ᠬᠠᠯᠢᠭᠤᠨ ᠡᠪᠡᠰᠦᠨ᠎ᠠ
ᠨᠡᠶᠢᠲᠡᠯᠡᠭᠰᠡᠨ ᠴᠠᠭ᠄
2021/2/3
     ᠠᠯᠳᠠᠨ ᠤᠳᠠᠰᠣ ᠰᠢᠭ᠋ ᠨᠠᠮᠤᠷ ᠤᠨ ᠵᠢᠪᠠᠷ ᠰᠡᠩᠭᠢᠨᠡᠬᠦ ᠪᠠᠷ ᠠᠯᠤᠰ ᠤᠨ ᠠᠭᠤᠯᠠᠰ ᠬᠦᠯ ᠠᠯᠳᠠᠵᠦ ᠤᠶᠢᠷ᠎ᠠ ᠶᠢᠨ ᠳᠤᠯᠤᠭᠠᠳ ᠦᠯᠮᠡᠢ ᠳᠡᠭᠡᠷ᠎ᠡ ᠪᠠᠨ ᠦᠨᠳᠡᠯᠵᠡᠬᠦ‍ ᠰᠢᠭ ᠪᠤᠯᠤᠨ᠎ᠠ᠂ ᠵᠤᠨᠵᠢᠨ ᠪᠡᠶ᠎ᠡ ᠪᠡᠶ᠎ᠡ ᠶᠢᠨ ᠢᠶᠠᠨ ᠰᠡᠬᠦᠳᠡᠷ ᠲᠤ ᠴᠢᠬᠢᠯᠳᠦᠭᠰᠡᠨ ᠬᠤᠨᠢᠳ ︽ᠰᠡᠳᠬᠢᠯ ᠨᠢ ᠰᠡᠷᠬᠦᠵᠦ︾ ᠵᠢᠪᠡᠷ ᠪᠡᠷᠢᠨ ᠳᠤᠯᠤᠭᠠᠳ ᠦᠭᠰᠦᠭᠡᠳ᠂ ᠠᠪᠤ ᠶᠢᠨ ᠨᠤᠮᠤᠬᠠᠨ ᠬᠦᠷᠡᠩ ᠳᠠᠰᠤᠳᠠᠭᠰᠠᠨ ᠡᠪᠡᠰᠦ ᠪᠠᠨ ᠳᠤᠳᠠᠭᠤ ᠵᠠᠵᠢᠯᠡᠵᠦ ᠵᠢᠪᠡᠷ ᠦᠨᠦᠷᠯᠡᠨ ᠰᠠᠨᠠᠭ᠎ᠠ ᠠᠯᠳᠠᠨ᠎ᠠ᠃      ᠮᠠᠨ ᠤ ᠰᠦᠷᠦᠭ ᠲᠤ ᠭᠡᠲᠦᠨ ᠬᠦᠬᠡ ᠢᠮᠠᠭ᠎ᠠ ᠲᠠᠢ᠂ ᠬᠠᠯᠠᠭᠤᠨ ᠳᠤ ᠴᠦ ᠰᠡᠬᠦᠳᠡᠷ ᠲᠤ ᠵᠤᠭᠰᠤᠬᠤ ᠶᠢ ᠮᠡᠳᠡᠳᠡᠭ ᠦᠭᠡᠢ ᠳᠡᠷᠡ ᠬᠡᠲᠦᠨ ᠠᠮᠢᠳᠠᠨ ᠳᠤ ᠨᠠᠮᠤᠷ ᠤᠨ ᠵᠢᠪᠠᠷ ᠠᠰᠢᠳᠠᠢ ︽ᠬᠦᠯᠦᠭ︾ ᠪᠤᠯᠵᠦ᠂ ᠦᠵᠡᠵᠦ ᠬᠠᠷᠠᠵᠦ ᠪᠠᠶᠢᠳᠠᠯ᠎ᠠ ᠦᠨᠳᠦᠷ ᠱᠤᠷᠤᠩ ᠤᠨ ᠬᠢᠷ᠎ᠡ ᠶᠢ ᠳᠠᠪᠠᠭᠠᠳ ᠠᠯᠠᠭ᠎ᠠ ᠪᠤᠯᠵᠦ ᠦᠭᠭᠦᠨ᠎ᠡ᠃ ᠡᠷᠬᠢᠬᠦᠯᠵᠦ ᠠᠮᠵᠢᠬᠤ ᠮᠠᠶ᠋ᠢᠭᠳᠠᠢ ᠪᠤᠯ ᠠᠪᠤ ᠨᠤᠮᠤᠬᠠᠨ ᠬᠦᠷᠡᠩ ᠢᠶᠠᠨ ᠰᠢᠪᠡᠳᠡᠵᠦ ᠬᠦᠷᠦᠭᠡᠳ ᠡᠩᠭᠡᠷ ᠪᠡᠯ ᠠᠴᠠ ᠳᠤᠤᠭᠠᠷᠴᠦ ᠵᠤᠭᠰᠤᠭᠠᠨ᠎ᠠ᠂ ᠨᠢᠬᠡᠨᠳᠡ ᠯᠡ ᠠᠯᠳᠠᠴᠢᠬᠠᠪᠠᠯ ᠨᠤᠮᠤᠬᠠᠨ ᠬᠦᠷᠡᠩ ᠢᠶᠠᠨ ᠴᠤᠮᠤᠵᠦ ᠳᠠᠯᠪᠢᠭᠠᠳ ᠨᠢᠬᠡ ᠶᠡᠭᠡ ᠶᠠᠭᠠᠷᠠᠬᠤ ᠦᠭᠡᠢ ᠬᠤᠶᠢᠨ᠎ᠠ ᠠᠴᠠ ᠨᠢ ᠠᠭᠠᠵᠢᠭᠤ ᠬᠦᠳᠡᠯᠦᠨ᠎ᠡ᠃      ︽ᠠᠭᠤᠯᠠ ᠶᠢᠨ ᠬᠦᠬᠡ ᠢᠮᠠᠭ᠎ᠠ︾ ᠭᠡᠰᠡᠨ ᠨᠡᠷ᠎ᠡ ᠴᠦ ᠪᠠᠰᠠ ᠠᠷᠠᠢ ᠵᠦᠬᠡᠷ ᠢᠷᠡᠭᠰᠡᠨ ᠪᠢᠰᠢ ᠰᠢᠦ᠃      ᠬᠠᠯᠠᠵᠦ ᠬᠠᠯᠠᠵᠦ ᠨᠠᠮᠤᠷ ᠪᠤᠯᠬᠤ ᠪᠠᠷ ᠬᠤᠨᠢᠨ ᠰᠦᠷᠦᠭ ᠦᠳᠡ ᠳᠤᠮᠳᠠ ᠪᠠᠨ ᠴᠦ ᠤᠰᠤᠨ ᠳᠤ ᠤᠷᠤᠬᠤ ᠪᠠᠨ ᠪᠤᠯᠢᠵᠦ ᠪᠦᠲᠦᠨ ᠡᠲᠦᠷᠵᠢᠨ ᠭᠡᠭᠡᠷ᠎ᠡ ᠶᠢᠨ ᠨᠠᠷᠠᠨ ᠳᠤ ᠪᠦᠮᠪᠦᠯᠵᠡᠨ᠎ᠡ᠂ ᠦᠷᠯᠦᠬᠡ ᠤᠷᠮᠠᠳᠠᠢ ᠨᠢ ᠠᠷᠭ᠎ᠠ ᠦᠭᠡᠢ ᠳᠠᠭᠠᠵᠦ ᠭᠠᠷᠴᠦ ᠢᠷᠡᠭᠰᠡᠨ ︽ᠳᠤᠮᠤ ᠬᠦᠮᠦᠨ︾ — ᠦᠳᠡ ᠪᠤᠯᠳᠠᠯ᠎ᠠ ᠳᠠᠪᠠᠷᠠᠭᠠᠭᠠᠳ ᠯᠡ ᠡᠮᠡᠭᠡᠨ ᠨᠡᠷᠡ ᠬᠡᠯᠪᠠᠶᠢᠬᠦ ᠪᠠᠨ ᠮᠡᠷᠳᠡᠨ ᠲᠦᠬᠡᠨᠡᠬᠦ ᠪᠠᠷ ᠨᠦᠢᠷ ᠬᠦᠷᠴᠦ ᠠᠷᠠᠶᠢᠬᠠᠨ ᠭᠠᠩᠬᠤᠨ᠎ᠠ᠃ ︽ᠬᠤᠨᠢᠳ ᠳᠤᠭᠳᠠᠯ᠎ᠠ᠂ ᠪᠠᠷᠠᠭᠤᠨ ᠤᠷᠤᠢ ᠳᠤ ᠭᠠᠷᠬᠤ ᠦᠦ᠂ ᠳᠡᠭᠡᠭᠡᠳ ᠵᠢᠭᠠᠬᠠᠨ ᠳᠤᠭᠬᠢᠭᠡᠳ ᠠᠪ ᠳ᠋ᠠ︾ ᠭᠡᠰᠡᠨ ᠠᠪᠤ ᠶᠢᠨ ᠠᠷᠤ ᠠᠴᠠ ᠭᠡᠯᠳᠤᠷᠢᠵᠦ ᠠᠪᠳᠠᠷᠠᠳᠤ ᠶᠢᠨ ᠤᠷᠤᠢ ᠳᠤ ᠭᠠᠷᠤᠩᠭᠤᠳᠠ ᠪᠠᠨ ᠰᠡᠬᠦᠳᠡᠷ ᠲᠤᠨᠢ ᠰᠢᠷᠭᠤᠨ ᠤᠩᠬᠤᠯᠢᠭᠠᠳ ᠦᠭᠳᠡᠭ ᠪᠠᠶᠢᠭᠰᠠᠨ ᠮᠢᠨᠢ ᠡᠨᠡᠬᠦᠬᠡᠨ ᠤ ᠯᠡ ᠤᠴᠢᠷ ᠳ᠋ᠠ᠃ ᠳᠡᠶᠢᠨ ᠬᠦ ᠠᠷᠠᠢ ᠬᠢᠵᠦ ᠳᠤᠭᠬᠢᠳᠠᠯ᠎ᠠ᠄ ︽ᠵᠠ ᠪᠤᠰ᠂ ᠬᠡᠲᠦᠨ ᠮᠠᠭᠤ ᠭᠤᠳᠤᠷᠤᠩ ᠪᠠᠰᠠ ᠯᠡ ᠦᠨᠳᠤᠷ ᠱᠤᠷᠤᠩ ᠢ ᠴᠢᠭᠯᠡᠭᠡᠳ ᠳᠠᠰᠤᠷᠠᠯ᠎ᠠ︾ ᠭᠡᠵᠤ ᠠᠪᠤ ᠨᠠᠮ᠎ᠠ ᠶᠢ ᠰᠡᠷᠡᠭᠡᠵᠦ ︽ᠬᠤᠨᠢᠳ ᠤᠨ ᠢᠶᠠᠨ ᠵᠢᠪᠡᠷ ᠳᠡᠭᠡᠷ᠎ᠡ ᠨᠢ ᠪᠠᠶᠢᠵᠦ ᠪᠠᠶᠢᠬᠤ ᠶᠤᠮ ᠰᠢᠦ︾ ᠬᠡᠴᠢᠬᠡᠬᠡᠳ ᠨᠤᠮᠤᠬᠠᠨ ᠬᠦᠷᠡᠩ ᠦᠬᠡᠳᠡ ᠪᠠᠨ ᠠᠯᠬᠤᠳᠠᠭ᠃ ᠨᠤᠮᠤᠬᠠᠨ ᠬᠦᠷᠡᠩ ᠳᠡᠭᠡᠨ ᠮᠤᠷᠳᠠᠭᠠᠳ ᠬᠡᠲᠦᠨ ᠢᠮᠠᠭᠠᠨ ᠤ ᠪᠠᠨ ᠬᠤᠶᠢᠨ᠎ᠠ ᠠᠴᠠ ᠱᠤᠭᠰᠢᠭᠤᠯᠬᠤ ᠠᠪᠤ ᠶᠢ ᠬᠠᠷᠠᠭᠠᠳ ᠪᠢ ᠦᠨᠳᠦᠷ ᠱᠤᠷᠤᠩ ᠤᠨ ᠤᠷᠤᠢ ᠳᠤ ᠭᠠᠷᠴᠦ ᠦᠵᠡᠴᠢᠬᠡᠬᠦ ᠰᠠᠨᠠᠭ᠎ᠠ ᠲᠠᠢ ᠰᠡᠮ ᠠᠷᠦ ᠠᠴᠠ ᠨᠢ ᠳᠡᠭᠳᠡᠭᠰᠡᠨ ᠶᠤᠮ᠃      ᠬᠦᠬᠡ ᠢᠮᠠᠭᠠᠳ ᠮᠢᠨᠢ ᠤᠷᠤᠯᠳᠤᠬᠤ ᠰᠢᠭ᠋ ᠤᠷᠢᠲᠦ ᠬᠤᠶᠢᠨ᠎ᠠ ᠪᠠᠨ ᠭᠠᠷᠤᠨ ᠬᠢᠷ᠎ᠡ ᠳᠡᠪᠡᠵᠦ ᠪᠡᠷ᠎ᠡ ᠳᠠᠰᠤᠷᠠᠬᠤ ᠪᠠᠷ ᠠᠪᠤ ᠨᠤᠮᠤᠬᠠᠨ ᠬᠦᠷᠡᠩ ᠢᠶᠠᠨ ᠴᠤᠮᠤᠵᠦ ᠳᠠᠯᠪᠢᠴᠢᠬᠠᠭᠠᠳ ᠠᠭᠠᠵᠢᠮᠬᠠᠨ ᠪᠠᠯ ᠦᠭᠰᠦᠯ᠎ᠡ᠂ ᠲᠦᠳᠡᠯ ᠦᠭᠡᠢ ᠠᠪᠤ ᠴᠦ ᠪᠠᠰᠠ ᠬᠢᠷ᠎ᠡ ᠳᠠᠪᠠᠵᠦ ᠠᠯᠠᠭ᠎ᠠ ᠪᠤᠯᠤᠭᠠᠳ ᠠᠶᠠᠰ ᠤᠨ ᠵᠢᠪᠡᠷ ᠠᠭᠤᠯᠠ ᠶᠢᠨ ᠳᠤᠯᠤᠭᠠᠢ ᠶᠢ ᠠᠶᠠᠷᠬᠠᠨ ᠭᠠᠩᠬᠤᠭᠤᠯᠵᠦ ᠡᠬᠢᠯᠡᠪᠡ᠃ ᠬᠤᠯᠠ ᠠᠴᠠ ᠬᠠᠷᠠᠪᠠᠯ ᠨᠠᠮᠬᠠᠨ ᠬᠦᠬᠡ ᠤᠷᠤᠢ ᠯᠡ ᠬᠠᠷᠠᠭᠳᠠᠳᠠᠭ ᠴᠦ ᠬᠤᠷᠮᠤᠢ ᠳᠤᠨᠢ ᠬᠦᠷᠪᠡᠯ ᠳᠡᠬᠦᠨ ᠰᠢᠭ ᠰᠦᠷᠳᠡᠢ ᠠᠭᠤᠯᠠ ᠴᠦᠬᠡᠨ᠂ ᠵᠠᠮ ᠴᠦ ᠤᠯᠳᠠᠬᠤ ᠦᠭᠡᠢ ᠪᠤᠯᠵᠦ ᠢᠷᠡᠭᠰᠡᠨ ᠮᠦᠷ ᠢᠶᠠᠨ ᠠᠯᠳᠠᠴᠢᠬᠠᠭᠠᠳ ᠪᠢ ᠳᠠᠭᠤ ᠳᠠᠯᠪᠢᠨ ᠤᠬᠢᠯᠠᠭᠰᠠᠨ ᠰᠠᠨ᠂ ᠪᠡᠶ᠎ᠡ ᠰᠡᠳᠬᠢᠯ ᠢ ᠪᠠᠷᠠᠭᠠᠨ ᠠᠶᠢᠳᠠᠰ ᠨᠦᠮᠦᠷᠴᠦ ᠡᠷᠢᠶᠡᠨᠳᠦᠭᠰᠡᠨ ᠬᠤᠭᠤᠯᠠᠢ ᠪᠠᠷ ︽ᠠᠪᠤ ᠡ︾ ᠭᠡᠵᠤ ᠳᠠᠭᠤᠳᠠᠳᠠᠯ᠎ᠠ ᠳᠡᠷᠳᠡᠭᠡ ᠬᠢᠷ᠎ᠡ ᠠᠴᠠ ᠴᠤᠤᠷᠢᠶ᠎ᠠ ᠡᠬᠦᠰᠴᠦ ︽ᠠᠪᠤ ᠡ︾ ᠭᠡᠵᠤ ᠳᠠᠪᠳᠠᠨ᠎ᠠ᠃ ᠨᠢᠲᠦᠨ ᠳᠤ ᠨᠢᠯᠪᠤᠰᠣ ᠲᠦᠬᠦᠷᠦᠬᠡᠳ ᠭᠠᠭᠴᠠᠭᠠᠷ ᠤᠷᠬᠢᠭᠳᠠᠭᠰᠠᠨ ᠠᠶᠤᠮᠰᠢᠭ ᠢ ᠪᠢ ᠠᠩᠬ᠎ᠠ ᠳᠡᠭᠡᠵᠦ ᠡᠰ ᠪᠦᠬᠦᠨ ᠢᠶᠠᠷ ᠢᠶᠠᠨ ᠮᠡᠳᠡᠷᠡᠭᠰᠡᠨ ᠪᠢᠯᠡ᠃      ᠁      ᠬᠦᠶᠦᠬᠡ ᠴᠤᠭᠯᠠᠭᠤᠯᠵᠦ ᠬᠦᠶᠦᠭᠰᠡᠨ ᠳᠠᠷᠪᠠᠭ᠎ᠠ ᠬᠡᠦᠬᠡᠳ ᠤᠬᠢᠯᠠᠬᠤ ᠳᠠᠭᠤ ᠪᠠᠷ ᠵᠤᠭᠰᠤᠰᠬᠢᠵᠦ ᠦᠨᠳᠡᠶᠢᠨ ᠴᠢᠩᠨᠠᠪᠠ᠂ ᠬᠦᠬᠡᠷᠦᠬᠦᠢ ᠡ᠂ ᠮᠦᠨᠳᠤᠯ ᠮᠢᠨᠢ ᠰᠢᠭ ᠨᠢᠯᠬ᠎ᠠ ᠠᠮᠢᠳᠠᠨ ᠶᠤᠮ ᠪᠢᠯᠡ ᠦᠦ ᠭᠡᠵᠤ ᠲᠦᠳᠡᠭᠡᠯᠵᠡᠭᠰᠡᠨ ᠳᠠᠷᠪᠠᠭ᠎ᠠ ᠴᠤ ᠬᠤᠰᠬᠢᠷᠴᠦ ᠦᠵᠡᠯ᠎ᠡ᠃ ︽ᠦᠭᠡᠢ ᠶᠡᠷᠦ ᠨᠢ ᠳᠡᠶᠢᠮᠦ ᠴᠡᠭᠡᠯ ᠰᠠᠶᠢᠬᠠᠨ ᠳᠠᠭᠤ ᠭᠠᠷᠬᠤ ᠦᠭᠡᠢ ᠨᠢ ᠡ︾ ᠭᠡᠵᠤ ᠪᠤᠳᠤᠯᠭᠠᠰᠢᠷᠠᠭᠰᠠᠨ ᠢᠶᠠᠨ ᠳᠠᠷᠪᠠᠭ᠎ᠠ ᠳᠤᠩ ᠴᠢᠮᠡᠭᠡ ᠦᠭᠡᠢ ᠡᠷᠬᠢ ᠳᠠᠮᠵᠢᠨ ᠤᠶᠢᠷᠠᠳᠴᠦ ᠠᠵᠢᠡᠡᠯᠠᠪᠠᠯ ᠨᠢᠲᠦᠨ ᠠᠴᠠ ᠪᠠᠨ ᠳᠤᠮᠤ ᠳᠤᠮᠤ ᠨᠢᠯᠪᠤᠰᠣ ᠪᠦᠮᠪᠦᠷᠢᠬᠦᠯᠦᠭᠰᠡᠨ ᠵᠢᠷᠭᠤᠭ᠎ᠠ ᠳᠤᠯᠤᠭᠠᠨ ᠨᠠᠰᠣᠨ ᠤ ᠲᠦᠯᠦᠪᠳᠠᠢ ᠵᠢᠭᠠᠯ ᠬᠦᠦ ︽ᠠᠪᠤ ᠡ︾ ᠭᠡᠵᠤ ᠳᠠᠭᠤᠳᠠᠨ ᠮᠡᠭᠰᠢᠬᠦᠯᠵᠦ ᠪᠠᠶᠢᠭᠰᠠᠨ ᠰᠠᠨᠵᠠᠢ      ︽ᠬᠡᠦᠬᠡᠳ᠂ ᠦᠭᠡᠢ᠂ ᠬᠦᠮᠦᠨ ᠭᠠᠶᠢᠬᠠᠯᠳᠠᠢ ᠶᠤᠮ ᠡ︾ ᠭᠡᠵᠤ ᠳᠠᠷᠪᠠᠭ᠎ᠠ ᠳᠤᠳᠤᠷ᠎ᠡ ᠪᠠᠨ ᠳᠠᠭᠤ ᠠᠯᠳᠠᠯ᠎ᠠ᠃ ᠳᠠᠭᠤᠯᠠᠬᠤ ᠤᠬᠢᠯᠠᠬᠤ ᠬᠤᠶᠠᠷ ᠤᠨ ᠴᠤᠬᠤᠮ ᠠᠯᠢ ᠨᠢ ᠰᠠᠶᠢᠬᠠᠨ ᠢ ᠳᠡᠷᠡ ᠬᠡᠷᠬᠢᠨ ᠮᠡᠳᠡᠬᠦ ᠪᠢᠯᠡ᠂ ᠬᠠᠵᠠᠭᠤ ᠡᠷᠬᠢᠨ ᠤ ᠬᠠᠯᠢᠭᠤᠨ ᠡᠪᠡᠰᠦᠨ ᠳᠤ ᠳᠠᠯᠳᠠᠯᠠᠵᠦ ᠤᠳᠠᠭᠠᠨ ᠭᠡᠭᠴᠢ ᠨᠢ ᠬᠠᠷᠠᠪᠠ᠂ ᠵᠢᠵᠢᠭᠬᠡᠨ ᠭᠠᠷ ᠢᠶᠠᠷ ᠢᠶᠠᠨ ᠨᠢᠯᠪᠤᠰᠣ ᠪᠠᠨ ᠵᠦᠯᠬᠦᠨ ᠵᠦᠯᠬᠦᠨ ᠮᠡᠭᠰᠢᠬᠦ ᠵᠢᠭᠠᠯ ᠬᠦᠦ ᠳᠡᠬᠦᠨ ᠢ ᠤᠭᠳᠤᠬᠠᠨ ᠴᠦ ᠠᠩᠵᠠᠭᠠᠷᠠᠭᠰᠠᠨ ᠰᠢᠨᠵᠢ ᠦᠭᠡᠢ᠂ ᠠᠭᠤᠯᠠ ᠶᠢᠨ ᠪᠡᠯ ᠦᠬᠡᠳᠡ ᠰᠢᠷᠳᠡᠨ ᠨᠢᠭᠡ ᠯᠡ ᠬᠡᠪ ᠢᠶᠠᠷ ︽ᠠᠪᠤ ᠡ︾ ᠭᠡᠵᠤ ᠴᠠᠩᠭᠢᠨᠠᠨ ᠳᠠᠭᠤᠳᠠᠨ᠎ᠠ᠃ ︽ᠶᠠᠮᠠᠷ ᠬᠦᠬᠡᠷᠦᠬᠦᠨ ᠪᠤᠪ ᠪᠤᠷᠤ ᠠᠮᠢᠳᠠᠨ ᠶᠤᠮ ᠪᠤᠢ︾ ᠭᠡᠵᠤ ᠳᠠᠷᠪᠠᠭ᠎ᠠ ᠦᠨᠳᠡᠶᠢᠰᠬᠢᠨ ᠬᠤᠰᠬᠢᠷᠴᠦ ᠦᠵᠡᠪᠡ᠃      ᠢᠩᠭᠢᠵᠦ ᠮᠦᠨᠳᠤᠯ ᠢᠶᠠᠨ ᠦᠬᠡᠶᠢᠯᠡᠭᠰᠡᠨ ᠳᠠᠷᠪᠠᠭ᠎ᠠ ᠪᠠᠷᠤᠭ ᠯᠡ ᠬᠦᠦ ᠶᠢᠨ ᠬᠦᠯ ᠳᠤᠤᠷ᠎ᠡ ᠢᠷᠡᠴᠢᠬᠡᠭᠰᠡᠨ ᠰᠠᠨ᠂ ︽ᠡᠨᠡ ᠬᠦᠨᠳᠡᠢ ᠳᠤ ᠨᠢᠲᠦ ᠨᠡᠭᠡᠭᠡᠭᠰᠡᠨ ᠴᠠᠭ ᠠᠴᠠ ᠪᠠᠨ ᠨᠠᠮᠤᠷ ᠨᠠᠮᠤᠷ ᠬᠦᠶᠦᠬᠡ ᠴᠤᠭᠯᠠᠭᠤᠯᠤᠨ ᠬᠦᠶᠦᠵᠦ ᠨᠠᠷᠠᠨ ᠤ ᠳᠤᠤᠷ᠎ᠡ ᠦᠢᠯᠡ ᠶᠢᠨ ᠦᠷ᠎ᠡ ᠦᠭᠡᠢ ᠰᠠᠶᠢᠬᠠᠨ ᠦᠷᠡᠰ ᠢᠶᠠᠨ ᠦᠰᠭᠡᠭᠰᠡᠨ ᠪᠢᠯᠡ᠃ ᠡᠭᠡᠭ ᠳᠠᠭᠤ ᠳᠠᠯᠪᠢᠨ ᠵᠤᠭᠰᠤᠭ᠎ᠠ ᠡᠨᠡ ᠪᠤᠪ ᠪᠤᠷᠤ ᠠᠮᠢᠳᠠᠨ᠂ ᠳᠡᠷᠭᠡᠳᠡ ᠪᠦᠮᠪᠦᠭᠡᠨᠡᠵᠦ ᠪᠠᠶᠢᠳᠠᠭ ᠮᠦᠨᠳᠤᠯ ᠲᠠᠢ ᠮᠢᠨᠢ ᠶᠠᠮᠠᠷ ᠠᠳᠠᠯᠢᠬᠠᠨ ᠪᠤᠢ︾ ᠭᠡᠳ ᠳᠠᠷᠪᠠᠭ᠎ᠠ ᠬᠦᠯ ᠢᠶᠠᠨ ᠬᠦᠩᠭᠡᠭᠡᠨ ᠵᠦᠭᠡᠭᠡᠵᠦ ᠡᠷᠬᠢ ᠶᠢᠨ ᠡᠪᠡᠰᠦᠨ ᠠᠴᠠ ᠴᠡᠭᠡᠵᠢ ᠪᠠᠨ ᠦᠴᠦᠬᠡᠨ ᠴᠤᠬᠤᠶᠢᠯᠭᠠᠯ᠎ᠠ᠃      ᠬᠦᠦ ᠳᠤ ᠳᠡᠬᠦᠨ ᠢ ᠬᠠᠷᠠᠬᠤ ᠰᠦᠬᠦᠬᠡ ᠪᠠᠶᠢᠭᠰᠠᠨ ᠦᠭᠡᠢ᠂ ᠡᠮᠡᠭᠡᠨ ᠨᠠᠷᠠ ᠬᠦᠯᠪᠡᠷᠢᠭᠰᠡᠨ ᠦᠨᠳᠤᠷ ᠱᠤᠷᠤᠩ ᠤᠨ ᠤᠷᠤᠢ ᠦᠬᠡᠳᠡ ᠬᠤᠶᠠᠷ ᠭᠠᠷ ᠢᠶᠠᠨ ᠵᠠᠩᠭᠠᠨ ᠰᠠᠷᠠᠪᠴᠢᠯᠠᠵᠦ ᠠᠪᠤ ᠪᠠᠨ ᠳᠠᠭᠤᠳᠠᠭᠰᠠᠭᠠᠷ ᠠᠪᠠᠢ᠃ ︽ᠶᠠᠭ ᠯᠡ ᠮᠦᠨᠳᠤᠯ ᠮᠢᠨᠢ ᠁︾ ᠭᠡᠵᠤ ᠳᠠᠷᠪᠠᠭ᠎ᠠ ᠳᠠᠭᠤ ᠠᠯᠳᠠᠭᠠᠳ ᠤᠬᠤᠰᠬᠢᠨ ᠵᠠᠪᠳᠤᠪᠠ᠂ ︽ᠦᠭᠡᠢ᠂ ᠡᠨᠡ ᠬᠦᠮᠦᠨ ᠭᠡᠭᠴᠢ ᠭᠠᠶᠢᠬᠠᠯᠳᠠᠢ ᠰᠢᠦ︾ ᠬᠡᠴᠢᠬᠡᠬᠡᠳ ᠡᠪᠡᠳᠦᠭᠰᠡᠨ ᠵᠢᠷᠦᠬᠡ ᠪᠠᠨ ᠡᠭᠡᠯᠢᠲᠦ ᠭᠠᠵᠠᠷ ᠲᠤ ᠨᠠᠭᠠᠨ ᠡᠷᠬᠢᠵᠦ ᠬᠡᠰᠡᠭᠬᠡᠨ ᠬᠡᠪᠳᠡᠯ᠎ᠡ᠃ ᠳᠡᠭᠡᠭᠡᠳ ᠦᠷᠦᠪᠳᠤᠯᠳᠡᠢ ᠤᠷᠳᠤ ᠪᠠᠷ ᠬᠤᠰᠬᠢᠷᠪᠠᠯ ᠦᠶᠡᠰᠬᠡᠨ ᠵᠢᠪᠡᠷ ᠰᠡᠪᠡᠯᠵᠡᠵᠦ ᠢᠷᠡᠭᠡᠳ ᠬᠠᠯᠢᠭᠤᠨ ᠡᠪᠡᠰᠦ ᠶᠢ ᠨᠢᠬᠡᠨ ᠵᠢᠭᠳᠡ ᠬᠠᠯᠢᠭᠤᠯᠪᠠᠢ᠃      ᠁      ᠠᠯᠳᠠᠨ ᠤᠳᠠᠰᠣ ᠰᠢᠭ᠋ ᠨᠠᠮᠤᠷ ᠤᠨ ᠵᠢᠪᠡᠷ ᠰᠡᠩᠭᠢᠨᠡᠬᠦ ᠪᠠᠷ ᠠᠩᠭᠢᠳᠠ ᠦᠬᠡᠷ᠎ᠡ ᠨᠢᠬᠡ ᠠᠮᠳᠠ ᠰᠡᠳᠬᠢᠯ ᠳᠤ ᠠᠮᠳᠠᠯᠠᠭᠳᠠᠬᠤ ᠰᠢᠭ᠋ ᠪᠤᠯᠳᠠᠭ ᠪᠢᠯᠡ᠃ ᠠᠶᠢᠳᠠᠰ ᠠᠶᠤᠮᠰᠢᠭ ᠠᠴᠠ ᠪᠤᠯᠵᠦ ᠤᠬᠢᠯᠠᠵᠦ ᠳᠠᠭᠤᠯᠠᠬᠤ ᠪᠢᠰᠢ᠂ ᠠᠶᠠᠨᠳᠠᠭᠠᠨ ᠨᠢᠯᠪᠤᠰᠣ ᠲᠦᠬᠦᠷᠦᠭᠡᠳ ᠢᠷᠡᠬᠦ ᠳᠤᠬᠢᠶᠠᠯᠳᠤᠯ ᠴᠦ ᠪᠠᠶᠢᠳᠠᠭ᠃ ᠬᠦᠬᠡ ᠢᠮᠠᠭ᠎ᠠ ᠪᠠᠨ ᠡᠷᠬᠢᠬᠦᠯᠬᠦ ᠪᠠᠷ ᠶᠠᠪᠤᠭᠰᠠᠨ ᠠᠪᠤ ᠠᠴᠠ ︽ᠬᠤᠴᠤᠷᠴᠢᠬᠠᠭᠠᠳ︾ ᠠᠭᠤᠯᠠ ᠴᠤᠤᠷᠢᠶᠠᠳᠤᠭᠤᠯᠤᠨ ᠤᠬᠢᠯᠠᠵᠦ ᠵᠤᠭᠰᠤᠭᠰᠠᠨ ᠠᠴᠠ ᠬᠤᠶᠢᠰᠢ᠂ ᠮᠡᠳᠡᠭᠡᠵᠢ ᠪᠠᠰᠠ ᠤᠯᠠᠨ ᠴᠦ ᠤᠳᠠᠭ᠎ᠠ ᠮᠡᠭᠰᠢᠬᠦᠯᠦᠭᠰᠡᠨ ᠯᠡ ᠳ᠋ᠠ — ᠭᠡᠳᠡᠯ᠎ᠡ ᠴᠡᠭᠡᠵᠢᠯᠡᠭᠳᠡᠵᠦ ᠦᠯᠡᠳᠡᠭᠰᠡᠨ ᠨᠢ ᠴᠦᠬᠡᠨ ᠠᠴᠠ ᠴᠦᠬᠡᠨ᠃      ᠪᠢ ᠨᠤᠳᠤᠭ ᠤᠨ ᠰᠢᠷ᠎ᠡ ᠵᠠᠮ ᠢᠶᠠᠷ ᠭᠡᠷ ᠦᠬᠡᠳᠡ ᠪᠠᠨ ᠠᠯᠬᠤᠵᠦ ᠶᠠᠪᠤᠭᠰᠠᠨ ᠶᠤᠮ᠂ ᠤᠳᠠᠵᠦ ᠤᠳᠠᠵᠦ ᠨᠤᠳᠤᠭ ᠲᠠᠭᠠᠨ ᠬᠠᠷᠢᠬᠤ ᠶᠢᠨ ᠰᠠᠶᠢᠬᠠᠨ ᠢ ᠶᠠᠭᠤ ᠲᠠᠢ ᠵᠦᠢᠷᠯᠡᠨᠡᠮ ᠪᠤᠢ᠂ ᠠᠶᠠᠰ ᠤᠨ ᠵᠢᠪᠡᠷ ᠠᠭᠤᠯᠠᠰ ᠤᠨ ᠤᠷᠤᠢ ᠶᠢ ᠳᠡᠭᠷᠢ ᠦᠬᠡᠳᠡ ᠬᠡᠶᠢᠷᠭᠡᠬᠦᠯᠵᠦ ᠠᠯᠳᠠᠨ ᠨᠠᠷᠠᠨ ᠤ ᠰᠢᠭᠤᠷᠭ᠎ᠠ ᠡᠭᠡ ᠭᠠᠵᠠᠷ ᠢ ᠦᠨᠳᠡᠯᠵᠡᠬᠦᠯᠦᠨ ᠵᠢᠷᠢᠯᠵᠡᠬᠦᠯᠦᠨ᠎ᠡ᠃ ᠳᠡᠷᠳᠡᠭᠡ ᠳᠤᠯᠤᠭᠠᠳ ᠤᠨ ᠬᠤᠷᠮᠤᠢ ᠳᠤ ᠪᠡᠯᠴᠢᠭᠰᠡᠨ ᠬᠤᠨᠢᠨ ᠰᠦᠷᠦᠭ ᠵᠢᠪᠡᠷ ᠪᠠᠷᠢᠨ ᠬᠦᠳᠡᠯᠬᠦ‍ ᠰᠢᠭ ᠪᠤᠯᠳᠠᠯ᠎ᠠ ᠳᠡᠷᠭᠡᠳᠡ ᠠᠴᠠ ᠨᠢ ᠮᠤᠷᠢᠳᠠᠢ ᠬᠦᠮᠦᠨ ᠬᠦᠳᠡᠯᠵᠦ ᠬᠤᠰᠢᠭᠤᠷᠠᠭᠰᠠᠨ ᠲᠦᠷᠦᠬᠦᠴᠢ ᠶᠢ ᠨᠢ ᠳᠠᠷᠤᠰᠬᠢᠭᠡᠳ ᠪᠠᠭᠤᠵᠦ ᠮᠤᠷᠢ ᠪᠠᠨ ᠬᠦᠲᠦᠯᠦᠨ ᠠᠯᠬᠤᠪᠠ᠂ ᠰᠠᠯᠬᠢᠨ ᠤ ᠦᠵᠦᠬᠦᠷ ᠴᠢᠩᠨᠡᠨ ᠰᠡᠳᠬᠢᠯ ᠨᠢ ᠬᠤᠪᠢᠶᠠᠭᠳᠠᠭᠰᠠᠨ ᠮᠤᠷᠢ ᠴᠢᠷᠦᠭᠳᠡᠰᠬᠢᠨ ᠬᠡᠯᠳᠤᠷᠢᠨ᠎ᠠ᠃      ᠡᠪᠡᠰᠦᠨ ᠤ ᠰᠤᠷ ᠦᠷᠡᠯᠡᠵᠦ ᠰᠢᠯᠪᠢ ᠨᠢ ᠮᠡᠳᠡᠭᠳᠡᠮ᠎ᠡ ᠰᠢᠭᠤᠭᠳᠠᠭᠠᠳ ᠦᠶ᠎ᠡ ᠦᠶ᠎ᠡ ᠱᠤᠤᠬᠢᠨ ᠬᠠᠯᠢᠬᠤ ᠳᠤ ᠨᠢ ᠦᠷᠬᠡᠨ ᠪᠠᠶᠢᠭᠠᠯᠢ ᠶᠢᠨ ᠦᠨᠦᠷ ᠴᠡᠭᠡᠵᠢ ᠲᠦᠬᠦᠷᠭᠡᠬᠦ ᠠᠵᠢ᠃ ᠡᠨᠡ ᠪᠠᠶᠢᠭᠠᠯᠢ ᠶᠢᠨ ᠨᠠᠷᠠ ᠰᠠᠯᠬᠢ᠂ ᠡᠪᠡᠰᠦ ᠴᠡᠴᠡᠭ ᠨᠠᠮᠤᠷ ᠪᠤᠯᠬᠤ ᠪᠠᠷ ᠦᠪᠡᠷᠮᠢᠴᠠ ᠦᠩᠭᠡ ᠲᠦᠷᠬᠦ ᠲᠠᠢ ᠪᠤᠯᠵᠦ ᠰᠡᠳᠬᠢᠯ ᠤᠷᠤᠭᠤ ᠨᠡᠪᠳᠡᠷᠡᠳᠡᠭ ᠪᠢᠯᠡ᠂ ᠡᠮᠡᠭᠡᠨ ᠨᠠᠷᠠᠨ ᠤ ᠰᠢᠭᠤᠷᠭ᠎ᠠ ᠲᠦᠷᠡᠯᠵᠡᠨ ᠲᠦᠷᠡᠯᠵᠡᠭᠰᠡᠭᠡᠷ ᠡᠪᠦᠬᠡᠨ ᠠᠭᠤᠯᠠᠰ ᠢ ᠤᠯᠠᠮ ᠯᠡ ᠪᠤᠳᠤᠯ ᠳᠤ ᠤᠨᠠᠭᠠᠨ᠎ᠠ᠂ ᠷᠢᠲᠢ ᠰᠢᠲᠢ ᠶᠢᠨ ᠬᠦᠴᠦ ᠪᠠᠷ ᠠᠮᠢᠳᠠᠨ ᠭᠤᠤᠯᠳᠠᠨ᠂ ᠡᠪᠡᠰᠦ ᠤᠷᠭᠤᠮᠠᠯ ᠢ ᠡᠩᠰᠡᠷᠡᠬᠦᠯᠦᠨ ᠰᠠᠨᠠᠭᠠᠰᠢᠷᠠᠭᠤᠯᠬᠤ ︽ᠡᠷᠪᠡᠭᠡᠷᠭᠡᠨ︾ ᠰᠠᠯᠬᠢᠨ ᠤ ᠬᠢᠨᠢ ᠦᠵᠦᠬᠦᠷ ᠢ ᠨᠡᠩ ᠶᠠᠭᠠᠬᠢᠨᠠᠮ ᠡ᠃      ᠡᠪᠡᠰᠦ ᠨᠤᠭᠤᠭ᠎ᠠ ᠡᠨᠡ ᠮᠦᠴᠠ ᠳᠤ ᠨᠡᠩ ᠭᠠᠶᠢᠬᠠᠯᠳᠠᠢ ᠪᠤᠯᠳᠠᠭ᠂ ᠳᠠᠪᠳᠠᠭᠳᠠᠰᠢ ᠦᠭᠡᠢ ᠨᠢᠭᠡ ᠵᠦᠢᠯ ᠤᠨ ᠴᠡᠩᠭᠡᠷ ᠦᠩᠭᠡ ᠪᠠᠷ ᠠᠶᠠᠷᠬᠠᠨ ︽ᠬᠡᠷᠡᠯᠲᠦᠬᠡᠳ︾ ᠠᠭᠤᠯᠠᠰ ᠤᠨ ᠤᠷᠬᠢᠯ᠂ ᠳᠤᠯᠤᠭᠠᠳ ᠤᠨ ᠤᠷᠤᠢ ᠦᠬᠡᠳᠡ ᠳᠡᠭᠳᠡᠷᠡᠨ ᠳᠡᠮᠡᠦᠯᠬᠦ‍ ᠰᠢᠭ ᠰᠠᠨᠠᠭᠳᠠᠳᠠᠭ ᠰᠠᠨ᠂ ᠠᠮᠠᠷ ᠦᠯᠦ ᠠᠩᠵᠠᠭᠠᠷᠠᠭᠳᠠᠬᠤ ᠳᠡᠶᠢᠮᠦ ᠶᠡᠷᠦ ᠪᠤᠰᠣ ᠶᠢᠨ ᠴᠡᠩᠭᠡᠷ ᠦᠩᠭᠡ ᠶᠢ ᠠᠭᠤᠯᠠᠰ ᠤᠨ ᠨᠠᠮᠤᠷ ᠯᠡ ᠪᠦᠲᠦᠬᠡᠵᠦ ᠴᠢᠳᠠᠳᠠᠭ ᠶᠤᠮ ᠪᠢᠯᠡ᠃      ᠵᠠᠮ ᠤᠨ ᠴᠢᠯᠠᠭᠤ ᠨᠢ ᠴᠦ ᠪᠦᠷᠲᠦ᠋ᠢᠨ ᠬᠦᠯᠢᠶᠡᠭᠰᠡᠭᠡᠷ ᠪᠠᠶᠢᠭᠰᠠᠨ ᠶᠤᠮ ᠰᠢᠭ᠋ ᠪᠤᠳᠤᠭᠳᠠᠬᠤ ᠨᠤᠳᠤᠭ ᠤᠨ ᠳᠤᠯᠤᠭᠠᠳ ᠢ ᠦᠭᠰᠦᠵᠦ ᠤᠷᠤᠢ ᠳᠤᠨᠢ ᠭᠠᠷᠪᠠᠯ ᠤᠭᠳᠠᠷᠭᠤᠢ ᠶᠢᠨ ᠴᠡᠭᠡᠯ ᠠᠴᠠ ᠰᠠᠳᠠᠷᠠᠭᠰᠠᠨ ᠭᠡᠮᠡᠷ ᠤᠮᠳᠠ ᠶᠢ ᠳᠠᠶᠢᠯᠤᠮ᠎ᠠ ᠳᠡᠯᠠᠮᠡᠨ ᠰᠠᠯᠬᠢ ᠨᠢᠲᠦᠨ ᠳᠤ ᠨᠢᠯᠪᠤᠰᠣ ᠡᠷᠬᠢᠳᠡᠯ᠎ᠡ ︽ᠦᠶᠡᠷᠯᠡᠵᠦ︾ ᠦᠭᠭᠦᠨ᠎ᠡ᠃ ᠦᠪᠡᠷ ᠲᠤ ᠮᠢᠨᠢ ᠤᠯᠳᠠᠭᠰᠠᠨ ᠨᠢ ᠶᠠᠭᠤ ᠪᠢᠯᠡ ᠭᠡᠵᠤ ᠦᠬᠡᠶᠢᠯᠡᠬᠦ ᠪᠢᠰᠢ᠂ ᠦᠯᠡᠳᠡᠭᠰᠡᠨ ᠮᠢᠨᠢ ᠶᠠᠭᠤ ᠪᠢᠯᠡ ᠭᠡᠵᠤ ᠰᠠᠨᠠᠭᠠᠰᠢᠷᠠᠬᠤ ᠦᠶ᠎ᠡ ᠳᠤ ᠯᠡ ᠡᠨᠡ ᠡᠬᠡᠯᠬᠡᠨ ᠪᠠᠶᠢᠭᠠᠯᠢ ᠶᠢᠨ ᠢᠶᠠᠨ ᠦᠩᠭᠡ ᠦᠨᠦᠷ ᠢ ᠴᠦ ᠦᠷᠢᠰᠦᠨ ᠬᠠᠷᠠᠮᠨᠠᠬᠤ ᠰᠡᠳᠬᠢᠯ ᠲᠦᠷᠦᠨᠡᠮ᠃      ᠪᠢ ᠰᠢᠷ᠎ᠡ ᠵᠠᠮ ᠤᠨ ᠦᠵᠦᠬᠦᠷ ᠢ ᠬᠠᠷᠠᠵᠦ ᠤᠬᠢᠯᠠᠵᠦ ᠶᠠᠪᠤᠭᠰᠠᠨ ᠢᠶᠠᠨ ᠤᠬᠠᠭᠠᠷᠠᠭᠠᠳ ᠦᠨᠳᠤᠷ ᠱᠤᠷᠤᠩ ᠤᠨ ᠬᠤᠷᠮᠤᠢ ᠳᠤ ᠬᠢ ᠰᠡᠷᠢᠬᠦᠨ ᠪᠤᠯᠳᠤᠭ ᠳᠡᠭᠡᠷ᠎ᠡ ᠦᠪᠡᠷ ᠢ ᠪᠠᠨ ᠳᠠᠶᠢᠳᠬᠤᠷᠠᠭᠤᠯᠬᠤ ᠪᠠᠷ ᠰᠠᠭᠤᠯ᠎ᠠ᠂ ᠭᠡᠳᠡᠯ᠎ᠡ ᠳᠠᠶᠢᠳᠬᠤᠷᠠᠵᠦ ᠴᠢᠳᠠᠭᠰᠠᠨ ᠦᠭᠡᠢ᠂ ᠤᠯᠠᠮ ᠯᠡ ᠰᠡᠳᠬᠢᠯ ᠠᠯᠳᠠᠷᠠᠭᠠᠳ ᠡᠭᠡᠯᠢᠲᠦ ᠭᠠᠵᠠᠷ ᠲᠤ ︽ᠡᠷᠭᠡᠯᠡᠨ︾ ᠭᠡᠪᠳᠡᠭᠡᠳ ᠮᠡᠭᠰᠢᠪᠡ᠃ ᠭᠠᠭᠴᠠᠭᠠᠷ ᠤᠷᠬᠢᠭᠳᠠᠭᠰᠠᠨ ᠤ ᠠᠶᠤᠮᠰᠢᠭ ᠢ ᠠᠩᠬ᠎ᠠ ᠮᠡᠳᠡᠷᠡᠭᠡᠳ ᠤᠬᠢᠯᠠᠵᠦ ᠪᠠᠶᠢᠭᠰᠠᠨ ᠲᠠᠢ ᠪᠠᠨ ᠠᠳᠠᠯᠢᠬᠠᠨ ᠂ ᠭᠠᠶᠢᠬᠠᠮᠰᠢᠡᠡᠲᠦ ᠪᠠᠶᠢᠭᠠᠯᠢ ᠶᠢᠨ ᠠᠤᠭ᠎ᠠ ᠶᠡᠭᠡ ᠬᠦᠴᠦ ᠳᠤ ᠬᠦᠨ ᠳᠤᠳᠤᠭᠠᠳᠤ ᠠᠴᠠ ᠪᠠᠨ ︽ᠰᠦᠬᠦᠷᠡᠭᠡᠳ︾ ᠤᠳᠠᠳᠠᠯ᠎ᠠ ᠪᠡᠭᠳᠡᠷᠡᠭᠰᠡᠨ ᠪᠢᠯᠡ᠃      ᠁      ᠬᠦᠶᠦᠬᠡ ᠴᠤᠭᠯᠠᠭᠤᠯᠵᠦ ᠬᠦᠶᠦᠭᠰᠡᠨ ᠳᠠᠷᠪᠠᠭ᠎ᠠ ᠬᠦᠮᠦᠨ ᠤᠬᠢᠯᠠᠬᠤ ᠴᠢᠮᠡᠭᠡ ᠪᠠᠷ ᠵᠤᠭᠰᠤᠰᠬᠢᠵᠦ ᠦᠨᠳᠡᠶᠢᠨ ᠴᠢᠩᠨᠡᠪᠡ᠂ ᠬᠦᠬᠡᠷᠦᠬᠦᠢ᠂ ᠨᠠᠳᠠ ᠰᠢᠭ᠋ ᠴᠦᠬᠦᠷᠡᠭᠰᠡᠨ ᠠᠮᠢᠳᠠᠨ ᠶᠤᠮ ᠪᠢᠯᠡ ᠦᠦ ᠭᠡᠵᠤ ᠲᠦᠳᠡᠭᠡᠯᠵᠡᠭᠰᠡᠨ ᠳᠠᠷᠪᠠᠭ᠎ᠠ ᠬᠦᠮᠦᠨ ᠤᠬᠢᠯᠠᠬᠤ ᠶᠢ ᠳᠠᠭᠤᠷᠢᠶᠠᠨ ᠬᠤᠰᠬᠢᠷᠴᠦ ᠦᠵᠡᠯ᠎ᠡ᠃ ︽ᠦᠭᠡᠢ ᠶᠡᠷᠦ ᠨᠢ ᠳᠡᠶᠢᠮᠦ ᠬᠦᠨ ᠴᠢᠨᠠᠳᠤ ᠠᠴᠠ ᠳᠡᠯᠡᠷᠡᠵᠦ ᠦᠭᠭᠦ ᠦᠭᠡᠢ ᠨᠢ ᠡ︾ ᠭᠡᠵᠤ ᠪᠤᠳᠤᠯᠭᠠᠰᠢᠷᠠᠭᠰᠠᠨ ᠳᠠᠷᠪᠠᠭ᠎ᠠ ᠴᠢᠮᠡᠭᠡ ᠭᠠᠷᠭᠠᠬᠤ ᠠᠴᠠ ᠳᠤᠩ ᠬᠢᠴᠢᠶᠡᠨ ᠴᠢᠯᠠᠭᠤᠳ ᠳᠠᠮᠵᠢᠨ ᠤᠶᠢᠷᠠᠳᠴᠦ ᠦᠵᠡᠪᠡᠯ ᠰᠠᠳᠠᠷᠠᠭᠰᠠᠨ ᠨᠢᠯᠪᠤᠰᠣ ᠪᠠᠨ ᠳᠤᠷ᠎ᠡ ᠪᠠᠷ ᠨᠢ ᠤᠷᠬᠢᠭᠰᠠᠨ ᠵᠠᠯᠠᠭᠤᠬᠠᠨ ᠡᠷ᠎ᠡ ︽ᠪᠠᠶᠢᠭᠠᠯᠢ ᠮᠢᠨᠢ︾ ᠭᠡᠵᠤ ᠳᠠᠭᠤᠳᠠᠨ ᠮᠡᠭᠰᠢᠬᠦ ᠠᠵᠢ      ︽ᠬᠦᠮᠦᠨ᠂ ᠦᠭᠡᠢ ᠡ᠂ ᠪᠠᠶᠢᠭᠠᠯᠢ ᠳᠡᠶᠢᠮᠦ ᠭᠠᠶᠢᠬᠠᠮᠰᠢᠭᠳᠠᠢ ᠶᠤᠮ ᠭᠡᠵᠢ ᠦᠦ︖︾ ᠭᠡᠵᠤ ᠳᠠᠷᠪᠠᠭ᠎ᠠ ᠳᠤᠳᠤᠷ᠎ᠠ ᠪᠠᠨ ᠳᠠᠭᠤ ᠠᠯᠳᠠᠯ᠎ᠠ᠃ ᠳᠠᠭᠤᠯᠠᠬᠤ ᠤᠬᠢᠯᠠᠬᠤ ᠬᠤᠶᠠᠷ ᠤᠨ ᠠᠯᠢ ᠨᠢ ᠰᠠᠶᠢᠬᠠᠨ ᠢ ᠳᠡᠷᠡ ᠭᠠᠳᠠᠷᠯᠠᠬᠤ ᠪᠤᠯᠤᠭᠰᠠᠨ ᠪᠢᠯᠡ᠂ ᠳᠡᠶᠢᠨ ᠬᠦ ᠬᠠᠵᠠᠭᠤ ᠡᠷᠬᠢ ᠶᠢᠨ ᠬᠠᠯᠢᠭᠤᠨ ᠡᠪᠡᠰᠦᠨ ᠳᠤ ᠳᠠᠯᠳᠠᠯᠠᠵᠦ ᠤᠳᠠᠭᠠᠨ ᠭᠡᠭᠴᠢ ᠨᠢ ᠬᠠᠷᠠᠪᠠ᠃ ᠭᠠᠷ ᠤᠨ ᠢᠶᠠᠨ ᠠᠷᠦ ᠪᠠᠷ ᠨᠢᠯᠪᠤᠰᠣ ᠪᠠᠨ ᠬᠠᠶᠠ ᠨᠢᠭᠡᠭᠡᠨ ᠵᠦᠯᠬᠦᠨ ᠮᠡᠭᠰᠢᠬᠦ ᠵᠠᠯᠠᠭᠤᠬᠠᠨ ᠡᠷ᠎ᠡ ᠳᠡᠬᠦᠨ ᠢ ᠤᠭᠳᠤᠬᠠᠨ ᠴᠦ ᠠᠩᠵᠠᠭᠠᠷᠠᠭᠰᠠᠨ ᠰᠢᠨᠵᠢ ᠦᠭᠡᠢ᠂ ᠡᠬᠡ ᠭᠠᠵᠠᠷ ᠢ ᠠᠯᠳᠠᠯᠠᠨ ᠳᠡᠪᠡᠷᠢᠬᠡᠳ ︽ᠪᠠᠶᠢᠭᠠᠯᠢ ᠮᠢᠨᠢ︾ ᠭᠡᠵᠤ ᠨᠢᠭᠡ ᠯᠡ ᠬᠡᠪ ᠢᠶᠠᠷ ᠰᠢᠪᠡᠨᠡᠨ ᠳᠠᠭᠤᠳᠠᠨ᠎ᠠ᠃ ︽ᠬᠦᠭᠡᠷᠦᠬᠦᠢ᠂ ᠰᠡᠳᠬᠢᠯ ᠳᠡᠭᠡᠨ ᠳᠡᠶᠢᠯᠳᠡᠭᠰᠡᠨ ᠠᠮᠢᠳᠠᠨ︾ ᠭᠡᠵᠤ ᠳᠠᠷᠪᠠᠭ᠎ᠠ ᠰᠠᠨᠠᠭ᠎ᠠ ᠠᠯᠳᠠᠬᠤ ᠰᠢᠭ᠋ ᠪᠤᠯᠤᠭᠠᠳ ᠦᠨᠳᠡᠶᠢᠰᠬᠢᠨ ᠬᠤᠰᠬᠢᠷᠴᠦ ᠦᠵᠡᠪᠡ᠃      ᠢᠩᠭᠢᠵᠦ ᠦᠪᠡᠷ ᠢᠶᠠᠨ ᠴᠦ ᠰᠡᠳᠬᠢᠯ ᠳᠡᠮᠳᠡᠴᠢᠭᠰᠡᠨ ᠳᠠᠷᠪᠠᠭ᠎ᠠ ᠪᠠᠷᠤᠭ ᠯᠡ ᠵᠠᠯᠠᠭᠤᠬᠠᠨ ᠡᠷ᠎ᠡ ᠶᠢᠨ ᠬᠦᠯ ᠳᠤᠤᠷ᠎ᠡ ᠢᠷᠡᠴᠢᠬᠡᠭᠰᠡᠨ ᠰᠠᠨ᠂ ︽ᠡᠨᠡ ᠯᠡ ᠬᠦᠨᠳᠡᠢ ᠳᠤ ᠠᠮᠢᠳᠤᠷᠠᠯ ᠢᠶᠠᠨ ᠡᠬᠢᠯᠡᠭᠰᠡᠨ ᠴᠠᠭ ᠠᠴᠠ ᠨᠠᠮᠤᠷ ᠨᠠᠮᠤᠷ ᠬᠦᠶᠦᠭᠡ ᠴᠤᠭᠯᠠᠭᠤᠯᠤᠨ ᠬᠦᠶᠦᠵᠦ ᠨᠠᠷᠠᠨ ᠤ ᠳᠤᠤᠷ᠎ᠡ ᠦᠨᠢᠷ ᠦᠳᠬᠡᠨ ᠤᠯᠠᠨ ᠵᠢᠯ ᠢ ᠦᠳᠡᠭᠰᠡᠨ ᠰᠠᠨ᠂ ᠡᠯᠢᠭᠡ ᠵᠢᠷᠦᠬᠡ ᠪᠠᠨ ᠦᠮᠦᠷᠡᠬᠦᠯᠦᠨ ᠤᠶᠢᠴᠢᠭᠰᠠᠨ ᠡᠨᠡ ᠵᠠᠯᠠᠭᠤᠬᠠᠨ ᠡᠷ᠎ᠡ᠂ ᠳᠡᠷᠭᠡᠳᠡ ᠪᠦᠨᠲᠦᠭᠡᠨᠡᠵᠦ ᠪᠠᠶᠢᠳᠠᠭ ᠢᠵᠢᠯᠢ ᠲᠠᠢ ᠮᠢᠨᠢ ᠶᠠᠮᠠᠷ ᠠᠳᠠᠯᠢᠬᠠᠨ ᠪᠤᠢ︾ ᠭᠡᠳ ᠳᠠᠷᠪᠠᠭ᠎ᠠ ᠪᠡᠶ᠎ᠡ ᠪᠠᠨ ᠰᠡᠮᠬᠡᠨ ᠰᠢᠯᠵᠢᠬᠦᠯᠵᠦ ᠬᠠᠯᠢᠭᠤᠨ ᠡᠪᠡᠰᠦᠨ ᠠᠴᠠ ᠴᠡᠭᠡᠵᠢ ᠪᠠᠨ ᠵᠢᠭᠠᠬᠠᠨ ᠴᠤᠬᠤᠶᠢᠯᠭᠠᠯ᠎ᠠ᠃      ᠵᠠᠯᠠᠭᠤᠬᠠᠨ ᠡᠷ᠎ᠡ ᠳᠤ ᠳᠡᠬᠦᠨ ᠢ ᠬᠠᠷᠠᠬᠤ ᠰᠦᠬᠦᠭᠡ ᠪᠠᠶᠢᠭᠰᠠᠨ ᠦᠭᠡᠢ᠂ ᠡᠮᠡᠬᠡᠨ ᠨᠡᠷᠡ ᠡᠭᠡᠯᠢᠯᠡᠭᠰᠡᠨ ᠰᠡᠷᠢᠬᠦᠨ ᠪᠤᠯᠳᠤᠭ ᠤᠨ ᠡᠪᠡᠰᠦ ᠴᠢᠯᠠᠭᠤ ᠶᠢ ᠠᠯᠳᠠᠯᠠᠨ ᠳᠡᠪᠡᠷᠢᠬᠡᠳ ᠨᠦᠬᠦᠬᠡ ᠯᠡ ᠪᠠᠶᠢᠭᠠᠯᠢ ᠲᠠᠢ ᠪᠠᠨ ᠲᠦᠲᠦᠨᠡᠨ ᠲᠦᠲᠦᠨᠡᠭᠰᠡᠭᠡᠷ ᠠᠪᠠᠢ᠃ ︽ᠶᠠᠭ ᠯᠡ ᠢᠵᠢᠯᠢ ᠮᠢᠨᠢ ᠁︾ ᠭᠡᠵᠤ ᠳᠠᠷᠪᠠᠭ᠎ᠠ ᠳᠠᠭᠤ ᠠᠯᠳᠠᠭᠠᠳ ᠤᠬᠤᠰᠬᠢᠨ ᠵᠠᠪᠳᠤᠪᠠ᠂ ︽ᠦᠭᠡᠢ ᠡ᠂ ᠡᠨᠡ ᠬᠦᠮᠦᠨ ᠭᠡᠭᠴᠢ ᠪᠠᠰᠠ ᠭᠠᠶᠢᠬᠠᠯᠳᠠᠢ ᠰᠢᠦ︾ ᠬᠡᠴᠢᠬᠡᠬᠡᠳ ᠡᠪᠡᠳᠦᠭᠰᠡᠨ ᠵᠢᠷᠦᠬᠡ ᠪᠠᠨ ᠡᠭᠡᠯᠢᠲᠦ ᠭᠠᠵᠠᠷ ᠲᠤ ᠨᠠᠭᠠᠨ ᠡᠷᠬᠢᠵᠦ ᠬᠡᠰᠡᠭᠬᠡᠨ ᠬᠡᠪᠳᠡᠯ᠎ᠡ᠃ ᠳᠡᠭᠡᠭᠡᠳ ᠦᠷᠦᠪᠳᠤᠯᠳᠡᠢ ᠤᠷᠳᠤ ᠪᠠᠷ ᠬᠤᠰᠬᠢᠷᠪᠠᠯ ᠦᠶᠡᠰᠬᠡᠨ ᠵᠢᠪᠡᠷ ᠰᠡᠪᠡᠯᠵᠡᠵᠦ ᠢᠷᠡᠭᠡᠳ ᠬᠠᠯᠢᠭᠤᠨ ᠡᠪᠡᠰᠦ ᠶᠢ ᠨᠢᠬᠡᠨ ᠵᠢᠭᠳᠡ ᠬᠠᠯᠢᠭᠤᠯᠪᠠᠢ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ