ᠪᠦᠷᠢᠯᠳᠦᠭᠦᠯᠤᠨ᠂ ᠦᠷᠭᠡᠨ ᠤᠯᠠᠨ ᠬᠤᠳᠠ ᠶᠢᠨ ᠠᠷᠠᠳ ᠤᠨ ᠰᠡᠯᠡᠭᠦᠴᠡᠨ ᠵᠢᠭᠤᠯᠴᠢᠯᠠᠬᠤ ᠦᠵᠡᠮᠵᠢ ᠶᠢᠨ ᠴᠡᠭ ᠪᠤᠯᠵᠤ ᠪᠤᠢ᠃ ᠡᠨᠡ ᠵᠢᠯ ᠂ ᠦᠶᠦᠸᠠᠨ ᠰᠢᠶᠠᠨ ᠨᠤᠭᠤᠭᠠᠷᠠᠭᠤᠯᠤᠯᠲᠠ ᠭᠤᠶᠤᠵᠢᠭᠤᠯᠤᠯᠲᠠ ᠶᠢᠨ ᠤᠯᠠᠷᠢᠯ ᠢ ᠲᠤᠬᠢᠶᠠᠯᠳᠤᠭᠤᠯᠤᠨ ᠨᠢᠭᠡ ᠪᠦᠯᠦᠭ ᠤᠷᠳᠤ ᠨᠠᠰᠤᠲᠤ ᠤᠷᠭᠤᠮᠠᠯ᠂ ᠥᠵᠡᠮᠵᠢ ᠶᠢᠨ ᠮᠤᠳᠤᠨ ᠤ ᠲᠦᠷᠦᠯ᠂ ᠬᠡᠪ ᠬᠢᠬᠦ ᠮᠤᠳᠤᠨ ᠤ ᠲᠦᠷᠦᠯ ᠵᠢᠴᠢ ᠬᠦᠷᠦᠰᠦᠨ ᠤ ᠬᠤᠴᠢᠯᠭᠠᠨ ᠤᠷᠭᠤᠮᠠᠯ᠂ ᠡᠪᠡᠰᠦ ᠴᠡᠴᠡᠭ ᠲᠠᠷᠢᠪᠠ᠃ ᠮᠦᠨ ᠴᠡᠴᠡᠷᠯᠢᠭ ᠤᠨ ᠨᠤᠭᠤᠭᠠᠷᠠᠭᠤᠯᠤᠯᠲᠠ ᠶᠢᠨ ᠲᠠᠯᠠᠪᠠᠢ ᠶᠢ 200 ᠮᠦ ᠨᠡᠮᠡᠭᠳᠡᠭᠦᠯᠦᠨ᠂ 200 ᠮᠦ ᠶᠢ ᠨᠢ ᠦᠭᠡᠷᠡᠴᠢᠯᠡᠨ ᠰᠠᠶᠢᠵᠢᠷᠠᠭᠤᠯᠬᠤ ᠪᠠᠷ ᠲᠦᠯᠦᠪᠯᠡᠵᠦ ᠪᠠᠶᠢᠭ᠎ᠠ ᠪᠦᠭᠡᠳ 6 ᠰᠠᠷ᠎ᠠ ᠶᠢᠨ ᠰᠡᠬᠦᠯᠴᠢ ᠪᠠᠷ ᠪᠦᠬᠦ ᠠᠵᠢᠯ ᠨᠢ ᠲᠡᠭᠤᠰᠦᠨ᠎ᠡ᠃ ᠤᠳᠤ ᠨᠢᠭᠡᠨᠲᠡ 4000 ᠭᠠᠷᠤᠢ ᠰᠠᠭᠤᠷᠢ ᠡᠯ᠎ᠡ ᠲᠦᠷᠦᠯ ᠤᠨ ᠲᠤᠷᠤᠭ ᠮᠤᠲᠤ ᠪᠤᠳᠠ ᠮᠤᠳᠤ ᠲᠠᠷᠢᠵᠤ᠂ 3 ᠲᠦᠮᠡ ᠭᠠᠷᠤᠢ ᠲᠡᠭᠰᠢ ᠲᠦᠷᠪᠡᠯᠵᠢᠨ ᠮᠧᠲᠷ ᠬᠦᠷᠦᠰᠦᠨ ᠤ ᠬᠤᠴᠢᠯᠭᠠᠨ ᠤᠷᠭᠤᠮᠠᠯ᠂ ᠵᠥᠯᠬᠡ ᠲᠠᠷᠢᠨ᠂ 3000 ᠭᠠᠷᠤᠢ ᠲᠡᠭᠰᠢ ᠲᠦᠷᠪᠡᠯᠵᠢᠨ ᠮᠧᠲᠷ ᠤᠨ ᠤᠨᠴᠠᠯᠢᠭᠲᠤ ᠴᠡᠴᠡᠭ ᠤᠨ ᠪᠦᠰᠡ ᠭᠠᠷᠭᠠᠪᠠ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ