ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠯ᠎ᠡ᠃ ᠮᠠᠨ ᠤ ᠤᠯᠤᠰ ᠤᠨ ᠰᠣᠷᠣᠭᠴᠢ ᠶᠢ ᠲᠤᠰᠠᠯᠠᠬᠤ ᠲᠥᠷᠥ ᠶᠢᠨ ᠪᠣᠳᠣᠯᠭ᠎ᠠ ᠶᠢᠨ ᠰᠢᠰᠲ᠋ᠧᠮ ᠨᠢᠭᠡᠨᠲᠡ ︽ | ᠭᠤᠷᠪᠠ ᠶᠢ ᠬᠦᠢᠴᠡᠳ ᠪᠥᠷᠬᠦᠭᠦᠯᠬᠦ︾ ᠶᠢ ᠪᠡᠶᠡᠯᠡᠭᠦᠯᠵᠡᠶ᠃ ᠲᠤᠬᠠᠶᠢᠯᠠᠪᠠᠯ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ᠂ ᠠᠯᠪᠠᠨ ᠵᠢᠷᠤᠮ ᠤᠨ | ᠰᠤᠷᠭᠠᠨ ᠬᠥᠮᠦᠵᠢᠯ᠂ ᠥᠨᠳᠥᠷ ᠳᠤᠮᠳᠠᠳᠤ ᠶᠢᠨ ᠱᠠᠲᠤᠨ ᠤ ᠰᠤᠷᠭᠠᠨ ᠬᠥᠮᠦᠵᠢᠯ᠂ ᠵᠢᠩᠬᠢᠨᠢ ᠠᠩᠭᠢ ᠲᠤᠰᠬᠠᠶ ᠮᠡᠷᠭᠡᠵᠢᠯ ᠤᠨ ᠰᠤᠷᠭᠠᠨ ᠬᠥᠮᠦᠵᠢᠯ ᠪᠠ | ᠠᠰᠫᠢᠷᠠᠨᠲ ᠤᠨ ᠰᠤᠷᠭᠠᠨ ᠬᠥᠮᠦᠵᠢᠯ ᠤᠨ ᠪᠣᠶ ᠪᠥᠬᠦᠶ ᠰᠤᠷᠤᠯᠭ᠎ᠠ ᠶᠢᠨ ᠬᠡᠰᠡᠭ ᠲᠤ ᠨᠡᠶᠢᠳᠡᠮ ᠪᠥᠷᠬᠦᠭᠦᠯᠪᠡ᠃ ᠠᠯᠪᠠᠨ ᠠᠴᠠ ᠡᠷᠬᠢᠯᠡᠭᠰᠡᠨ ᠠᠷᠠᠳ ᠠᠴᠠ | ᠡᠷᠬᠢᠯᠡᠭᠰᠡᠨ ᠰᠤᠷᠭᠠᠭᠤᠯᠢ ᠶᠢ ᠪᠦᠬᠦᠨ ᠢ ᠬᠠᠮᠤᠷᠴᠤ᠂ ᠭᠡᠷ ᠪᠦᠯᠢ ᠶᠢᠨ ᠠᠵᠤ ᠠᠬᠤᠢ ᠨᠢ ᠬᠦᠴᠢᠷᠳᠡᠯᠲᠡᠢ ᠰᠤᠷᠤᠭᠴᠢᠳ ᠢ ᠪᠦᠬᠦᠨ ᠢ ᠬᠠᠮᠤᠷᠪᠠ᠃ | ᠨᠢᠬᠡ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ | ᠬᠥᠮᠦᠵᠢᠯ ᠢ ᠲᠤᠰᠠᠯᠠᠬᠤ ᠲᠥᠷᠥ ᠶᠢᠨ ᠪᠣᠳᠣᠯᠭ᠎ᠠ | ︽ᠣᠷᠣᠨ ᠨᠤᠲᠤᠭ ᠤᠨ ᠬᠢᠨ ᠤᠷᠢᠳ ᠢᠶᠠᠷ ᠬᠡᠷᠡᠭᠵᠢᠭᠦᠯᠵᠦ ᠲᠥᠪ ᠠᠴᠠ ᠨᠥᠬᠦᠪᠥᠷᠢ ᠥᠭᠬᠦ︾ ᠵᠠᠷᠴᠢᠮ ᠶᠣᠰᠣᠭᠠᠷ᠂ ᠡᠯ᠎ᠡ ᠭᠠᠵᠠᠷ ᠤᠨ ᠬᠢᠨ ᠲᠤᠬᠠᠶ ᠶᠢᠨ | ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠵᠤ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠢ ᠳᠡᠳᠬᠦᠨ ᠲᠤᠰᠠᠯᠠᠬᠤ ᠲᠥᠷᠥ ᠶᠢᠨ | ᠪᠣᠳᠣᠯᠭ᠎ᠠ ᠶᠢ ᠲᠣᠭᠲᠠᠭᠠᠪᠠ | 1. ᠵᠠᠰᠠᠭ ᠤᠨ ᠤᠷᠳᠤᠨ ᠤ ᠳᠤᠰᠠᠯᠠᠮᠵᠢ᠃ ᠲᠦᠭᠡᠮᠡᠯ ᠬᠠᠷᠠᠭᠠᠯᠵᠠᠯ ᠤᠨ ᠴᠢᠨᠠᠷᠲᠠᠶ ᠬᠡᠤᠬᠡᠳ ᠤᠨ ᠴᠡᠴᠡᠷᠯᠢᠭ ᠤᠨ ᠴᠡᠴᠡᠷᠯᠢᠭ ᠲᠤ ᠪᠠᠶᠢᠭ᠎ᠠ ᠭᠡᠷ ᠪᠦᠯᠢ ᠶᠢᠨ | ᠠᠮᠢᠳᠤᠷᠠᠯ ᠨᠢ ᠬᠦᠴᠢᠷᠳᠡᠯᠲᠡᠶ ᠬᠡᠤᠬᠡᠳ᠂ ᠢᠯᠠᠩᠭᠤᠶ᠎ᠠ ᠳᠠᠩᠰᠠᠯᠠᠵᠤ ᠺᠠᠷᠳ᠋ᠯᠠᠭᠰᠠᠨ ᠭᠡᠷ ᠪᠦᠯᠢ ᠶᠢᠨ ᠬᠡᠤᠬᠡᠳ᠂ ᠠᠮᠢᠳᠤᠷᠠᠯ ᠤᠨ ᠨᠠᠭᠠᠳᠤ ᠵᠠᠬ᠎ᠠ ᠶᠢᠨ ᠪᠠᠳᠤᠯᠠᠪᠤᠷᠢ | ᠬᠦᠷᠳᠡᠵᠦ ᠪᠠᠶᠢᠭ᠎ᠠ ᠭᠡᠷ ᠪᠦᠯᠢ ᠶᠢᠨ ᠬᠡᠤᠬᠡᠳ᠂ ᠣᠨᠴᠠ ᠬᠦᠴᠢᠷᠳᠡᠯᠲᠡᠶ ᠠᠪᠤᠷᠠᠨ ᠲᠤᠰᠠᠯᠠᠵᠤ ᠠᠰᠠᠷᠠᠨ ᠲᠡᠵᠢᠭᠡᠵᠦ ᠪᠠᠶᠢᠭ᠎ᠠ ᠬᠡᠤᠬᠡᠳ᠂ ᠥᠨᠥᠴᠢᠨ ᠬᠡᠤᠬᠡᠳ ᠪᠠ | ᠵᠡᠮᠳᠡᠭ ᠬᠡᠤᠬᠡᠳ ᠢ ᠳᠡᠮᠵᠢᠨ ᠳᠤᠰᠠᠯᠠᠨ᠎ᠠ᠃ | 2. ᠬᠡᠦᠬᠡᠳ ᠤᠨ ᠴᠡᠴᠡᠷᠯᠢᠭ ᠤᠨ ᠳᠤᠰᠠᠯᠠᠮᠵᠢ᠃ ᠬᠡᠤᠬᠡᠳ ᠤᠨ ᠴᠡᠴᠡᠷᠯᠢᠭ ᠨᠢ ᠠᠵᠢᠯ ᠦᠢᠯᠡᠰ ᠤᠨ ᠣᠷᠣᠯᠭ᠎ᠠ ᠠᠴᠠ ᠪᠠᠨ ᠵᠣᠬᠢᠬᠤ ᠬᠠᠷᠢᠴᠠᠯ ᠤᠨ ᠵᠠᠷᠤᠳᠠᠯ | ᠭᠠᠷᠭᠠᠵᠤ᠂ ᠰᠦᠶᠳᠬᠡᠯ ᠬᠤᠷᠢᠶᠠᠬᠤ ᠶᠢ ᠬᠠᠰᠤᠵᠤ ᠬᠡᠯᠲᠦᠷᠢᠭᠦᠯᠬᠦ᠂ ᠣᠨᠴᠠᠭᠠᠢ ᠬᠦᠴᠢᠷᠳᠡᠯ ᠤᠨ ᠲᠤᠰᠠᠯᠠᠮᠵᠢ ᠬᠠᠩᠭᠠᠬᠤ ᠵᠡᠷᠭᠡ ᠳᠤ ᠬᠡᠷᠡᠭᠯᠡᠨ᠎ᠡ᠃ | 3. ᠨᠡᠶᠢᠬᠡᠮ ᠤᠨ ᠳᠤᠰᠠᠯᠠᠮᠵᠢ᠃ ᠨᠡᠶᠢᠭᠡᠮ ᠤᠨ ᠪᠦᠯᠬᠦᠮ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠵᠢᠴᠢ ᠬᠤᠪᠢ ᠬᠥᠮᠦᠨ ᠵᠡᠷᠭᠡ ᠶᠢ ᠬᠥᠲᠥᠯᠥᠨ | ᠵᠢᠯᠣᠭᠤᠳᠬᠤ ᠪᠠ ᠵᠣᠷᠢᠭᠵᠢᠭᠤᠯᠵᠤ᠂ ᠭᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠬᠡᠤᠬᠡᠳ᠂ ᠥᠨᠥᠴᠢᠨ ᠬᠡᠤᠬᠡᠳ ᠪᠠ ᠵᠡᠮᠳᠡᠭ ᠬᠡᠤᠬᠡᠳ ᠢ ᠬᠠᠪᠰᠤᠷᠤᠨ | ᠲᠦᠭᠡᠮᠡᠯ ᠬᠠᠷᠠᠭᠠᠯᠵᠠᠯ ᠤᠨ ᠴᠢᠨᠠᠷᠲᠠᠶ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠬᠦᠷᠲᠡᠭᠡᠨ᠎ᠡ᠃ | ᠬᠤᠶᠠᠷ᠂ ᠠᠯᠪᠠᠨ ᠵᠢᠷᠤᠮ ᠤᠨ ᠰᠤᠷᠭᠠᠨ ᠬᠥᠮᠦᠵᠢᠯ ᠤᠨ | ᠰᠤᠷᠤᠭᠴᠢ ᠶᠢ ᠲᠤᠰᠠᠯᠠᠬᠤ ᠲᠥᠷᠥ ᠶᠢᠨ ᠪᠣᠳᠣᠯᠭ᠎ᠠ | ︽ᠬᠤᠶᠠᠷ ᠢ ᠬᠡᠯᠲᠦᠷᠢᠭᠦᠯᠵᠦ ᠨᠢᠭᠡ ᠶᠢ ᠨᠥᠬᠦᠪᠥᠷᠢᠯᠡᠬᠦ︾ ᠪᠠ ᠰᠢᠮ᠎ᠡ ᠲᠡᠵᠢᠭᠡᠯ ᠢ ᠰᠠᠶᠢᠵᠢᠷᠠᠭᠤᠯᠬᠤ ᠲᠥᠯᠥᠪᠯᠡᠭᠡ ᠶᠢ ᠬᠡᠷᠡᠭᠵᠢᠭᠦᠯᠦᠨ᠎ᠡ᠃ | 1. ᠰᠤᠷᠤᠯᠭ᠎ᠠ ᠶᠢᠨ ᠰᠤᠯᠠ ᠵᠠᠷᠤᠳᠠᠯ ᠢ ᠬᠡᠯᠲᠦᠷᠢᠭᠦᠯᠦᠨ᠎ᠡ᠃ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠱᠠᠲᠤᠨ ᠤ ᠪᠦᠬᠦ ᠰᠤᠷᠤᠭᠴᠢᠳ ᠤᠨ | ᠰᠤᠷᠤᠯᠭ᠎ᠠ ᠶᠢᠨ ᠰᠤᠯᠠ ᠵᠠᠷᠤᠳᠠᠯ ᠢ ᠪᠦᠬᠦᠨ ᠢ ᠬᠡᠯᠲᠦᠷᠢᠭᠦᠯᠦᠨ᠎ᠡ᠃ | 2. ᠬᠢᠴᠢᠶᠡᠯ ᠤᠨ ᠪᠢᠴᠢᠭ ᠦᠨ᠎ᠡ ᠲᠥᠯᠥᠪᠦᠷᠢ ᠦᠭᠡᠢ᠃ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠱᠠᠲᠤᠨ ᠤ ᠪᠣᠢ ᠪᠦᠬᠦᠢ ᠰᠤᠷᠤᠭᠴᠢᠳ ᠲᠤ | ᠰᠦᠶᠳᠬᠡᠯ ᠬᠤᠷᠢᠶᠠᠬᠤ ᠦᠭᠡᠢ ᠪᠠᠷ ᠬᠢᠴᠢᠶᠡᠯ ᠤᠨ ᠪᠢᠴᠢᠭ ᠬᠠᠩᠭᠠᠨ᠎ᠠ᠃ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠤ ᠰᠢᠨ᠎ᠡ ᠰᠤᠷᠤᠭᠴᠢ ᠳᠤ ᠵᠢᠩᠬᠢᠨᠢ | ᠬᠡᠪᠯᠡᠯ ᠤᠨ ᠰᠤᠷᠤᠭᠴᠢ ᠶᠢᠨ ᠲᠣᠯᠢ ᠶᠢ ᠦᠨ᠎ᠡ ᠲᠥᠯᠥᠪᠦᠷᠢ ᠦᠭᠡᠢ ᠪᠠᠷ ᠬᠠᠩᠭᠠᠨ᠎ᠠ᠃ | 3. ᠭᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠰᠤᠷᠤᠭᠴᠢᠳ ᠲᠤ ᠠᠮᠢᠳᠤᠷᠠᠯ ᠤᠨ ᠨᠥᠬᠦᠪᠥᠷᠢ ᠤᠯᠭᠤᠨ᠎ᠠ᠃ ᠬᠤᠲᠠ ᠬᠥᠳᠡᠭᠡ ᠶᠢᠨ ᠭᠡᠷ ᠪᠦᠯᠢ ᠶᠢᠨ | ᠠᠮᠢᠳᠤᠷᠠᠯ ᠨᠢ ᠬᠦᠴᠢᠷᠳᠡᠯᠲᠡᠶ ᠰᠤᠷᠤᠭᠴᠢᠳ ᠤᠨ ᠠᠮᠢᠳᠤᠷᠠᠯ ᠤᠨ ᠵᠠᠷᠤᠳᠠᠯ ᠢ ᠨᠥᠬᠦᠪᠥᠷᠢᠯᠡᠨ᠎ᠡ᠂ ᠡᠭᠦᠨ ᠳᠤ᠂ ᠪᠠᠶᠢᠷᠢ ᠳᠤ ᠰᠠᠭᠤᠬᠤ ᠰᠣᠷᠣᠭᠴᠢ ᠶᠢᠨ | ᠨᠥᠬᠦᠪᠥᠷᠢ ᠶᠢᠨ ᠪᠠᠷᠢᠮᠵᠢᠶ᠎ᠠ ᠨᠢ ᠪᠠᠭ᠎ᠠ ᠰᠤᠷᠭᠠᠭᠤᠯᠢ ᠶᠢᠨ ᠰᠣᠷᠣᠭᠴᠢ ᠨᠢ ᠵᠢᠯ ᠪᠦᠷᠢ 1000 ᠲᠥᠭᠦᠷᠢᠭ᠂ ᠠᠩᠬ᠎ᠠ ᠳᠤᠮᠳᠠᠳᠤ ᠶᠢᠨ ᠰᠣᠷᠣᠭᠴᠢ ᠨᠢ ᠵᠢᠯ ᠪᠦᠷᠢ | 1250 ᠲᠥᠭᠦᠷᠢᠭ ᠪᠣᠯᠤᠨ᠎ᠠ︔ ᠪᠠᠶᠢᠷᠢ ᠳᠤ ᠰᠠᠭᠤᠭ᠎ᠠ ᠦᠬᠡᠢ ᠰᠤᠷᠤᠭᠴᠢ ᠶᠢᠨ ᠨᠥᠬᠦᠪᠥᠷᠢ ᠶᠢᠨ ᠪᠠᠷᠢᠮᠵᠢᠶ᠎ᠠ ᠨᠢ ᠪᠠᠭ᠎ᠠ ᠰᠤᠷᠭᠠᠭᠤᠯᠢ ᠶᠢᠨ ᠰᠤᠷᠤᠭᠴᠢ | ᠨᠢᠭᠡᠪᠦᠷᠢ ᠳᠤ ᠵᠢᠯ ᠪᠦᠷᠢ 500 ᠲᠥᠭᠦᠷᠢᠭ᠂ ᠠᠩᠬ᠎ᠠ ᠳᠤᠮᠳᠠᠳᠤ ᠶᠢᠨ ᠰᠤᠷᠤᠭᠴᠢ ᠨᠢᠭᠡᠪᠦᠷᠢ ᠳᠤ ᠵᠢᠯ ᠪᠦᠷᠢ 625 ᠲᠥᠭᠦᠷᠢᠭ ᠪᠣᠯᠤᠨ᠎ᠠ᠃ | 4. ᠰᠢᠮ᠎ᠡ ᠲᠡᠵᠢᠭᠡᠯ ᠢ ᠰᠠᠶᠢᠵᠢᠷᠠᠭᠤᠯᠬᠤ ᠲᠥᠯᠥᠪᠯᠡᠭᠡ᠃ ᠤᠯᠤᠰ ᠤᠨ ᠲᠤᠷᠰᠢᠯᠲᠠ ᠶᠢᠨ ᠴᠡᠭ ᠤᠨ ᠭᠠᠵᠠᠷ ᠣᠷᠣᠨ ᠤ ᠬᠥᠳᠡᠭᠡ ᠲᠣᠰᠬᠤᠨ ᠤ ᠠᠯᠪᠠᠨ | ᠵᠢᠷᠤᠮ ᠤᠨ ᠰᠤᠷᠭᠠᠨ ᠬᠥᠮᠦᠵᠢᠯ ᠤᠨ ᠱᠠᠲᠤᠨ ᠤ ᠰᠤᠷᠤᠭᠴᠢᠳ ᠲᠤ ᠰᠢᠮ᠎ᠡ ᠲᠡᠵᠢᠭᠡᠯᠲᠦ ᠢᠳᠡᠭᠡᠨ ᠤ ᠨᠥᠬᠦᠪᠥᠷᠢ ᠬᠠᠩᠭᠠᠬᠤ ᠬᠡᠷᠡᠭᠲᠡᠶ᠃ ᠨᠥᠬᠦᠪᠥᠷᠢ ᠥᠭᠬᠦ | ᠪᠠᠷᠢᠮᠵᠢᠶ᠎ᠠ ᠨᠢ ᠰᠤᠷᠤᠭᠴᠢ ᠪᠦᠷᠢ ᠵᠢᠯ ᠳᠤ 800 ᠲᠥᠭᠦᠷᠢᠭ ᠪᠣᠯᠤᠨ᠎ᠠ᠃ ᠣᠷᠣᠨ ᠨᠤᠲᠤᠭ ᠤᠨ ᠬᠢᠨ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠰᠢᠮ᠎ᠡ | ᠲᠡᠵᠢᠭᠡᠯᠲᠦ ᠬᠤᠭᠤᠯᠠ ᠶᠢᠨ ᠣᠷᠣᠨ ᠨᠤᠲᠤᠭ ᠤᠨ ᠲᠤᠷᠰᠢᠯᠲᠠ ᠶᠢ ᠬᠡᠷᠡᠭᠵᠢᠭᠦᠯᠦᠨ᠎ᠡ᠃ | ᠭᠤᠷᠪᠠ᠂ ᠡᠩ ᠤᠨ ᠥᠨᠳᠥᠷ ᠳᠤᠮᠳᠠᠳᠤ ᠰᠤᠷᠭᠠᠭᠤᠯᠢ ᠶᠢᠨ ᠰᠤᠷᠭᠠᠨ | ᠬᠥᠮᠦᠵᠢᠯ ᠤᠨ ᠰᠤᠷᠤᠭᠴᠢᠳ ᠢ ᠳᠡᠮᠵᠢᠨ ᠲᠤᠰᠠᠯᠠᠬᠤ ᠲᠥᠷᠥ ᠶᠢᠨ ᠪᠣᠳᠣᠯᠭ᠎ᠠ | ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ᠂ ᠳᠠᠩᠰᠠᠯᠠᠵᠤ ᠺᠠᠷᠳ᠋ᠯᠠᠭᠰᠠᠨ ᠭᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠰᠤᠷᠤᠭᠴᠢᠳ ᠤᠨ | ᠰᠤᠷᠤᠯᠭ᠎ᠠ ᠶᠢᠨ ᠰᠤᠯᠠ ᠵᠠᠷᠤᠳᠠᠯ ᠢ ᠬᠡᠯᠲᠦᠷᠢᠭᠦᠯᠬᠦ ᠪᠠᠷ ᠭᠤᠤᠯ ᠪᠣᠯᠭᠠᠵᠤ᠂ ᠣᠷᠣᠨ ᠨᠤᠲᠤᠭ ᠤᠨ ᠵᠠᠰᠠᠭ ᠤᠨ ᠣᠷᠳᠣᠨ ᠤ ᠲᠤᠰᠠᠯᠠᠮᠵᠢ ᠪᠠ ᠰᠤᠷᠭᠠᠭᠤᠯᠢ᠂ | ᠨᠡᠶᠢᠭᠡᠮ ᠤᠨ ᠲᠤᠰᠠᠯᠠᠮᠵᠢ ᠪᠠᠷ ᠨᠥᠬᠦᠪᠥᠷᠢ ᠪᠣᠯᠭᠠᠨ᠎ᠠ | 1. ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ᠃ ᠡᠩ ᠤᠨ ᠥᠨᠳᠥᠷ ᠳᠤᠮᠳᠠᠳᠤ ᠰᠤᠷᠭᠠᠭᠤᠯᠢ ᠶᠢᠨ ᠭᠡᠷ ᠪᠦᠯᠢ ᠶᠢᠨ ᠠᠮᠢᠳᠤᠷᠠᠯ ᠨᠢ | ᠬᠦᠴᠢᠷᠳᠡᠯᠲᠡᠶ ᠰᠤᠷᠤᠭᠴᠢᠳ ᠢ ᠳᠡᠮᠵᠢᠨ ᠲᠤᠰᠠᠯᠠᠬᠤ ᠳᠤ ᠲᠤᠰᠠᠯᠠᠬᠤ ᠪᠠᠷᠢᠮᠵᠢᠶ᠎ᠠ ᠨᠢ ᠰᠤᠷᠤᠭᠴᠢ ᠨᠢᠭᠡᠪᠦᠷᠢ ᠳᠤ ᠵᠢᠯ ᠤᠨ 2000 ᠲᠥᠭᠦᠷᠢᠭ ᠤᠯᠭᠤᠨ᠎ᠠ᠃ | 2. ᠰᠤᠷᠤᠯᠭ᠎ᠠ ᠶᠢᠨ ᠰᠤᠯᠠ ᠵᠠᠷᠤᠳᠠᠯ ᠢ ᠬᠡᠯᠲᠦᠷᠢᠭᠦᠯᠦᠨ᠎ᠡ᠃ ᠠᠯᠪᠠᠨ ᠠᠴᠠ ᠡᠷᠭᠢᠯᠡᠭᠰᠡᠨ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ | ᠳᠠᠩᠰᠠᠯᠠᠵᠤ ᠺᠠᠷᠳ᠋ᠯᠠᠭᠰᠠᠨ ᠬᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠰᠣᠷᠣᠭᠴᠢ ︵ᠳᠠᠩᠰᠠᠯᠠᠵᠤ ᠺᠠᠷᠳ᠋ᠯᠠᠭᠰᠠᠨ ᠪᠤᠰᠤ ᠬᠡᠷ ᠪᠦᠯᠢ ᠶᠢᠨ ᠠᠮᠢᠳᠤᠷᠠᠯ ᠨᠢ | ᠬᠦᠴᠢᠷᠳᠡᠯᠲᠡᠶ ᠵᠡᠮᠳᠡᠭ ᠰᠣᠷᠣᠭᠴᠢ᠂ ᠬᠥᠳᠡᠭᠡ ᠲᠣᠰᠬᠤᠨ ᠤ ᠠᠮᠢᠳᠤᠷᠠᠯ ᠤᠨ ᠨᠠᠭᠠᠳᠤ ᠵᠠᠬ᠎ᠠ ᠶᠢᠨ ᠪᠠᠳᠤᠯᠠᠪᠤᠷᠢ ᠭᠥᠷᠳᠡᠬᠦ ᠬᠡᠷ ᠪᠦᠯᠢ ᠶᠢᠨ ᠰᠣᠷᠣᠭᠴᠢ᠂ ᠬᠥᠳᠡᠭᠡ | ᠲᠣᠰᠬᠤᠨ ᠤ ᠣᠨᠴᠠ ᠬᠦᠴᠢᠷᠳᠡᠯᠲᠡᠶ ᠠᠪᠤᠷᠠᠨ ᠲᠤᠰᠠᠯᠠᠵᠤ ᠠᠰᠠᠷᠠᠨ ᠲᠡᠵᠢᠭᠡᠬᠦ ᠰᠣᠷᠣᠭᠴᠢ ᠪᠠᠭᠲᠠᠨ᠎ᠠ︶ ᠶᠢᠨ ᠰᠤᠷᠤᠯᠭ᠎ᠠ ᠶᠢᠨ ᠰᠤᠯᠠ ᠵᠠᠷᠤᠳᠠᠯ ᠢ ᠭᠡᠯᠳᠦᠷᠢᠭᠦᠯᠦᠨ᠎ᠡ | ᠃ | 3. ᠣᠷᠣᠨ ᠨᠤᠲᠤᠭ ᠤᠨ ᠵᠠᠰᠠᠭ ᠤᠨ ᠣᠷᠳᠣᠨ ᠵᠣᠭᠤᠰ ᠮᠥᠩᠭᠦ ᠪᠠᠷ ᠲᠤᠰᠠᠯᠠᠨ᠎ᠠ᠃ ᠬᠡᠰᠡᠭ ᠭᠠᠵᠠᠷ ᠣᠷᠣᠨ ᠳᠤ ᠣᠷᠣᠨ ᠨᠤᠲᠤᠭ ᠤᠨ ᠴᠢᠨᠠᠷᠲᠠᠶ | ᠰᠤᠷᠤᠯᠭ᠎ᠠ ᠶᠢᠨ ᠱᠠᠩᠨᠠᠯ ᠤᠨ ᠮᠥᠩᠭᠦ᠂ ᠰᠤᠷᠤᠯᠭ᠎ᠠ ᠶᠢᠨ ᠲᠡᠳᠬᠦᠮᠵᠢ ᠶᠢᠨ ᠮᠥᠩᠭᠦ᠂ ᠲᠤᠰᠬᠠᠶ ᠵᠦᠶᠯ ᠤᠨ ᠰᠦᠶᠳᠬᠡᠯ ᠬᠤᠷᠢᠶᠠᠬᠤ ᠦᠭᠡᠢ ᠵᠡᠷᠭᠡ ᠲᠦᠷᠦ ᠶᠢᠨ | ᠪᠤᠳᠤᠯᠭ᠎ᠠ ᠶᠢ ᠲᠣᠭᠲᠠᠭᠠᠪᠠ᠃ | 4. ᠰᠤᠷᠭᠠᠭᠤᠯᠢ ᠠᠴᠠ ᠵᠣᠭᠤᠰ ᠮᠥᠩᠭᠦ ᠪᠠᠷ ᠲᠤᠰᠠᠯᠠᠬᠤ᠃ ᠰᠤᠷᠭᠠᠭᠤᠯᠢ ᠨᠢ ᠠᠵᠢᠯ ᠦᠢᠯᠡᠰ ᠤᠨ ᠣᠷᠣᠯᠭ᠎ᠠ ᠶᠢᠨ ᠳᠣᠲᠣᠷ᠎ᠠ ᠠᠴᠠ ᠪᠠᠨ ᠵᠣᠬᠢᠬᠤ | ᠬᠠᠷᠢᠴᠠᠯ ᠤᠨ ᠵᠠᠷᠤᠳᠠᠯ ᠭᠠᠷᠭᠠᠨ ᠠᠪᠴᠤ᠂ ᠰᠤᠷᠤᠭᠴᠢ ᠶᠢᠨ ᠰᠤᠷᠤᠯᠭ᠎ᠠ ᠶᠢᠨ ᠰᠦᠢᠳᠬᠡᠯ ᠢ ᠬᠡᠯᠳᠦᠷᠢᠬᠦᠯᠬᠦ᠂ ᠰᠤᠷᠭᠠᠭᠤᠯᠢ ᠶᠢᠨ ᠳᠤᠳᠤᠷᠠᠬᠢ ᠰᠤᠷᠤᠯᠭ᠎ᠠ ᠶᠢᠨ | ᠱᠠᠩᠨᠠᠯ ᠤᠨ ᠮᠦᠩᠬᠦ ᠪᠠ ᠤᠨᠴᠠ ᠬᠦᠴᠢᠷᠳᠡᠯ ᠤᠨ ᠨᠦᠬᠦᠪᠦᠷᠢ ᠵᠡᠷᠬᠡ ᠵᠠᠷᠤᠯᠭ᠎ᠠ ᠪᠤᠯᠭᠠᠨ᠎ᠠ᠃ | 5. ᠨᠡᠶᠢᠭᠡᠮ ᠤᠨ ᠲᠤᠰᠠᠯᠠᠮᠵᠢ᠃ ᠠᠵᠤ ᠠᠬᠤᠶᠢᠯᠠᠯ᠂ ᠨᠡᠶᠢᠭᠡᠮ ᠤᠨ ᠪᠦᠯᠬᠦᠮ ᠵᠢᠴᠢ ᠬᠤᠪᠢ ᠬᠥᠮᠦᠨ ᠵᠡᠷᠭᠡ ᠶᠢᠨ ᠡᠩ ᠤᠨ ᠥᠨᠳᠥᠷ ᠵᠡᠷᠭᠡ ᠶᠢᠨ ᠳᠤᠮᠳᠠᠳᠤ | ᠰᠤᠷᠭᠠᠭᠤᠯᠢ ᠳᠤ ᠬᠠᠨᠳᠤᠭᠤᠯᠤᠨ ᠰᠤᠷᠤᠯᠭ᠎ᠠ ᠶᠢᠨ ᠱᠠᠩᠨᠠᠯ ᠤᠨ ᠮᠥᠩᠭᠦ᠂ ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠪᠠᠶᠢᠭᠤᠯᠬᠤ ᠶᠢ ᠢᠳᠡᠪᠬᠢᠲᠡᠶ ᠪᠠᠷ ᠬᠥᠲᠥᠯᠥᠨ | ᠵᠢᠯᠣᠭᠤᠳᠬᠤ ᠪᠠ ᠵᠣᠷᠢᠭᠵᠢᠭᠤᠯᠤᠨ᠎ᠠ᠃ | ᠲᠦᠷᠪᠡ᠂ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ | ᠬᠥᠮᠦᠵᠢᠯ ᠤᠨ ᠰᠤᠷᠤᠭᠴᠢ ᠶᠢ ᠲᠤᠰᠠᠯᠠᠬᠤ ᠲᠥᠷᠥ ᠶᠢᠨ ᠪᠣᠳᠣᠯᠭ᠎ᠠ | ᠤᠯᠤᠰ ᠤᠨ ᠰᠤᠷᠤᠯᠭ᠎ᠠ ᠶᠢᠨ ᠱᠠᠩᠨᠠᠯ ᠤᠨ ᠮᠥᠩᠭᠦ᠂ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠪᠠ ᠰᠤᠷᠤᠯᠭ᠎ᠠ ᠶᠢᠨ ᠰᠦᠢᠳᠬᠡᠯ ᠢ | ᠬᠡᠯᠲᠦᠷᠢᠭᠦᠯᠬᠦ ᠪᠠᠷ ᠭᠤᠣᠯ ᠪᠣᠯᠭᠠᠵᠤ᠂ ᠭᠠᠵᠠᠷ ᠤᠷᠤᠨ ᠤ ᠵᠠᠰᠠᠭ ᠤᠨ ᠤᠷᠳᠤᠨ ᠳᠡᠮᠵᠢᠬᠦ᠂ ᠰᠤᠷᠭᠠᠭᠤᠯᠢ ᠪᠠ ᠨᠡᠶᠢᠬᠡᠮ ᠤᠨ ᠳᠡᠮᠵᠢᠯᠬᠡ ᠵᠡᠷᠬᠡ ᠪᠠᠷ ᠨᠦᠬᠦᠪᠦᠷᠢ | ᠪᠤᠯᠭᠠᠨ᠎ᠠ᠃ | 1. ᠤᠯᠤᠰ ᠤᠨ ᠰᠤᠷᠤᠯᠭ᠎ᠠ ᠶᠢᠨ ᠱᠠᠩᠨᠠᠯ ᠤᠨ ᠮᠥᠩᠭᠦ᠃ ᠤᠯᠤᠰ ᠠᠴᠠ ᠪᠦᠬᠦᠯᠢ ᠡᠳᠦᠷ ᠤᠨ ᠳᠦᠷᠢᠮᠲᠦ ᠳᠤᠮᠳᠠ ᠵᠡᠷᠭᠡ ᠶᠢᠨ ᠠᠵᠢᠯ ᠮᠡᠷᠭᠡᠵᠢᠯ ᠤᠨ | ᠰᠤᠷᠭᠠᠭᠤᠯᠢ ᠶᠢᠨ ᠬᠤᠶᠠᠳᠤᠭᠠᠷ ᠣᠨ ᠠᠴᠠ ᠳᠡᠭᠡᠭᠰᠢᠬᠢ ᠰᠤᠷᠤᠭᠴᠢᠳ ᠤᠨ ᠰᠤᠷᠤᠯᠭ᠎ᠠ ᠶᠢᠨ ᠬᠢᠷᠢ ᠪᠦᠲᠦᠮᠵᠢ ᠨᠢ ᠰᠢᠯᠢᠳᠡᠭ᠂ ᠮᠡᠷᠭᠡᠵᠢᠯ ᠤᠨ ᠴᠢᠳᠠᠪᠤᠷᠢ ᠶᠢᠨ | ᠢᠯᠡᠷᠡᠯ ᠲᠣᠪᠤᠶᠢᠮ᠎ᠠ ᠰᠤᠷᠤᠭᠴᠢᠳ ᠢ ᠱᠠᠩᠨᠠᠨ ᠬᠥᠬᠢᠭᠦᠯᠦᠨ᠎ᠡ᠃ ᠵᠢᠯ ᠪᠦᠷᠢ 2 ᠲᠦᠮᠡᠨ ᠰᠤᠷᠤᠭᠴᠢ ᠶᠢ ᠱᠠᠩᠨᠠᠵᠤ᠂ ᠰᠤᠷᠤᠯᠭ᠎ᠠ ᠶᠢᠨ ᠱᠠᠩᠨᠠᠯ ᠤᠨ ᠮᠥᠩᠭᠦ ᠶᠢᠨ | ᠪᠠᠷᠢᠮᠵᠢᠶ᠎ᠠ ᠨᠢ ᠰᠤᠷᠤᠭᠴᠢ ᠪᠦᠷᠢ ᠵᠢᠯ ᠳᠤ 6000 ᠲᠥᠭᠦᠷᠢᠭ ᠤᠯᠭᠤᠨ᠎ᠠ᠃ | 2. ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ᠃ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠪᠦᠬᠦᠯᠢ ᠡᠳᠦᠷ ᠤᠨ | ᠳᠦᠷᠢᠮᠲᠦ ᠰᠤᠷᠤᠯᠭ᠎ᠠ ᠶᠢᠨ ᠨᠠᠮᠲᠠᠷ ᠤᠨ ᠰᠤᠷᠭᠠᠨ ᠬᠥᠮᠦᠵᠢᠯ ᠤᠨ ᠵᠢᠩᠬᠢᠨᠢ ᠰᠤᠷᠭᠠᠭᠤᠯᠢ ᠶᠢᠨ ᠬᠠᠷᠢᠶᠠᠨ ᠤ ᠨᠢᠭᠡᠳᠦᠭᠡᠷ᠂ ᠬᠤᠶᠠᠳᠤᠭᠠᠷ ᠣᠨ ᠤ ᠰᠤᠷᠭᠠᠭᠤᠯᠢ ᠳᠤ | ᠪᠠᠶᠢᠭ᠎ᠠ ᠲᠠᠷᠢᠶᠠᠯᠠᠩ ᠳᠤ ᠬᠤᠯᠪᠣᠭᠳᠠᠬᠤ ᠲᠤᠰᠬᠠᠶ ᠮᠡᠷᠭᠡᠵᠢᠯ ᠤᠨ ᠰᠤᠷᠤᠭᠴᠢ ᠪᠣᠯᠤᠨ ᠲᠠᠷᠢᠶᠠᠯᠠᠩ ᠳᠤ ᠬᠤᠯᠪᠣᠭᠳᠠᠬᠤ ᠪᠤᠰᠤ ᠲᠤᠰᠬᠠᠶ ᠮᠡᠷᠭᠡᠵᠢᠯ ᠤᠨ ᠭᠡᠷ | ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠰᠤᠷᠤᠭᠴᠢ ᠶᠢ ᠳᠡᠮᠵᠢᠨ ᠳᠤᠰᠠᠯᠠᠨ᠎ᠠ᠃ ᠵᠣᠭᠤᠰ ᠢᠶᠠᠷ ᠲᠤᠰᠠᠯᠠᠬᠤ ᠳᠤᠮᠳᠠᠴᠢ ᠪᠠᠷᠢᠮᠵᠢᠶ᠎ᠠ ᠨᠢ ᠰᠤᠷᠤᠭᠴᠢ ᠪᠦᠷᠢ ᠵᠢᠯ ᠳᠤ | 2000 ᠲᠥᠭᠦᠷᠢᠭ ᠪᠣᠯᠤᠨ᠎ᠠ᠃ ᠯᠢᠦ ᠫᠠᠨ ᠱᠠᠨ ᠠᠭᠤᠯᠠᠷᠬᠠᠭ ᠣᠷᠣᠨ ᠵᠡᠷᠭᠡ 11 ᠦᠷᠬᠦᠯᠵᠢᠯᠡᠨ ᠵᠠᠯᠭᠠᠯᠳᠤᠭᠰᠠᠨ ᠣᠨᠴᠠ ᠬᠦᠴᠢᠷᠳᠡᠯᠲᠡᠶ ᠭᠠᠵᠠᠷ ᠣᠷᠣᠨ | ᠪᠣᠯᠤᠨ ᠲᠥᠪᠡᠳ᠂ ᠰᠧᠴᠤᠸᠠᠨ ᠮᠤᠵᠢ ᠶᠢᠨ ᠲᠥᠪᠡᠳ ᠣᠷᠣᠨ᠂ ᠰᠢᠨᠵᠢᠶᠠᠩ ᠤᠨ ᠡᠮᠦᠨᠡᠲᠦ ᠬᠡᠰᠡᠭ ᠤᠨ ᠳᠥᠷᠪᠡᠨ ᠲᠤᠰᠬᠠᠶ ᠣᠷᠣᠨ ᠵᠧᠤ ᠶᠢᠨ ᠳᠤᠮᠳᠠ | ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠬᠥᠳᠡᠭᠡ ᠲᠣᠰᠬᠤᠨ ᠤ ᠰᠤᠷᠤᠭᠴᠢ ︵ᠰᠢᠶᠠᠨ ᠤ ᠬᠤᠲᠠ ᠪᠠᠭᠲᠠᠬᠤ ᠦᠭᠡᠢ︶ ᠶᠢ ᠪᠦᠬᠦᠨ ᠢ ᠤᠯᠤᠰ ᠠᠴᠠ | ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠬᠦᠷᠲᠡᠬᠦ ᠬᠡᠪᠴᠢᠶᠡᠨ ᠳᠤ ᠣᠷᠣᠭᠤᠯᠪᠠ᠃ | 3. ᠰᠤᠷᠤᠯᠭ᠎ᠠ ᠶᠢᠨ ᠰᠦᠢᠳᠭᠡᠯ ᠢ ᠬᠡᠯᠲᠦᠷᠢᠭᠦᠯᠦᠨ᠎ᠡ᠃ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠪᠦᠬᠦᠯᠢ ᠡᠳᠦᠷ ᠤᠨ ᠳᠦᠷᠢᠮᠲᠦ | ᠰᠤᠷᠤᠯᠭ᠎ᠠ ᠶᠢᠨ ᠨᠠᠮᠲᠠᠷ ᠤᠨ ᠰᠤᠷᠭᠠᠨ ᠬᠥᠮᠦᠵᠢᠯ ᠤᠨ ᠵᠢᠩᠬᠢᠨᠢ ᠰᠤᠷᠭᠠᠭᠤᠯᠢ ᠶᠢᠨ ᠬᠠᠷᠢᠶᠠᠨ ᠤ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠣᠨ ᠤ | ᠰᠤᠷᠭᠠᠭᠤᠯᠢ ᠳᠤ ᠪᠠᠶᠢᠭ᠎ᠠ ᠰᠤᠷᠤᠭᠴᠢ ᠶᠢᠨ ᠳᠣᠲᠣᠷᠠᠬᠢ ᠪᠤᠶ ᠪᠦᠬᠦᠢ ᠬᠥᠳᠡᠭᠡ ᠲᠣᠰᠬᠤᠨ ︵ᠰᠢᠶᠠᠨ ᠪᠠᠯᠭᠠᠰᠤ ᠪᠠᠭᠲᠠᠨ᠎ᠠ︶ ᠤ ᠰᠤᠷᠤᠭᠴᠢ᠂ ᠬᠤᠲᠠ ᠶᠢᠨ | ᠲᠠᠷᠢᠶᠠᠯᠠᠩ ᠳᠤ ᠬᠤᠯᠪᠣᠭᠳᠠᠬᠤ ᠲᠤᠰᠬᠠᠶ ᠮᠡᠷᠭᠡᠵᠢᠯ ᠤᠨ ᠰᠤᠷᠤᠭᠴᠢ ᠪᠣᠯᠤᠨ ᠭᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠰᠤᠷᠤᠭᠴᠢ᠂ ᠦᠨᠳᠦᠰᠦᠲᠡᠨ ᠤ | ᠭᠠᠵᠠᠷ ᠣᠷᠣᠨ ᠤ ᠰᠤᠷᠭᠠᠭᠤᠯᠢ ᠳᠤ ᠰᠤᠷᠤᠯᠴᠠᠵᠤ ᠪᠠᠶᠢᠶᠭᠠ ᠰᠤᠷᠤᠭᠴᠢ ᠪᠠ ᠰᠢ ᠵᠦᠴᠦᠭᠡ ᠶᠢᠨ ᠲᠣᠭᠯᠠᠯᠲᠠ ᠶᠢᠨ ᠲᠤᠰᠬᠠᠶ ᠮᠡᠷᠭᠡᠵᠢᠯ ᠤᠨ ᠰᠤᠷᠤᠭᠴᠢ ᠶᠢᠨ | ᠰᠤᠷᠤᠯᠭ᠎ᠠ ᠶᠢᠨ ᠰᠦᠶᠳᠬᠡᠯ ᠢ ᠬᠡᠯᠲᠦᠷᠢᠭᠦᠯᠦᠨ᠎ᠡ᠃ | 4. ᠣᠷᠣᠨ ᠨᠤᠲᠤᠭ ᠤᠨ ᠵᠠᠰᠠᠭ ᠤᠨ ᠣᠷᠳᠣᠨ ᠲᠤᠰᠠᠯᠠᠨ᠎ᠠ᠃ ᠤᠯᠤᠰ ᠤᠨ ᠰᠤᠷᠤᠯᠭ᠎ᠠ ᠶᠢᠨ ᠱᠠᠩᠨᠠᠯ ᠤᠨ ᠮᠥᠩᠭᠦ᠂ ᠤᠯᠤᠰ ᠤᠨ ᠰᠤᠷᠤᠯᠭ᠎ᠠ ᠶᠢᠨ | ᠲᠡᠳᠬᠦᠮᠵᠢ ᠶᠢᠨ ᠮᠥᠩᠭᠦ ᠪᠠ ᠰᠤᠷᠤᠯᠭ᠎ᠠ ᠶᠢᠨ ᠰᠦᠢᠳᠬᠡᠯ ᠢ ᠬᠡᠯᠲᠦᠷᠢᠭᠦᠯᠬᠦ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠭᠰᠠᠨ ᠰᠠᠭᠤᠷᠢᠨ ᠳᠡᠭᠡᠷ᠎ᠡ᠂ ᠬᠡᠰᠡᠭ | ᠭᠠᠵᠠᠷ ᠣᠷᠣᠨ ᠳᠤ ᠣᠷᠣᠨ ᠨᠤᠲᠤᠭ ᠤᠨ ᠴᠢᠨᠠᠷᠲᠠᠶ ᠰᠤᠷᠤᠯᠭ᠎ᠠ ᠶᠢᠨ ᠱᠠᠩᠨᠠᠯ ᠤᠨ ᠮᠥᠩᠭᠦ᠂ ᠰᠤᠷᠤᠯᠭ᠎ᠠ ᠶᠢᠨ ᠲᠡᠳᠬᠦᠮᠵᠢ ᠶᠢᠨ ᠮᠥᠩᠭᠦ᠂ ᠰᠤᠷᠤᠯᠭ᠎ᠠ ᠶᠢᠨ | ᠰᠦᠶᠳᠬᠡᠯ ᠢ ᠬᠡᠯᠲᠦᠷᠢᠭᠦᠯᠬᠦ ᠵᠡᠷᠭᠡ ᠲᠦᠷᠦ ᠶᠢᠨ ᠪᠤᠳᠤᠯᠭ᠎ᠠ ᠶᠢ ᠲᠣᠭᠲᠠᠭᠠᠪᠠ᠃ | 5. ᠰᠤᠷᠭᠠᠭᠤᠯᠢ ᠠᠴᠠ ᠵᠣᠭᠤᠰ ᠮᠥᠩᠭᠦ ᠪᠠᠷ ᠲᠤᠰᠠᠯᠠᠬᠤ᠃ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠨᠤᠭᠤᠳ ᠠᠵᠢᠯ ᠦᠢᠯᠡᠰ ᠤᠨ | ᠣᠷᠣᠯᠭ᠎ᠠ ᠠᠴᠠ ᠪᠠᠨ ᠵᠣᠬᠢᠬᠤ ᠬᠠᠷᠢᠴᠠᠯ ᠪᠦᠬᠦᠢ ᠵᠠᠷᠤᠳᠠᠯ ᠢ ᠭᠠᠷᠭᠠᠨ ᠠᠪᠴᠤ᠂ ᠰᠤᠷᠤᠯᠭ᠎ᠠ ᠶᠢᠨ ᠰᠦᠶᠳᠬᠡᠯ ᠢ ᠬᠠᠰᠤᠵᠤ ᠬᠡᠯᠲᠦᠷᠢᠭᠦᠯᠬᠦ᠂ ᠰᠤᠷᠭᠠᠭᠤᠯᠢ ᠶᠢᠨ | ᠳᠣᠲᠣᠷᠠᠬᠢ ᠱᠠᠩᠨᠠᠯ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ᠂ ᠣᠨᠴᠠᠭᠠᠢ ᠬᠦᠴᠢᠷᠳᠡᠯ ᠤᠨ ᠨᠥᠬᠦᠪᠥᠷᠢ ᠪᠣᠯᠤᠨ ᠠᠵᠢᠯ ᠬᠢᠵᠦ ᠰᠤᠷᠤᠯᠭ᠎ᠠ ᠶᠢ ᠲᠡᠳᠬᠦᠬᠦ | ᠵᠡᠷᠭᠡ ᠳᠤ ᠬᠡᠷᠡᠭᠯᠡᠨ᠎ᠡ᠃ | 6. ᠨᠡᠶᠢᠭᠡᠮ ᠤᠨ ᠪᠦᠯᠬᠦᠮ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠵᠢᠴᠢ ᠬᠤᠪᠢ ᠬᠥᠮᠦᠨ ᠳᠤᠮᠳᠠ ᠵᠡᠷᠭᠡ ᠶᠢᠨ ᠠᠵᠢᠯ ᠮᠡᠷᠭᠡᠵᠢᠯ ᠤᠨ | ᠰᠤᠷᠭᠠᠭᠤᠯᠢ ᠶᠢᠨ ᠰᠤᠷᠤᠭᠴᠢᠳ ᠲᠤ ᠬᠠᠨᠳᠤᠭᠤᠯᠤᠨ ᠰᠤᠷᠤᠯᠭ᠎ᠠ ᠶᠢᠨ ᠱᠠᠩᠨᠠᠯ ᠤᠨ ᠮᠥᠩᠭᠦ᠂ ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠵᠡᠷᠭᠡ ᠶᠢ ᠪᠠᠶᠢᠭᠤᠯᠤᠨ᠎ᠠ᠃ | | ᠲᠠᠪᠤ᠂ ᠵᠢᠩᠬᠢᠨᠢ ᠠᠩᠭᠢ ᠲᠤᠰᠬᠠᠶ ᠮᠡᠷᠭᠡᠵᠢᠯ ᠤᠨ ᠰᠤᠷᠭᠠᠭᠤᠯᠢ ᠶᠢᠨ ᠰᠤᠷᠤᠭᠴᠢ ᠶᠢᠨ ᠰᠤᠷᠭᠠᠨ ᠬᠥᠮᠦᠵᠢᠯ ᠤᠨ ᠱᠠᠲᠤᠨ ᠤ ᠲᠤᠰᠠᠯᠠᠬᠤ ᠲᠥᠷᠥ ᠶᠢᠨ | ᠪᠣᠳᠣᠯᠭ᠎ᠠ | ︽ᠱᠠᠩᠨᠠᠬᠤ ᠵᠢᠭᠡᠯᠡᠯᠭᠡ ᠥᠭᠬᠦ ᠠᠵᠢᠯ ᠳᠤ ᠳᠡᠳᠬᠦᠨ ᠳᠤᠰᠠᠯᠠᠬᠤ ᠨᠥᠬᠦᠵᠦ ᠭᠡᠯᠳᠦᠷᠢᠭᠦᠯᠬᠦ + ᠰᠠᠭᠠᠳ ᠥᠬᠡᠶ ᠨᠡᠪᠲᠡᠷᠡᠬᠦ ᠵᠠᠮ︾ ᠵᠡᠷᠭᠡ ᠣᠯᠠᠨ ᠡᠰᠢᠲᠦ | ᠲᠤᠰᠠᠯᠠᠮᠵᠢ | 1. ᠤᠯᠤᠰ ᠤᠨ ᠰᠤᠷᠤᠯᠭ᠎ᠠ ᠶᠢᠨ ᠱᠠᠩᠨᠠᠯ ᠤᠨ ᠮᠥᠩᠭᠦ᠃ ᠪᠦᠬᠦᠯᠢ ᠡᠳᠦᠷ ᠤᠨ ᠳᠦᠷᠢᠮᠲᠦ ᠵᠢᠩᠬᠢᠨᠢ ᠠᠩᠭᠢ ᠪᠠ ᠲᠤᠰᠬᠠᠶ ᠮᠡᠷᠭᠡᠵᠢᠯ ᠤᠨ ᠠᠩᠭᠢ ᠶᠢᠨ | ᠣᠨᠴᠠ ᠰᠢᠯᠢᠳᠡᠭ ᠰᠤᠷᠤᠭᠴᠢᠳ ᠢ ᠱᠠᠩᠨᠠᠵᠤ᠂ ᠵᠢᠯ ᠪᠦᠷᠢ 6 ᠲᠦᠮᠡᠨ ᠬᠥᠮᠦᠨ ᠢ ᠱᠠᠩᠨᠠᠵᠤ᠂ ᠰᠣᠷᠣᠭᠴᠢ ᠨᠢᠭᠡᠪᠦᠷᠢ ᠵᠢᠯ ᠳᠤ 8000 ᠲᠥᠭᠦᠷᠢᠭ᠂ ᠤᠯᠤᠰ ᠤᠨ | ᠨᠢᠭᠡᠳᠦᠯᠲᠡᠶ ᠳᠠᠷᠤᠮᠠᠯᠯᠠᠨ ᠵᠣᠬᠢᠶᠠᠭᠰᠠᠨ ᠢᠷᠠᠭᠤ ᠠᠯᠳᠠᠷ ᠤᠨ ᠦᠨᠡᠮᠯᠡᠯ ᠣᠯᠭᠤᠨ᠎ᠠ᠃ | 2. ᠤᠯᠤᠰ ᠤᠨ ᠰᠤᠷᠤᠯᠭ᠎ᠠ ᠶᠢᠨ ᠱᠠᠩᠨᠠᠯ ᠤᠨ ᠮᠥᠩᠭᠦ᠃ ᠮᠣᠷᠠᠯ ᠰᠤᠷᠤᠯᠭ᠎ᠠ ᠬᠤᠤᠰᠯᠠᠭᠰᠠᠨ ᠭᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠪᠦᠬᠦᠯᠢ | ᠡᠳᠦᠷ ᠤᠨ ᠳᠦᠷᠢᠮᠲᠦ ᠵᠢᠩᠬᠢᠨᠢ ᠠᠩᠭᠢ ᠲᠤᠰᠬᠠᠶ ᠮᠡᠷᠭᠡᠵᠢᠯ ᠤᠨ ᠠᠩᠭᠢ ᠶᠢᠨ ᠰᠤᠷᠤᠭᠴᠢ ᠶᠢ ᠱᠠᠩᠨᠠᠨ ᠲᠤᠰᠠᠯᠠᠵᠤ᠂ ᠰᠤᠷᠤᠭᠴᠢ ᠪᠦᠷᠢ ᠵᠢᠯ ᠳᠤ 5000 | ᠲᠥᠭᠦᠷᠢᠭ ᠤᠯᠭᠤᠨ᠎ᠠ᠃ | 3. ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ᠃ ᠭᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠪᠦᠬᠦᠯᠢ ᠡᠳᠦᠷ ᠤᠨ ᠳᠦᠷᠢᠮᠲᠦ ᠵᠢᠩᠬᠢᠨᠢ | ᠠᠩᠭᠢ ᠪᠠ ᠲᠤᠰᠬᠠᠶ ᠮᠡᠷᠭᠡᠵᠢᠯ ᠤᠨ ᠠᠩᠭᠢ ᠶᠢᠨ ᠰᠤᠷᠤᠭᠴᠢ ︵ᠪᠡᠯᠡᠳᠬᠡᠯ ᠠᠩᠭᠢ ᠶᠢᠨ ᠰᠤᠷᠤᠭᠴᠢ ᠪᠠᠭᠲᠠᠨ᠎ᠠ︶ ᠶᠢ ᠲᠤᠰᠠᠯᠠᠬᠤ ᠳᠤᠮᠳᠠᠴᠢ ᠪᠠᠷᠢᠮᠵᠢᠶ᠎ᠠ ᠨᠢ | ᠰᠤᠷᠤᠭᠴᠢ ᠪᠦᠷᠢ ᠵᠢᠯ ᠳᠤ 3300 ᠲᠥᠭᠦᠷᠢᠭ ᠪᠣᠯᠤᠨ᠎ᠠ᠃ | 4. ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ᠃ ᠭᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠰᠤᠷᠤᠭᠴᠢ ᠤᠯᠤᠰ ᠤᠨ ᠰᠤᠷᠤᠯᠭ᠎ᠠ ᠶᠢᠨ | ᠲᠡᠳᠬᠦᠮᠵᠢ ᠶᠢᠨ ᠵᠢᠭᠡᠯᠡᠯᠭᠡ ᠭᠤᠶᠤᠴᠢᠯᠠᠨ ᠠᠪᠴᠤ ᠪᠣᠯᠤᠨ᠎ᠠ᠂ ᠰᠤᠷᠤᠯᠭ᠎ᠠ ᠶᠢᠨ ᠰᠦᠢᠳᠬᠡᠯ ᠪᠠ ᠬᠤᠨᠤᠭ ᠤᠨ ᠰᠦᠢᠳᠬᠡᠯ ᠢ ᠰᠢᠢᠳᠪᠦᠷᠢᠯᠡᠬᠦ ᠳᠤ᠂ ᠰᠤᠷᠤᠭᠴᠢ | ᠨᠢᠭᠡᠪᠦᠷᠢ ᠵᠢᠯ ᠪᠦᠷᠢ ᠬᠠᠮᠤᠭ ᠥᠨᠳᠥᠷ ᠲᠡᠭᠡᠨ 8000 ᠲᠥᠭᠦᠷᠢᠭ ᠠᠴᠠ ᠬᠡᠲᠦᠷᠡᠵᠦ ᠪᠣᠯᠬᠤ ᠦᠭᠡᠢ᠂ ᠰᠤᠷᠭᠠᠭᠤᠯᠢ ᠳᠤ ᠪᠠᠶᠢᠶᠬᠤ ᠬᠤᠭᠤᠴᠠᠭᠠᠨ ᠳᠤ ᠬᠦᠤ | ᠮᠥᠩᠭᠦ ᠶᠢ ᠤᠯᠤᠰ ᠠᠴᠠ ᠡᠭᠦᠷᠭᠡᠯᠡᠨ᠎ᠡ᠃ | 5. ᠴᠡᠷᠢᠭ ᠤᠨ ᠠᠯᠪᠠ ᠬᠠᠭᠠᠬᠤ ᠶᠡᠭᠡ ᠳᠡᠬᠡᠳᠤ ᠰᠤᠷᠭᠠᠭᠤᠯᠢ ᠶᠢᠨ ᠰᠤᠷᠤᠭᠴᠢᠳ ᠲᠤ ᠤᠯᠤᠰ ᠤᠨ ᠰᠤᠷᠭᠠᠨ ᠬᠥᠮᠦᠵᠢᠯ ᠤᠨ ᠳᠡᠮᠵᠢᠯᠬᠡ ᠦᠵᠡᠬᠦᠯᠦᠨ᠎ᠡ᠃ | ᠴᠡᠷᠢᠭ ᠲᠤ ᠡᠯᠰᠡᠭᠳᠡᠨ ᠠᠯᠪᠠᠨ ᠵᠢᠷᠤᠮ ᠤᠨ ᠴᠡᠷᠢᠭ ᠤᠨ ᠠᠯᠪᠠ ᠬᠠᠭᠠᠭᠰᠠᠨ᠂ ᠪᠠᠭ᠎ᠠ ᠣᠹᠢᠼᠧᠷ ᠢᠶᠠᠷ ᠡᠯᠰᠡᠭᠰᠡᠨ᠂ ᠴᠡᠷᠢᠭ ᠤᠨ ᠠᠯᠪᠠᠨ ᠠᠴᠠ ᠪᠠᠭᠤᠭᠰᠠᠨ ᠤ | ᠳᠠᠷᠠᠭ᠎ᠠ ᠰᠤᠷᠤᠯᠭ᠎ᠠ ᠪᠠᠨ ᠰᠡᠷᠭᠦᠭᠡᠭᠰᠡᠨ ᠪᠤᠶᠤ ᠰᠤᠷᠭᠠᠭᠤᠯᠢ ᠳᠤ ᠣᠷᠣᠭᠰᠠᠨ ᠶᠡᠭᠡ ᠳᠡᠬᠡᠳᠤ ᠰᠤᠷᠭᠠᠭᠤᠯᠢ ᠶᠢᠨ ᠰᠤᠷᠤᠭᠴᠢᠳ ᠲᠤ ᠰᠤᠷᠤᠯᠭ᠎ᠠ ᠶᠢᠨ ᠰᠦᠢᠳᠭᠡᠯ ᠤᠨ | ᠨᠥᠬᠦᠪᠥᠷᠢ ᠥᠭᠬᠦ᠂ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢ ᠣᠷᠣᠯᠠᠨ ᠲᠥᠯᠥᠬᠦ᠂ ᠰᠤᠷᠤᠯᠭ᠎ᠠ ᠶᠢᠨ ᠰᠦᠢᠳᠭᠡᠯ ᠢ ᠬᠠᠰᠤᠵᠤ | ᠬᠡᠯᠲᠦᠷᠢᠭᠦᠯᠬᠦ ᠶᠢ ᠬᠡᠷᠡᠭᠵᠢᠭᠦᠯᠦᠨ᠎ᠡ᠃ ᠰᠤᠷᠤᠯᠭ᠎ᠠ ᠶᠢᠨ ᠰᠦᠢᠳᠬᠡᠯ ᠢ ᠨᠥᠬᠦᠪᠥᠷᠢᠯᠡᠬᠦ᠂ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢ ᠣᠷᠣᠯᠠᠨ | ᠲᠥᠯᠥᠬᠦ ᠵᠢᠴᠢ ᠰᠤᠷᠤᠯᠭ᠎ᠠ ᠶᠢᠨ ᠰᠦᠢᠳᠬᠡᠯ ᠢ ᠬᠠᠰᠤᠵᠤ ᠬᠡᠯᠲᠦᠷᠢᠭᠦᠯᠬᠦ ᠪᠠᠷᠢᠮᠵᠢᠶ᠎ᠠ ᠬᠡᠪᠡᠯ ᠵᠢᠩᠬᠢᠨᠢ ᠠᠩᠭᠢ ᠲᠤᠰᠬᠠᠶ ᠮᠡᠷᠭᠡᠵᠢᠯ ᠤᠨ ᠠᠩᠭᠢ ᠶᠢᠨ ᠰᠤᠷᠤᠭᠴᠢ | ᠨᠢᠭᠡᠪᠦᠷᠢ ᠳᠤ ᠵᠢᠯ ᠪᠦᠷᠢ ᠬᠠᠮᠤᠭ ᠤᠨ ᠥᠨᠳᠥᠷ ᠲᠡᠭᠡᠨ 8000 ᠲᠥᠭᠦᠷᠢᠭ ᠠᠴᠠ ᠬᠡᠲᠦᠷᠡᠭᠦᠯᠵᠦ ᠪᠣᠯᠬᠤ ᠦᠭᠡᠢ᠂ ᠪᠠᠷᠢᠮᠵᠢᠶ᠎ᠠ ᠠᠴᠠ ᠬᠡᠲᠦᠷᠡᠭᠰᠡᠨ ᠬᠡᠰᠡᠭ ᠲᠤ | ᠨᠥᠬᠦᠪᠥᠷᠢ ᠥᠭᠬᠦ᠂ ᠣᠷᠣᠯᠠᠨ ᠲᠥᠯᠥᠬᠦ ᠪᠤᠶᠤ ᠬᠠᠰᠤᠵᠤ ᠬᠡᠯᠲᠦᠷᠢᠭᠦᠯᠬᠦ ᠦᠭᠡᠢ᠃ | 6. ᠦᠨᠳᠦᠰᠦᠨ ᠱᠠᠲᠤᠨ ᠳᠤ ᠠᠵᠢᠯ ᠤᠯᠪᠠᠯ ᠰᠤᠷᠤᠯᠭ᠎ᠠ ᠶᠢᠨ ᠰᠦᠢᠳᠭᠡᠯ ᠤᠨ ᠨᠥᠬᠦᠪᠥᠷᠢ ᠵᠢᠭᠡᠯᠡᠯᠭᠡ ᠶᠢ ᠣᠷᠣᠯᠠᠨ ᠲᠦᠯᠦᠨ᠎ᠡ᠃ ᠲᠥᠪ ᠤᠨ ᠶᠡᠭᠡ | ᠳᠡᠭᠡᠳᠦ ᠰᠤᠷᠭᠠᠭᠤᠯᠢ ᠶᠢᠨ ᠰᠢᠨ᠎ᠡ ᠳᠡᠬᠦᠰᠬᠦ ᠤᠶᠤᠳᠠᠨ ᠰᠠᠶᠢᠨ ᠳᠤᠷ᠎ᠠ ᠠᠴᠠ ᠪᠠᠨ ᠳᠤᠮᠳᠠ ᠪᠠ ᠪᠠᠷᠠᠭᠤᠨ ᠬᠡᠰᠡᠭ ᠤᠨ ᠭᠠᠵᠠᠷ ᠣᠷᠣᠨ ᠪᠣᠯᠤᠨ ᠬᠠᠲᠠᠭᠤᠵᠢᠯᠲᠠᠶ | ᠬᠢᠯᠢ ᠬᠢᠵᠠᠭᠠᠷ ᠤᠨ ᠭᠠᠵᠠᠷ ᠣᠷᠣᠨ ᠤ ᠦᠨᠳᠦᠰᠦᠨ ᠱᠠᠲᠤᠨ ᠤ ᠨᠢᠭᠡᠴᠢ ᠳᠤ ᠣᠴᠢᠵᠤ ᠠᠵᠢᠯ ᠣᠯᠬᠤ᠂ ᠦᠢᠯᠡᠴᠢᠯᠡᠬᠦ ᠬᠤᠭᠤᠴᠠᠭ᠎ᠠ ᠨᠢ 3 ᠵᠢᠯ ᠠᠴᠠ ᠳᠡᠭᠡᠭᠰᠢ | ᠪᠠᠶᠢᠶᠪᠠᠯ᠂ ᠰᠤᠷᠤᠯᠭ᠎ᠠ ᠶᠢᠨ ᠰᠦᠢᠳᠭᠡᠯ ᠢ ᠨᠥᠬᠦᠪᠥᠷᠢᠯᠡᠬᠦ ᠪᠤᠶᠤ ᠤᠯᠤᠰ ᠠᠴᠠ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢ ᠣᠷᠣᠯᠠᠨ ᠲᠥᠯᠥᠵᠦ᠂ ᠰᠤᠷᠤᠭᠴᠢ | ᠨᠢᠭᠡᠪᠦᠷᠢ ᠵᠢᠯ ᠪᠦᠷᠢ 8000 ᠲᠥᠭᠦᠷᠢᠭ ᠠᠴᠠ ᠥᠨᠳᠥᠷ ᠪᠠᠶᠢᠵᠤ ᠪᠣᠯᠬᠤ ᠦᠭᠡᠢ᠃ ᠣᠷᠣᠨ ᠨᠤᠲᠤᠭ ᠠᠴᠠ ᠵᠩᠡ ᠳᠡᠭᠡᠳᠦ ᠰᠤᠷᠭᠠᠭᠤᠯᠢ ᠲᠡᠭᠦᠰᠦᠭᠰᠡᠳ ᠤᠨ | ᠰᠤᠷᠤᠯᠭ᠎ᠠ ᠶᠢᠨ ᠰᠦᠢᠳᠭᠡᠯ ᠤᠨ ᠨᠥᠬᠦᠪᠥᠷᠢ ᠵᠢᠭᠡᠯᠡᠯᠭᠡ ᠶᠢ ᠣᠷᠣᠯᠠᠨ ᠲᠥᠯᠥᠬᠦ ᠶᠢ ᠡᠯ᠎ᠡ ᠭᠠᠵᠠᠷ ᠤᠨ ᠬᠢᠨ ᠲᠥᠪ ᠤᠨ ᠲᠥᠷᠥ ᠶᠢᠨ ᠪᠣᠳᠣᠯᠭ᠎ᠠ ᠪᠠᠷ ᠯᠠᠪᠯᠠᠯᠲᠠ | ᠪᠣᠯᠭᠠᠨ ᠲᠣᠭᠲᠠᠭᠠᠵᠤ ᠬᠡᠷᠡᠭᠵᠢᠭᠦᠯᠬᠦ ᠬᠡᠷᠡᠭᠲᠡᠶ᠃ | 7. ᠪᠠᠭᠰᠢ ᠶᠢᠨ ᠰᠤᠷᠭᠠᠭᠤᠯᠢ ᠶᠢᠨ ᠤᠶᠤᠲᠠᠳ ᠢ ᠠᠯᠪᠠᠨ ᠰᠦᠶᠳᠬᠡᠯ ᠢᠶᠠᠷ ᠰᠤᠷᠭᠠᠨ ᠬᠥᠮᠦᠵᠢᠭᠦᠯᠬᠦ᠃ ᠪᠡᠭᠡᠵᠢᠩ ᠤᠨ ᠪᠠᠭᠰᠢ ᠶᠢᠨ ᠶᠡᠭᠡ ᠰᠤᠷᠭᠠᠭᠤᠯᠢ᠂ | ᠬᠤᠸᠠᠳᠦ᠋ᠡᠭ ᠤᠨ ᠪᠠᠭᠰᠢ ᠶᠢᠨ ᠶᠡᠭᠡ ᠰᠤᠷᠭᠠᠭᠤᠯᠢ᠂ ᠵᠡᠭᠦᠨ ᠬᠤᠶᠢᠲᠤ ᠶᠢᠨ ᠪᠠᠭᠰᠢ ᠶᠢᠨ ᠶᠡᠭᠡ ᠰᠤᠷᠭᠠᠭᠤᠯᠢ᠂ ᠬᠤᠸᠠᠵᠦ᠋ᠡᠭ ᠤᠨ ᠪᠠᠭᠰᠢ ᠶᠢᠨ ᠶᠡᠭᠡ ᠰᠤᠷᠭᠠᠭᠤᠯᠢ᠂ | ᠱᠠᠨᠰᠢ ᠶᠢᠨ ᠪᠠᠭᠰᠢ ᠶᠢᠨ ᠶᠡᠭᠡ ᠰᠤᠷᠭᠠᠭᠤᠯᠢ ᠪᠣᠯᠤᠨ ᠪᠠᠷᠠᠭᠤᠨ ᠡᠮᠦᠨᠡᠲᠦ ᠶᠢᠨ ᠶᠡᠭᠡ ᠰᠤᠷᠭᠠᠭᠤᠯᠢ ᠵᠡᠷᠬᠡ ᠰᠤᠷᠭᠠᠨ ᠬᠥᠮᠦᠵᠢᠯ ᠤᠨ ᠶᠠᠮᠤᠨ ᠤ ᠰᠢᠭᠤᠳ ᠬᠠᠷᠢᠶ᠎ᠠ 6 | ᠪᠠᠭᠰᠢ ᠶᠢᠨ ᠶᠡᠭᠡ ᠰᠤᠷᠭᠠᠭᠤᠯᠢ ᠶᠢᠨ ᠠᠯᠪᠠᠨ ᠵᠠᠷᠤᠳᠠᠯ ᠤᠨ ᠪᠠᠭᠰᠢ ᠶᠢᠨ ᠮᠡᠷᠭᠡᠵᠢᠯ ᠤᠨ ᠰᠤᠷᠤᠭᠴᠢ᠂ ᠰᠤᠷᠭᠠᠭᠤᠯᠢ ᠳᠤ ᠪᠠᠶᠢᠬᠤ ᠬᠤᠭᠤᠴᠠᠭᠠᠨ ᠳᠠᠭᠠᠨ | ᠰᠤᠷᠤᠯᠭ᠎ᠠ ᠶᠢᠨ ᠰᠦᠢᠳᠭᠡᠯ᠂ ᠪᠠᠶᠢᠷᠢ ᠶᠢᠨ ᠰᠦᠢᠳᠭᠡᠯ ᠲᠤᠰᠢᠶᠠᠬᠤ ᠬᠡᠷᠡᠭ ᠦᠭᠡᠢ᠂ ᠪᠠᠰᠠ ᠠᠮᠢᠳᠤᠷᠠᠯ ᠤᠨ ᠵᠠᠷᠤᠳᠠᠯ ᠤᠨ ᠨᠥᠬᠦᠪᠥᠷᠢ ᠣᠯᠵᠤ ᠪᠣᠯᠤᠨ᠎ᠠ᠃ | 8. ᠰᠢᠨ᠎ᠡ ᠰᠤᠷᠤᠭᠴᠢ ᠰᠤᠷᠭᠠᠭᠤᠯᠢ ᠳᠤ ᠣᠷᠣᠬᠤ ᠶᠢ ᠲᠤᠰᠠᠯᠠᠬᠤ ᠲᠥᠷᠥᠯ ᠵᠦᠢᠯ᠃ ᠳᠤᠮᠳᠠ ᠪᠠ ᠪᠠᠷᠠᠭᠤᠨ ᠬᠡᠰᠡᠭ ᠤᠨ ᠭᠠᠵᠠᠷ ᠣᠷᠣᠨ ᠤ | ᠰᠤᠷᠤᠭᠴᠢ ᠶᠢᠨ ᠢᠷᠡᠯᠲᠡ ᠶᠢᠨ ᠭᠡᠷ ᠪᠦᠯᠢ ᠶᠢᠨ ᠠᠮᠢᠳᠤᠷᠠᠯ ᠨᠢ ᠬᠦᠴᠢᠷᠳᠡᠯᠲᠡᠶ ᠰᠢᠨ᠎ᠡ ᠰᠤᠷᠤᠭᠴᠢ ᠰᠤᠷᠭᠠᠭᠤᠯᠢ ᠳᠤ ᠤᠷᠤᠭᠰᠠᠨ ᠢ ᠲᠤᠰᠠᠯᠠᠬᠤ ᠲᠥᠷᠥᠯ ᠵᠦᠢᠯ ᠢ | ᠭᠤᠶᠤᠴᠢᠯᠠᠵᠤ᠂ ᠰᠤᠷᠭᠠᠭᠤᠯᠢ ᠳᠤ ᠣᠷᠣᠬᠤ ᠶᠢᠨ ᠨᠡᠷ᠎ᠡ ᠮᠡᠳᠡᠭᠦᠯᠦᠭᠰᠡᠨ ᠵᠠᠮ ᠬᠠᠷᠢᠯᠴᠠᠭᠠᠨ ᠤ ᠵᠠᠷᠤᠳᠠᠯ ᠪᠣᠯᠤᠨ ᠰᠤᠷᠭᠠᠭᠤᠯᠢ ᠳᠤ ᠣᠷᠣᠭᠰᠠᠨ ᠤ ᠳᠠᠷᠠᠭᠠᠬᠢ ᠣᠬᠤᠷ | ᠬᠤᠭᠤᠴᠠᠭᠠᠨ ᠤ ᠠᠮᠢᠳᠤᠷᠠᠯ ᠤᠨ ᠵᠠᠷᠤᠳᠠᠯ ᠢᠶᠠᠨ ᠰᠢᠢᠳᠪᠦᠷᠢᠯᠡᠵᠦ ᠪᠣᠯᠤᠨ᠎ᠠ᠃ ᠲᠣᠰ ᠮᠤᠵᠢ ᠶᠢᠨ ᠶᠡᠭᠡ ᠳᠡᠭᠡᠳᠦ ᠰᠤᠷᠭᠠᠭᠤᠯᠢ ᠳᠤ ᠰᠤᠷᠤᠯᠴᠠᠵᠤ ᠪᠠᠶᠢᠭ᠎ᠠ ᠰᠢᠨ᠎ᠡ | ᠰᠣᠷᠣᠭᠴᠢ ᠬᠥᠮᠦᠨ ᠪᠦᠷᠢ 500 ᠲᠦᠬᠦᠷᠢᠭ᠂ ᠮᠤᠵᠢ ᠶᠢᠨ ᠭᠠᠳᠠᠨᠠᠬᠢ ᠶᠡᠭᠡ ᠳᠡᠭᠡᠳᠦ ᠰᠤᠷᠭᠠᠭᠤᠯᠢ ᠳᠤ ᠰᠤᠷᠤᠯᠴᠠᠵᠤ ᠪᠠᠶᠢᠭ᠎ᠠ ᠰᠣᠷᠣᠭᠴᠢ ᠬᠥᠮᠦᠨ ᠪᠦᠷᠢ | 1000 ᠲᠥᠭᠦᠷᠢᠭ ᠪᠣᠯᠤᠨ᠎ᠠ᠃ ᠰᠤᠷᠤᠭᠴᠢᠳ ᠲᠤᠬᠠᠶ ᠶᠢᠨ ᠭᠠᠵᠠᠷ ᠤᠨ ᠰᠢᠶᠠᠨ ᠤ ᠱᠠᠲᠤᠨ ᠤ ᠰᠤᠷᠭᠠᠨ ᠬᠥᠮᠦᠵᠢᠯ ᠤᠨ ᠰᠠᠯᠠᠭ᠎ᠠ ᠮᠥᠴᠢᠷ ᠠᠴᠠ ᠯᠠᠪᠯᠠᠨ | ᠠᠰᠠᠭᠤᠵᠤ ᠰᠢᠢᠳᠪᠦᠷᠢᠯᠡᠵᠦ ᠪᠣᠯᠤᠨ᠎ᠠ᠃ | 9. ᠠᠵᠢᠯᠴᠢ ᠠᠷᠪᠢᠴᠢ ᠪᠠᠷ ᠰᠤᠷᠤᠯᠴᠠᠬᠤ᠃ ᠰᠤᠷᠤᠭᠴᠢᠳ ᠰᠤᠷᠤᠯᠭ᠎ᠠ ᠶᠢᠨ ᠰᠤᠯᠠ ᠴᠠᠭ ᠪᠠᠶᠢᠬᠤ ᠤᠷᠢᠲᠠᠯ ᠳᠣᠤᠷ᠎ᠠ᠂ ᠬᠢᠴᠢᠶᠡᠯ ᠤᠨ ᠭᠠᠳᠠᠨᠠᠬᠢ | ᠴᠠᠭ ᠢᠶᠠᠨ ᠠᠰᠢᠬᠯᠠᠠ ᠶᠡᠭᠡ ᠳᠡᠬᠡᠳᠤ ᠰᠤᠷᠭᠠᠭᠤᠯᠢ ᠶᠢᠨ ᠵᠣᠬᠢᠶᠠᠨ ᠪᠠᠶᠢᠭᠤᠯᠤᠭᠰᠠᠨ ᠠᠵᠢᠯ ᠬᠦᠳᠡᠯᠮᠦᠷᠢ ᠪᠠᠷ ᠰᠤᠷᠤᠯᠭ᠎ᠠ ᠶᠢ ᠲᠡᠳᠬᠦᠬᠦ ᠠᠵᠢᠯᠯᠠᠭ᠎ᠠ ᠳᠤ ᠣᠷᠣᠯᠴᠠᠵᠤ | ᠂ ᠬᠥᠳᠡᠯᠮᠦᠷᠢ ᠪᠠᠷ ᠳᠠᠮᠵᠢᠨ ᠬᠠᠤᠯᠢ ᠶᠣᠰᠣᠨ ᠤ ᠬᠥᠯᠥᠰᠥ ᠣᠯᠭᠤᠮᠵᠢ ᠣᠯᠵᠤ᠂ ᠰᠤᠷᠤᠯᠴᠠᠯᠭ᠎ᠠ ᠪᠠ ᠠᠮᠢᠳᠤᠷᠠᠯ ᠤᠨ ᠨᠥᠬᠦᠴᠡᠯ ᠢᠶᠠᠨ ᠰᠠᠶᠢᠵᠢᠷᠠᠭᠤᠯᠬᠤ ᠵᠡᠷᠭᠡ | ᠪᠣᠯᠤᠨ᠎ᠠ᠃ | 10. ᠰᠠᠭᠠᠳ ᠦᠭᠡᠢ ᠨᠡᠪᠲᠡᠷᠡᠬᠦ ᠵᠠᠮ᠃ ᠭᠡᠷ ᠪᠦᠯᠢ ᠶᠢᠨ ᠠᠮᠢᠳᠤᠷᠠᠯ ᠨᠢ ᠣᠨᠴᠠ ᠬᠦᠴᠢᠷᠳᠡᠯᠲᠡᠶ ᠰᠢᠨ᠎ᠡ ᠰᠤᠷᠤᠭᠴᠢ ᠬᠡᠷᠪᠡ ᠲᠦᠷ ᠴᠠᠭ ᠰᠤᠷᠤᠯᠭ᠎ᠠ ᠶᠢᠨ | ᠵᠠᠷᠤᠳᠠᠯ ᠪᠠ ᠬᠤᠨᠤᠭ ᠤᠨ ᠵᠠᠷᠤᠳᠠᠯ ᠢᠶᠠᠨ ᠴᠤᠭᠯᠠᠭᠤᠯᠵᠤ ᠴᠢᠳᠠᠬᠤ ᠦᠭᠡᠢ ᠪᠣᠯ ᠰᠤᠷᠭᠠᠭᠤᠯᠢ ᠡᠬᠢᠯᠡᠵᠦ ᠨᠡᠷ᠎ᠡ ᠮᠡᠳᠡᠭᠦᠯᠬᠦ ᠬᠤᠭᠤᠴᠠᠭᠠᠨ ᠳᠤ᠂ ᠶᠡᠭᠡ ᠳᠡᠭᠡᠳᠦ | ᠰᠤᠷᠭᠠᠭᠤᠯᠢ ᠶᠢᠨ ᠨᠡᠭᠡᠭᠡᠭᠰᠡᠨ ︽ᠰᠠᠭᠠᠳ ᠥᠬᠡᠶ ᠨᠡᠪᠲᠡᠷᠡᠬᠦ ᠵᠠᠮ︾ ᠢᠶᠠᠷ ᠳᠠᠮᠵᠢᠭᠤᠯᠤᠨ ᠤᠷᠢᠳᠠᠪᠠᠷ ᠰᠤᠷᠭᠠᠭᠤᠯᠢ ᠳᠤ ᠣᠷᠣᠬᠤ ᠭᠠᠷᠳᠠᠮ ᠢ ᠭᠦᠶᠴᠡᠳᠬᠡᠵᠦ | ᠪᠣᠯᠤᠨ᠎ᠠ᠃ ᠰᠤᠷᠭᠠᠭᠤᠯᠢ ᠳᠤ ᠣᠷᠣᠭᠰᠠᠨ ᠤ ᠳᠠᠷᠠᠭ᠎ᠠ᠂ ᠶᠡᠭᠡ ᠳᠡᠭᠡᠳᠦ ᠰᠤᠷᠭᠠᠭᠤᠯᠢ ᠶᠢᠨ ᠲᠤᠰᠠᠯᠠᠬᠤ ᠰᠠᠯᠠᠭ᠎ᠠ ᠮᠦᠴᠢᠷ ᠰᠤᠷᠤᠭᠴᠢᠳ ᠤᠨ ᠪᠣᠳᠠᠲᠠᠶ ᠪᠠᠶᠢᠳᠠᠯ ᠢ | ᠦᠨᠳᠦᠰᠦᠯᠡᠨ᠂ ᠰᠤᠷᠤᠭᠴᠢ ᠶᠢᠨ ᠬᠦᠴᠢᠷᠳᠡᠯ ᠢ ᠮᠠᠭᠠᠳᠯᠠᠨ ᠲᠣᠭᠲᠠᠭᠠᠬᠤ ᠶᠢ ᠥᠷᠨᠢᠭᠦᠯᠵᠦ᠂ ᠠᠳᠠᠯᠢ ᠪᠤᠰᠤ ᠠᠷᠭ᠎ᠠ ᠬᠡᠮᠵᠢᠶ᠎ᠡ ᠠᠪᠴᠤ ᠪᠠᠶᠢᠭᠠᠳ ᠲᠤᠰᠠᠯᠠᠬᠤ | ᠬᠡᠷᠡᠭᠲᠡᠢ᠃ | 11. ᠰᠤᠷᠭᠠᠭᠤᠯᠢ ᠶᠢᠨ ᠳᠣᠲᠣᠷᠠᠬᠢ ᠲᠤᠰᠠᠯᠠᠮᠵᠢ᠃ ᠰᠤᠷᠭᠠᠭᠤᠯᠢ ᠨᠢ ᠰᠤᠷᠭᠠᠭᠤᠯᠢ ᠶᠢᠨ ᠳᠣᠲᠣᠷᠠᠬᠢ ᠰᠤᠷᠤᠯᠭ᠎ᠠ ᠶᠢᠨ ᠱᠠᠩᠨᠠᠯ ᠤᠨ ᠮᠥᠩᠭᠦ᠂ | ᠰᠤᠷᠤᠯᠭ᠎ᠠ ᠶᠢᠨ ᠲᠡᠳᠬᠦᠮᠵᠢ ᠶᠢᠨ ᠮᠥᠩᠭᠦ᠂ ᠬᠦᠴᠢᠷᠳᠡᠯ ᠤᠨ ᠨᠥᠬᠦᠪᠥᠷᠢ᠂ ᠬᠤᠭᠤᠯᠠᠨ ᠤ ᠨᠥᠬᠦᠪᠥᠷᠢ᠂ ᠰᠤᠷᠭᠠᠭᠤᠯᠢ ᠶᠢᠨ ᠳᠣᠲᠣᠷᠠᠬᠢ ᠬᠦᠤ ᠮᠥᠩᠭᠦ ᠥᠬᠡᠶ | ᠵᠢᠭᠡᠯᠡᠯᠭᠡ᠂ ᠰᠤᠷᠤᠯᠭ᠎ᠠ ᠶᠢᠨ ᠰᠦᠢᠳᠭᠡᠯ ᠢ ᠬᠠᠰᠤᠵᠤ ᠬᠡᠯᠲᠦᠷᠢᠭᠦᠯᠬᠦ ᠵᠡᠷᠭᠡ ᠪᠣᠯᠤᠨ᠎ᠠ᠃ ᠠᠵᠢᠯ ᠦᠶᠯᠡᠰ ᠤᠨ ᠣᠷᠣᠯᠭ᠎ᠠ ᠶᠢᠨ ᠪᠠᠯᠠ ᠮᠥᠩᠭᠦ ᠵᠢᠴᠢ ᠠᠵᠤ | ᠠᠬᠤᠶᠢᠯᠠᠯ᠂ ᠨᠡᠶᠢᠭᠡᠮ ᠤᠨ ᠪᠦᠯᠬᠦᠮ ᠪᠠ ᠬᠤᠪᠢ ᠬᠥᠮᠦᠨ ᠤ ᠬᠠᠨᠳᠢᠪᠯᠠᠨ ᠲᠤᠰᠠᠯᠠᠬᠤ ᠪᠠᠯᠠ ᠮᠥᠩᠭᠦ ᠶᠢ ᠠᠰᠢᠬᠯᠠᠨ ᠰᠤᠷᠭᠠᠭᠤᠯᠢ ᠶᠢᠨ ᠳᠣᠲᠣᠭᠠᠳᠤ ᠶᠢᠨ | ᠲᠤᠰᠠᠯᠠᠮᠵᠢ ᠶᠢ ᠬᠡᠷᠡᠭᠵᠢᠭᠦᠯᠦᠨ᠎ᠡ᠃ | ᠵᠢᠷᠭᠤᠭ᠎ᠠ᠂ ᠠᠰᠫᠢᠷᠠᠨᠲ ᠤᠨ ᠰᠤᠷᠭᠠᠨ ᠬᠥᠮᠦᠵᠢᠯ ᠤᠨ | ᠱᠠᠳᠤᠨ ᠤ ᠲᠡᠳᠬᠦᠨ ᠲᠤᠰᠠᠯᠠᠬᠤ ᠲᠥᠷᠥ ᠶᠢᠨ ᠪᠣᠳᠣᠯᠭ᠎ᠠ | ᠵᠢᠩᠬᠢᠨᠢ ᠠᠩᠭᠢ ᠲᠤᠰᠬᠠᠶ ᠮᠡᠷᠭᠡᠵᠢᠯ ᠤᠨ ᠠᠩᠭᠢ ᠶᠢᠨ ᠰᠤᠷᠤᠭᠴᠢᠳ ᠤᠨ ᠲᠥᠷᠥ ᠶᠢᠨ ᠪᠣᠳᠣᠯᠭ᠎ᠠ ᠶᠢ ᠪᠥᠬᠦ ᠲᠠᠯ᠎ᠠ ᠪᠠᠷ ᠭᠥᠷᠳᠡᠵᠦ᠂ ᠰᠤᠷᠤᠯᠭ᠎ᠠ ᠶᠢᠨ | ᠱᠠᠩᠨᠠᠯ ᠤᠨ ᠮᠥᠩᠭᠦ ᠶᠢᠨ ᠪᠠᠷᠢᠮᠵᠢᠶ᠎ᠠ ᠨᠠᠩ ᠥᠨᠳᠥᠷ ᠪᠣᠯᠪᠠ | 1. ᠰᠤᠷᠤᠯᠭ᠎ᠠ ᠶᠢᠨ ᠱᠠᠩᠨᠠᠯ ᠤᠨ ᠮᠥᠩᠭᠦ᠃ ᠣᠨᠴᠠ ᠰᠢᠯᠢᠳᠡᠭ ᠪᠦᠬᠦᠯᠢ ᠡᠳᠦᠷ ᠤᠨ ᠳᠦᠷᠢᠮᠲᠦ ᠰᠤᠳᠤᠯᠬᠤ ᠰᠤᠷᠤᠭᠴᠢ ᠶᠢ ᠱᠠᠩᠨᠠᠨ᠎ᠠ᠃ ᠡᠭᠦᠨ ᠳᠤ 3.5 | ᠲᠦᠮᠠᠡ ᠮᠠᠰᠲ᠋ᠧᠷ ᠰᠤᠷᠤᠭᠴᠢ ᠶᠢ ᠱᠠᠩᠨᠠᠨ᠎ᠠ᠂ ᠰᠤᠷᠤᠭᠴᠢ ᠪᠦᠷᠢ ᠵᠢᠯ ᠳᠤ 2 ᠲᠦᠮᠡᠨ ᠲᠥᠭᠦᠷᠢᠭ︔ 1 ᠲᠦᠮᠡᠨ ᠳ᠋ᠣᠺᠲ᠋ᠣᠷᠠᠨᠲ ᠢ ᠱᠠᠩᠨᠠᠨ᠎ᠠ᠂ ᠰᠤᠷᠤᠭᠴᠢ ᠪᠦᠷᠢ | ᠵᠢᠯ ᠳᠤ 3 ᠲᠦᠮᠡᠨ ᠲᠥᠭᠦᠷᠢᠭ᠃ ᠤᠯᠤᠰ ᠤᠨ ᠨᠢᠭᠡᠳᠦᠯᠲᠡᠶ ᠳᠠᠷᠤᠮᠠᠯᠯᠠᠨ ᠵᠣᠬᠢᠶᠠᠭᠰᠠᠨ ᠢᠷᠠᠭᠤ ᠠᠯᠳᠠᠷ ᠤᠨ ᠦᠨᠡᠮᠯᠡᠯ ᠣᠯᠭᠤᠨ᠎ᠠ᠃ | 2. ᠤᠯᠤᠰ ᠤᠨ ᠰᠤᠷᠤᠯᠭ᠎ᠠ ᠶᠢᠨ ᠱᠠᠩᠨᠠᠯ ᠤᠨ ᠮᠥᠩᠭᠦ᠃ ᠠᠰᠫᠢᠷᠠᠨᠲ ᠤᠨ ᠰᠤᠷᠤᠯᠭ᠎ᠠ ᠶᠢᠨ ᠱᠠᠩᠨᠠᠯ ᠤᠨ ᠮᠥᠩᠭᠦ ᠶᠢᠨ ᠬᠠᠮᠤᠷᠬᠤ ᠬᠡᠪᠴᠢᠶ᠎ᠡ᠂ ᠳᠡᠰ᠂ | ᠪᠣᠳᠠᠲᠠᠶ ᠪᠠᠷᠢᠮᠵᠢᠶ᠎ᠠ ᠪᠠ ᠦᠨᠡᠯᠡᠨ ᠲᠣᠭᠲᠠᠭᠠᠬᠤ ᠠᠷᠭ᠎ᠠ ᠶᠢ ᠡᠯ᠎ᠡ ᠶᠡᠭᠡ ᠳᠡᠭᠡᠳᠦ ᠰᠤᠷᠭᠠᠭᠤᠯᠢ ᠠᠴᠠ ᠲᠣᠭᠲᠠᠭᠠᠵᠤ᠂ ᠪᠠᠷᠢᠮᠵᠢᠶ᠎ᠠ ᠶᠢ ᠠᠳᠠᠯᠢ ᠱᠠᠲᠤᠨ ᠤ | ᠠᠰᠫᠢᠷᠠᠨᠲ ᠤᠨ ᠤᠯᠤᠰ ᠤᠨ ᠰᠤᠷᠤᠯᠭ᠎ᠠ ᠶᠢᠨ ᠱᠠᠩᠨᠠᠯ ᠤᠨ ᠮᠥᠩᠭᠦ ᠶᠢᠨ ᠪᠠᠷᠢᠮᠵᠢᠶ᠎ᠠ ᠶᠢᠨ 60% ᠠᠴᠠ ᠬᠡᠲᠦᠷᠡᠭᠦᠯᠵᠦ ᠪᠣᠯᠬᠤ ᠥᠬᠡᠶ᠃ | 3. ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ᠃ ᠪᠦᠬᠦᠯᠢ ᠡᠳᠦᠷ ᠤᠨ ᠳᠦᠷᠢᠮᠲᠦ ᠰᠤᠳᠤᠯᠬᠤ ᠰᠤᠷᠤᠭᠴᠢ ᠶᠢᠨ ᠦᠨᠳᠦᠰᠦᠨ ᠠᠮᠢᠳᠤᠷᠠᠯ ᠤᠨ | ᠵᠠᠷᠤᠳᠠᠯ ᠢ ᠲᠤᠰᠠᠯᠠᠨ᠎ᠠ᠃ ᠲᠥᠪ ᠤᠨ ᠶᠡᠭᠡ ᠳᠡᠭᠡᠳᠦ ᠰᠤᠷᠭᠠᠭᠤᠯᠢ ᠶᠢᠨ ᠠᠰᠫᠢᠷᠠᠨᠲ ᠤᠨ ᠰᠣᠷᠣᠭᠴᠢ ᠨᠢᠭᠡᠪᠦᠷᠢ ᠵᠢᠯ ᠳᠤ 6000 ᠲᠥᠭᠦᠷᠢᠭ᠂ ᠳ᠋ᠣᠺᠲ᠋ᠣᠷᠠᠨᠲ ᠤᠨ | ᠰᠣᠷᠣᠭᠴᠢ ᠨᠢᠭᠡᠪᠦᠷᠢ ᠵᠢᠯ ᠳᠤ 15000 ᠲᠥᠭᠦᠷᠢᠭ︔ ᠣᠷᠣᠨ ᠨᠤᠲᠤᠭ ᠤᠨ ᠬᠠᠷᠢᠶ᠎ᠠ ᠪᠦᠬᠦᠢ ᠶᠡᠭᠡ ᠳᠡᠭᠡᠳᠦ ᠰᠤᠷᠭᠠᠭᠤᠯᠢ ᠶᠢᠨ ᠠᠰᠫᠢᠷᠠᠨᠲ ᠤᠨ ᠤᠯᠤᠰ ᠤᠨ | ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠪᠠᠷ ᠲᠤᠰᠠᠯᠠᠬᠤ ᠪᠠᠷᠢᠮᠵᠢᠶ᠎ᠠ ᠶᠢ ᠡᠯ᠎ᠡ ᠮᠤᠵᠢ ᠶᠢᠨ ᠡᠳ᠋ ᠤᠨ ᠵᠠᠰᠠᠭ ᠤᠨ ᠰᠠᠯᠠᠭ᠎ᠠ ᠮᠥᠴᠢᠷ ᠠᠴᠠ ᠰᠤᠷᠭᠠᠨ ᠬᠥᠮᠦᠵᠢᠯ ᠤᠨ | ᠰᠠᠯᠠᠭ᠎ᠠ ᠮᠥᠴᠢᠷ ᠲᠠᠢ ᠬᠠᠮᠲᠤᠷᠠᠨ ᠲᠣᠭᠲᠠᠭᠠᠨ᠎ᠠ᠃ ᠠᠰᠫᠢᠷᠠᠨᠲ ᠤᠨ ᠰᠤᠳᠤᠯᠬᠤ ᠰᠤᠷᠤᠭᠴᠢ ᠨᠢᠭᠡᠪᠦᠷᠢ ᠵᠢᠯ ᠳᠤ 6000 ᠲᠥᠭᠦᠷᠢᠭ ᠠᠴᠠ ᠳᠣᠤᠷ᠎ᠠ ᠪᠠᠶᠢᠵᠤ | ᠪᠣᠯᠬᠤ ᠦᠭᠡᠢ᠂ ᠳ᠋ᠣᠺᠲ᠋ᠣᠷᠠᠨᠲ ᠤᠨ ᠰᠤᠳᠤᠯᠬᠤ ᠰᠤᠷᠤᠭᠴᠢ ᠨᠢᠭᠡᠪᠦᠷᠢ ᠵᠢᠯ ᠳᠤ 13000 ᠲᠥᠭᠦᠷᠢᠭ ᠠᠴᠠ ᠳᠣᠤᠷ᠎ᠠ ᠪᠠᠶᠢᠵᠤ ᠪᠣᠯᠬᠤ ᠦᠭᠡᠢ᠃ | 4. ︽ᠭᠤᠷᠪᠠ ᠶᠢ ᠲᠤᠰᠠᠯᠠᠬᠤ︾ ᠠᠵᠢᠯ ᠤᠨ ᠪᠠᠶᠢᠷᠢ ᠶᠢᠨ ᠨᠡᠮᠡᠭᠦᠷᠢ ᠮᠦᠩᠬᠦ᠃ ᠠᠰᠫᠢᠷᠠᠨᠲ ᠤᠨ ︽ᠭᠤᠷᠪᠠ ᠶᠢ ᠲᠤᠰᠠᠯᠠᠬᠤ︾ ︵ᠰᠤᠳᠤᠯᠬᠤ ᠰᠤᠷᠤᠭᠴᠢ | ᠂ ᠪᠠᠭᠰᠢ ᠶᠢ ᠲᠤᠰᠠᠯᠠᠬᠤ᠂ ᠬᠠᠮᠢᠶᠠᠷᠬᠤ︶ ᠠᠵᠢᠯ ᠤᠨ ᠪᠠᠶᠢᠷᠢ ᠲᠣᠬᠢᠷᠠᠭᠤᠯᠵᠤ᠂ ᠡᠭᠦᠨ ᠤ ᠬᠠᠮᠲᠤ ︽ᠭᠤᠷᠪᠠ ᠶᠢ ᠳᠤᠰᠠᠯᠠᠬᠤ︾ ᠨᠥᠬᠦᠪᠥᠷᠢ ᠮᠥᠩᠭᠦ ᠬᠠᠩᠭᠠᠨ᠎ᠠ᠃ | ᠠᠰᠫᠢᠷᠠᠨᠲ ᠤᠨ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ᠃ ᠦᠨᠳᠦᠰᠦᠨ ᠱᠠᠲᠤᠨ ᠳᠤ ᠠᠵᠢᠯ ᠤᠯᠪᠠᠯ ᠰᠤᠷᠤᠯᠭ᠎ᠠ ᠶᠢᠨ ᠰᠦᠶᠳᠬᠡᠯ ᠤᠨ | ᠨᠥᠬᠦᠪᠥᠷᠢ ᠤᠯᠭᠤᠵᠤ᠂ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢ ᠣᠷᠣᠯᠠᠨ ᠲᠥᠯᠥᠬᠦ᠂ ᠴᠡᠷᠢᠭ ᠤᠨ ᠠᠯᠪᠠ ᠬᠠᠭᠠᠬᠤ ᠶᠡᠭᠡ ᠳᠡᠭᠡᠳᠦ | ᠰᠤᠷᠭᠠᠭᠤᠯᠢ ᠶᠢᠨ ᠰᠤᠷᠤᠭᠴᠢᠳ ᠤᠯᠤᠰ ᠤᠨ ᠰᠤᠷᠭᠠᠨ ᠬᠥᠮᠦᠵᠢᠯ ᠤᠨ ᠲᠤᠰᠠᠯᠠᠮᠵᠢ ᠭᠤᠶᠤᠴᠢᠯᠠᠬᠤ ᠨᠥᠬᠦᠴᠡᠯ᠂ ᠳᠡᠰ ᠳᠠᠷᠠᠭᠠᠯᠠᠯ ᠵᠡᠷᠭᠡ ᠬᠤᠯᠪᠣᠭᠳᠠᠯ ᠪᠦᠬᠦᠢ | ᠲᠣᠭᠲᠠᠭᠠᠯ᠂ ᠵᠢᠩᠬᠢᠨᠢ ᠠᠩᠭᠢ ᠲᠤᠰᠬᠠᠶ ᠮᠡᠷᠭᠡᠵᠢᠯ ᠤᠨ ᠠᠩᠭᠢ ᠶᠢᠨ ᠰᠣᠷᠣᠭᠴᠢ ᠲᠠᠢ ᠦᠨᠳᠦᠰᠦᠨ ᠳᠡᠭᠡᠨ ᠠᠳᠠᠯᠢ᠂ ᠲᠤᠰᠠᠯᠠᠬᠤ ᠪᠠᠷᠢᠮᠵᠢᠶ᠎ᠠ ᠨᠢ ᠰᠣᠷᠣᠭᠴᠢ | ᠨᠢᠭᠡᠪᠦᠷᠢ ᠳᠤ ᠵᠢᠯ ᠪᠦᠷᠢ 12000 ᠲᠥᠭᠦᠷᠢᠭ ᠠᠴᠠ ᠥᠨᠳᠥᠷ ᠪᠠᠶᠢᠵᠤ ᠪᠣᠯᠬᠤ ᠥᠬᠡᠶ᠃ | ︵ᠰᠤᠷᠪᠤᠯᠵᠢᠠᠯᠬᠴᠢ ᠨᠠᠪᠴᠢ ᠤᠷᠴᠢᠭᠤᠯᠪᠠ︶ | |