ᠬᠦᠳᠡᠭᠡ ᠨᠤᠳᠤᠭ ᠲᠤ ᠨᠠᠮᠤᠷ ᠤᠨ ᠰᠢᠠᠵᠢ ᠮᠡᠳᠡᠷᠡᠭᠳᠡᠬᠡᠳ ᠭᠤᠪᠢ ᠬᠦᠠᠳᠡᠢ ᠨᠠᠯᠠᠭᠠᠷᠰᠢᠨ ᠤᠨᠢᠶᠠᠷᠳᠤᠨᠠ᠃ | ᠬᠤᠳᠠ ᠬᠦᠳᠡᠭᠡ ᠶᠢ ᠬᠤᠯᠪᠤᠭᠰᠠᠨ ᠴᠠᠷᠳᠠᠮᠠᠯ ᠵᠠᠮ ᠤᠨ ᠵᠠᠬ᠎ᠠ ᠶᠢ ᠪᠠᠷᠢᠵᠤ᠂ ᠢᠵᠢᠯ ᠵᠢᠰᠦᠮ ᠤᠨ ᠬᠠᠯᠢᠭᠤᠨ ᠮᠤᠷᠢ ᠪᠠᠷ ᠱᠤᠤᠮᠠᠰᠠ ᠲᠡᠩᠨᠡᠭᠡ ᠲᠠᠢ ᠠᠶᠠᠯᠠᠭ᠎ᠠ | ᠠᠪᠤ ᠬᠦᠦ ᠬᠤᠶᠠᠷ ᠤᠨ ᠲᠦᠷᠦᠭᠡ ᠬᠠᠷᠰᠢᠭᠤᠯᠤᠨ ᠱᠤᠭᠰᠢᠭᠤᠯᠬᠤ ᠶᠢ ᠵᠠᠮ ᠢᠶᠠᠷ ᠵᠦᠷᠢᠬᠦ ᠮᠠᠰᠢᠨ ᠲᠡᠷᠭᠡ ᠲᠠᠢ ᠤᠯᠤᠰ ᠲᠤᠬᠤᠭᠤᠷᠬᠠᠨ ᠰᠤᠨᠢᠭᠤᠴᠢᠨᠠ᠃ | ᠪᠠᠶᠠᠨ ᠪᠦᠷᠢᠳᠤ ᠶᠢᠨ ︽ᠪᠦᠳᠦᠭᠦᠨ ᠠᠮᠪᠠ︾ ᠤᠮᠪᠤᠯ ᠭᠠᠩᠳᠤᠯᠭ᠎ᠠ ᠪᠠᠨ ᠰᠤᠷᠭᠠᠭᠤᠯᠢ ᠳᠤᠨᠢ ᠬᠦᠷᠬᠡᠬᠡ ᠨᠢ ᠡᠨᠡ ᠶᠤᠮ ᠪᠠᠶᠢᠨ᠎ᠠ᠃ ᠠᠮᠠ ᠬᠠᠭᠤᠷᠠᠢ ᠦᠭᠡᠢ | ᠠᠶᠠᠯᠠᠬᠤ ᠳᠤ ᠬᠤᠨᠤᠭ ᠤᠨ ᠵᠠᠮ ᠬᠤᠮᠢᠭᠳᠠᠵᠤ ᠪᠠᠶᠢᠬᠤ ᠰᠢᠭ᠋ ᠡᠪᠬᠡᠭᠳᠡᠵᠤ ᠪᠠᠶᠢᠯ᠎ᠠ᠃ | — ᠪᠦᠷᠢᠶ᠎ᠠ ᠳᠤᠤᠭᠠᠷᠭᠠᠨ ᠵᠦᠷᠢᠭᠰᠡᠨ ᠲᠡᠷᠭᠡᠨ ᠴᠤᠩᠬᠤ ᠪᠠᠷ ᠮᠠᠨ ᠤ ᠪᠠᠶᠢᠷᠢ ᠶᠢᠨ ᠮᠠᠩᠯᠠᠢ ᠭᠠᠷ ᠳᠠᠯᠠᠯᠤᠭᠰᠠᠨ ᠰᠢᠦ᠃ | — ᠰᠤᠮᠤᠨ ᠤ ᠨᠠᠭᠠᠳᠤᠮ ᠳᠤ ᠪᠤᠷᠤᠯᠠᠭ ᠨᠢ ᠠᠮᠠᠨ ᠬᠦᠵᠤᠭᠦᠳᠡᠭᠡᠳ ︽ᠬᠤᠰᠢᠭᠤ ᠨᠠᠭᠠᠳᠤᠮ ᠳᠤ ᠯᠠᠪᠳᠠᠢ ᠲᠡᠷᠢᠭᠦᠯᠡᠨ᠎ᠡ︾ ᠭᠡᠳ ᠬᠤᠷᠤᠭᠤ ᠭᠤᠬᠠᠳᠠᠨ | ᠠᠮᠠᠯᠳᠠᠵᠤ ᠪᠠᠶᠢᠭᠰᠠᠨ ᠲᠡᠪᠡᠭ ᠭᠡᠵᠢᠭᠡ ᠲᠠᠢ ᠰᠢᠷᠠᠮᠠᠨ ᠬᠦᠦ ᠤᠤ︖ | — ᠮᠢᠨᠤ ︽ᠲᠡᠯ ᠲᠠᠢ ᠰᠢᠪᠠᠭᠤ︾ ᠶᠢ ᠵᠠᠶᠢᠳᠠᠯᠠᠵᠤ ᠶᠡᠭᠡ ᠨᠠᠶᠢᠷ ᠲᠤ ᠲᠡᠷᠢᠭᠦᠯᠡᠭᠡᠳ ︽ᠠᠪᠤ᠂ ᠨᠤᠳᠤᠭ ᠬᠤᠶᠠᠷ ᠲᠠᠢ ᠪᠠᠨ ᠬᠠᠮᠳᠦ ᠨᠡᠷ᠎ᠡ ᠪᠠᠨ | ᠲᠠᠭᠤᠳᠠᠭᠤᠯᠤᠶᠠ︾ ᠭᠡᠳ ᠠᠷᠭ᠎ᠠ ᠠᠯᠳᠠᠷᠠᠭᠠᠳᠠᠭ ᠳᠡᠷᠡ ᠰᠢᠳᠠ᠃ | — ᠢᠷᠡᠬᠦ ᠵᠤᠨ ᠤ ᠨᠠᠭᠠᠳᠤᠮ ᠤᠳ ᠢᠶᠠᠷ ᠬᠦᠰᠡᠯ ᠢ ᠨᠢ ᠪᠡᠶᠡᠯᠡᠭᠦᠯᠵᠤ ᠦᠭ᠂ ᠠᠪᠤ᠂ ᠬᠦᠤ᠂ ᠨᠤᠳᠤᠭ ᠭᠤᠷᠪᠠ ᠠᠯᠳᠠᠷ ᠢᠶᠠᠨ ᠮᠠᠨᠳᠤᠭᠤᠯᠤᠭ ᠳ᠋ᠠ︕ | ᠰᠢᠷ᠎ᠠ ᠪᠦᠷᠦᠢ ᠶᠢᠨ ᠦᠶ᠎ᠡ ᠪᠠᠷ ᠰᠤᠷᠭᠠᠭᠤᠯᠢ ᠶᠢᠨ ᠡᠭᠦᠳᠡᠨ ᠳᠤ ᠪᠠᠭᠤᠬᠤ ᠲᠠᠢ ᠵᠡᠷᠭᠡ ︽ᠪᠦᠳᠤᠭᠦᠨ ᠠᠮᠪᠠ︾ ᠲᠦᠷᠤᠭᠡ ᠪᠠᠨ ᠮᠤᠯᠳᠤᠯᠤᠮᠠᠭᠴᠠ ᠰᠦᠪᠡᠭᠡ | ᠲᠤᠯᠤᠨ ᠭᠡᠳᠡᠶᠢᠨ ᠵᠤᠭᠰᠤᠪᠠ᠃ ᠨᠠᠶᠠ ᠶᠢᠨ ᠲᠠᠪᠠᠭ᠎ᠠ ᠶᠢ ᠦᠭᠰᠤᠭᠡ ᠬᠠᠳᠠᠭᠤ ᠶᠠᠰᠤᠳᠠᠨ ᠤ ᠪᠡᠶ᠎ᠡ ᠨᠢ ᠬᠠᠰᠢᠯᠨ ᠴᠢᠯᠠᠵᠠᠢ᠃ ᠬᠦᠭᠡᠷᠤᠭᠦᠢ︕ | ᠭᠠᠩᠳᠤᠯᠭ᠎ᠠ ᠶᠢ ᠪᠠᠶᠢᠷᠢ ᠳᠤ ᠨᠢ ᠲᠦᠪᠬᠢᠨᠡᠭᠦᠯᠴᠢᠭᠡᠭᠡᠳ ᠪᠠᠯᠭᠠᠰᠤᠨ ᠲᠡᠭᠦᠷᠭᠡ ᠳᠠᠬᠢ ᠤᠳᠬᠤᠨ ᠬᠡᠤᠭᠡᠨ ᠤ ᠳᠡᠭᠡᠨ ᠤᠴᠢᠬᠤ ᠳᠤ ᠨᠢᠳᠤ ᠪᠠᠨ ᠬᠦᠰᠢᠳᠡᠯ᠎ᠡ | ᠬᠦᠯᠢᠶᠡᠭᠰᠡᠨ ᠦᠬᠢᠨ ᠤ ᠬᠢᠨ ᠨᠠᠷᠠ ᠨᠢ ᠭᠠᠷᠴᠤ ᠪᠢᠯᠨ᠃ | ᠨᠠᠬᠢᠶ᠎ᠠ᠄ ︽ᠠᠪᠤ᠂ ᠭᠡᠨ ᠨᠢᠭᠡᠨ ᠳᠤ ᠨᠢ ᠭᠡᠯᠨ ᠪᠤᠯᠬᠤ ᠳᠤ ᠭᠠᠩᠳᠤᠯᠭ᠎ᠠ ᠶᠢ ᠲᠤᠰᠴᠢᠬᠠᠨᠠ ᠰᠢᠳᠡ᠃ ᠠᠯᠤᠰ ᠵᠠᠭᠤᠨ ᠤ ᠭᠠᠵᠠᠷ ᠢ ᠤᠨᠤᠭ᠎ᠠ ᠮᠤᠷᠢ ᠪᠠᠷ | ᠲᠤᠭᠤᠯᠤᠨ᠎ᠠ ᠭᠡᠭᠴᠢ ᠠᠪᠤ ᠶᠢᠨ ᠮᠢᠨᠢ ᠯᠡ ᠵᠤᠷᠢᠭ ᠪᠠᠶᠢᠵᠠᠢ︾ ᠭᠡᠵᠤ ᠰᠡᠳᠬᠢᠯ ᠢ ᠨᠢ ᠵᠠᠰᠠᠭᠠᠳ ᠡᠨᠡ ᠲᠡᠷᠨ ᠪᠠᠨ ᠠᠬᠤᠶᠢᠯᠠᠨᠠ᠃ | ᠰᠤᠷᠭᠠᠭᠤᠯᠢ ᠶᠢᠨ ᠬᠦᠷᠢᠶᠡᠨ᠎ᠡ ᠭᠡᠷ ᠤᠨ ᠠᠬᠠᠮᠠᠳ ᠤᠨ ᠴᠤᠭᠯᠠᠭᠠᠨ ᠪᠤᠯᠵᠠᠢ᠃ ︽ᠪᠦᠳᠦᠭᠦᠨ ᠠᠮᠪᠠ︾ ᠡᠷᠬᠢᠯᠡᠭᠴᠢ ᠪᠠᠭᠰᠢ ᠳᠤ ᠨᠢ ︽ᠭᠠᠩᠳᠤᠯᠭ᠎ᠠ ᠶᠢᠨ | ᠰᠤᠷᠤᠯᠭ᠎ᠠ᠂ ᠠᠮᠢᠳᠤᠷᠠᠯ ᠢ ᠬᠡᠵᠢᠶ᠎ᠡ᠂ ᠬᠠᠮᠢᠭ᠎ᠠ ᠴᠦ ᠴᠢᠩᠭ᠎ᠠ ᠱᠠᠭᠠᠷᠳᠠᠵᠤ ᠪᠠᠢ︕ ᠵᠠᠭᠡᠭᠰᠡᠨ ᠰᠢᠵᠢᠷᠠᠭᠤᠨ ᠭᠡᠤᠭᠡᠳ ᠰᠢᠤ᠃ ᠰᠤᠷᠭᠠᠭᠤᠯᠢ ᠳᠤ ᠤᠷᠤᠮᠠᠭᠴᠠ | ᠪᠠᠶᠢᠷᠢ ᠳᠤ ᠰᠠᠭᠤᠭᠠᠳ ᠭᠠᠶᠢᠭᠤᠢ ᠲᠡᠰᠴᠢᠬᠠᠵᠠᠢ᠃ ᠪᠠᠶᠢᠷᠢ ᠶᠢᠨ ᠠᠮᠢᠳᠤᠷᠠᠯ ᠰᠤᠷᠤᠭᠴᠢ ᠶᠢ ᠪᠡᠶ᠎ᠡ ᠪᠠᠨ ᠲᠠᠭᠠᠭᠠᠬᠤ ᠴᠢᠳᠠᠪᠤᠷᠢ ᠲᠠᠢ ᠪᠤᠯᠭᠠᠨ ᠬᠦᠮᠤᠵᠢᠭᠦᠯᠳᠡᠭ ᠶᠤᠮ | ᠪᠠᠶᠢᠨ᠎ᠠ︾ ᠭᠡᠵᠤ ᠤᠴᠢᠷᠯᠡᠨ ᠵᠠᠬᠢᠪᠠ᠃ | ᠰᠤᠷᠤᠭᠴᠢᠳ᠂ ᠠᠩᠬᠢ ᠶᠢᠨ ᠭᠡᠷ ᠤᠨ ᠲᠡᠭᠡᠪᠤᠷ ᠢ ᠢᠷᠡᠵᠤ ᠬᠠᠶᠠᠮᠠᠷ ᠪᠠᠶᠠᠰᠤᠯᠴᠠᠨ ᠬᠦᠭᠡᠷᠤᠯᠳᠤᠭᠡᠳ᠂ ᠴᠢᠯᠤᠭᠡᠨ ᠤ ᠬᠤᠭᠤᠴᠠᠭᠠᠨ ᠤ ᠵᠤᠭᠤᠭ ᠲᠡᠯᠭᠡᠯᠴᠡᠨ᠂ | ᠬᠦᠭᠵᠢᠶᠡᠨ ᠨᠠᠷᠬᠢᠶᠠᠨ ᠪᠢᠯᠬᠠᠷᠠᠨ᠎ᠠ᠃ | — ᠬᠤᠰᠢᠭᠤ ᠨᠠᠶᠢᠷ ᠲᠡᠭᠡᠷ᠎ᠡ ︽ᠲᠡᠯ ᠲᠠᠢ ᠰᠢᠪᠠᠭᠤ︾ ᠲᠠᠢ ᠴᠢᠨᠢ ᠪᠠᠷᠢᠶᠠᠨ ᠤ ᠭᠠᠵᠠᠷ ᠵᠤᠤᠵᠠᠢ ᠬᠤᠯᠪᠤᠨ᠂ ᠲᠡᠷᠢᠭᠦᠨ᠂ ᠲᠡᠳ᠋ ᠮᠠᠳᠭᠡᠯᠴᠡᠮᠡᠷ ᠪᠠᠶᠢᠳᠠᠯ᠎ᠠ | ᠬᠡᠨᠡᠳᠳᠡᠭᠡᠨ ᠬᠠᠳᠤᠤᠷᠠᠭᠠᠳ ᠠᠷᠠᠢ ᠴᠢᠮᠠᠢ ᠰᠡᠭᠦᠯᠴᠢ ᠶᠢᠨ ᠫᠠᠶᠢᠰᠠ ᠠᠳᠬᠤᠭᠠᠳ ᠲᠡᠷᠡ ᠬᠠᠷᠠᠮᠰᠠᠭᠰᠠᠨ ᠭᠡᠵᠢ︕ ᠡᠨᠡ ᠨᠢ ᠮᠠᠩᠯᠠᠢ ᠶᠢᠨ ᠴᠠᠶᠢᠯᠭᠠᠨ ᠬᠠᠷᠠᠮᠰᠠᠯ᠃ | — ᠪᠢ᠂ ᠠᠪᠤ ᠪᠠᠨ ᠲᠠᠭᠠᠵᠤ ᠶᠡᠭᠡ ᠬᠤᠳᠠ ᠪᠠᠷ ᠬᠠᠨᠳᠠᠯ᠎ᠠ ᠲᠤᠭᠤᠷᠢᠭᠰᠠᠨ᠃ ᠨᠠᠶᠢᠷ ᠨᠠᠭᠠᠳᠤᠮ ᠳᠤ ᠤᠴᠢᠳᠠᠭ ᠴᠦ ᠦᠭᠡᠢ᠂ ᠮᠤᠷᠢᠨ ᠤᠷᠤᠯᠳᠤᠭᠠᠨ᠂ | ᠪᠦᠭᠡ ᠶᠢᠨ ᠪᠠᠷᠢᠯᠳᠤᠭᠠᠨ ᠢ ᠰᠤᠨᠢᠷᠬᠠᠬᠤ ᠶᠠᠭ ᠲᠤᠷ᠎ᠠ ᠦᠭᠡᠢ᠃ ᠡᠨᠡ ᠨᠢ ᠬᠤᠳᠠ ᠶᠢᠨ ᠪᠤᠷᠤ ᠪᠠᠨᠳᠢ ᠶᠢᠨ ᠠᠳᠠᠭᠠᠷᠬᠠᠯ᠃ | — ᠬᠦᠳᠡᠭᠡ ᠪᠠᠷ ᠵᠤᠭᠠᠴᠡᠨ ᠨᠠᠭᠠᠳᠤᠭᠰᠠᠨ᠃ ᠬᠤᠨᠢᠨ ᠮᠢᠬ᠎ᠠ᠂ ᠬᠤᠷᠤᠳ ᠵᠦᠭᠡᠭᠡᠢ ᠦᠨᠡᠭᠡᠷ ᠠᠮᠳᠠ ᠲᠠᠢ᠃ ᠬᠦᠮᠡᠯᠢ᠂ ᠲᠡᠮᠡᠭᠡᠨ ᠬᠦᠬᠦ ᠲᠡᠭᠦᠳᠡᠭ᠃ | ᠮᠤᠷᠢ ᠤᠨᠤᠵᠤ᠂ ᠡᠪᠦᠭᠡ ᠲᠠᠢ ᠪᠠᠨ ᠬᠤᠯᠡᠭᠤᠷ ᠲᠤᠭᠤᠷᠢᠳᠠᠭ᠃ ᠮᠠᠩᠬᠠᠨ ᠨᠤᠳᠤᠭ ᠰᠠᠶᠢᠬᠠᠨ᠂ ᠢᠷᠡᠬᠦ ᠵᠤᠨ ᠪᠠᠰᠠ ᠤᠴᠢᠨ᠎ᠠ᠃ ᠡᠨᠡ ᠨᠢ ᠪᠠᠰᠠ ᠨᠢᠬᠡ | ᠬᠤᠳᠠ ᠶᠢᠨ ᠵᠢᠭᠠᠯ ᠤᠨ ᠦᠨᠡᠨᠴᠢᠭᠡᠨ ᠦᠴᠢᠯ᠃ | — ᠡᠨᠡ ᠵᠤᠨ ᠤ ᠨᠠᠭᠠᠳᠤᠮ ᠳᠤ ᠮᠢᠨᠤ ᠤᠨᠤᠭᠰᠠᠨ ︽ᠲᠡᠯ ᠲᠠᠢ ᠰᠢᠪᠠᠭᠤ︾ ᠭᠤᠷᠪᠡᠨ ᠶᠡᠭᠡ ᠨᠠᠶᠢᠷ ᠲᠤ ᠲᠡᠷᠢᠭᠦᠯᠡᠭᠰᠡᠨ᠃ ᠱᠠᠩ ᠤᠨ ᠲᠠᠭ᠎ᠠ ᠪᠠᠨ | ᠤᠨᠤᠵᠤ ᠰᠤᠷᠭᠠᠭᠰᠠᠨ᠃ ᠡᠨᠡ ᠨᠢ ᠭᠠᠩᠳᠤᠯᠭ᠎ᠠ ᠶᠢᠨ ᠤᠮᠤᠭᠰᠢᠯ᠃ | ᠪᠤᠵᠢᠬᠢᠨᠠᠯᠳᠤᠨ ᠱᠤᠤᠬᠢᠯᠳᠤᠵᠤ ᠪᠠᠶᠢᠭᠰᠠᠨ ᠰᠤᠷᠤᠭᠴᠢᠳ ᠤᠨ ᠦᠢᠮᠡᠭᠡᠨ᠂ ᠴᠠᠬᠢᠯᠭᠠᠨ ᠵᠤᠭᠰᠤᠬᠤ ᠳᠤ ᠲᠠᠭᠤ ᠴᠢᠮᠡᠭᠡ ᠲᠠᠭᠵᠢᠷᠠᠳᠠᠭ ᠰᠢᠭ᠋ ᠬᠡᠨᠡᠤᠠᠳᠡ | ᠨᠠᠮᠵᠢᠷᠠᠪᠠ᠃ ᠪᠠᠭᠰᠢ ᠨᠢ ᠤᠷᠤᠵᠤ ᠢᠷᠡᠭᠡᠳ ᠢᠨᠢᠶᠡᠮᠰᠦᠭᠯᠡᠨ ᠵᠤᠭᠰᠤᠵᠤ ᠪᠠᠶᠢᠯ᠎ᠠ᠃ ᠬᠢᠴᠢᠶᠡᠯ ᠤᠨ ᠬᠤᠩᠬ᠎ᠠ ᠲᠤᠤᠭᠠᠷᠪᠠ᠂ ᠰᠤᠷᠤᠭᠴᠢᠳ ᠤᠷᠤ ᠤᠷᠤᠨ ᠳᠠᠭᠠᠨ | ᠲᠦᠪ ᠰᠠᠭᠤᠨ᠎ᠠ᠃ | ᠪᠠᠭᠰᠢ᠂ ᠰᠠᠮᠪᠠᠷ᠎ᠠ ᠶᠢᠨ ᠲᠠᠶᠢᠰᠠᠨ᠎ᠠ ︽ᠰᠤᠷᠤᠭᠴᠢᠳ ᠮᠠᠨᠢ ᠵᠤᠨ ᠤ ᠠᠮᠠᠷᠠᠯᠳᠠ ᠪᠠᠨ ᠰᠠᠶᠢᠬᠠᠨ ᠦᠩᠭᠡᠷᠡᠭᠡᠯ᠎ᠡ᠃ ᠭᠠᠩᠳᠤᠯᠭ᠎ᠠ ᠶᠢᠨ ᠤᠨᠤᠭᠰᠠᠨ ᠮᠤᠷᠢ | ᠭᠤᠷᠪᠠᠨ ᠠᠶᠢᠮᠠᠭ᠂ ᠶᠢᠰᠤᠨ ᠬᠤᠰᠢᠭᠤᠨ ᠤ ᠵᠠᠭᠤᠨ ᠬᠦᠯᠦᠭ ᠤᠷᠤᠯᠳᠤᠭᠰᠠᠨ ᠬᠤᠰᠢᠭᠤ ᠨᠠᠭᠠᠳᠤᠮ ᠳᠤ ᠤᠳᠤᠯᠠᠨ ᠲᠡᠷᠢᠭᠦᠯᠡᠭᠡᠳ ᠨᠤᠳᠤᠭ ᠤᠰᠤᠨ ᠤ ᠠᠯᠳᠠᠷ ᠢ | ᠡᠷᠬᠦᠵᠡᠢ᠃ ᠪᠦᠭᠦᠳᠡᠭᠡᠷ ᠪᠠᠶᠠᠷ ᠬᠦᠷᠭᠡᠶ᠎ᠡ︾ ᠭᠡᠬᠦ ᠲᠠᠢ ᠵᠡᠷᠭᠡ ᠠᠯᠠᠭ᠎ᠠ ᠲᠠᠰᠢᠯᠳᠠ ᠨᠢᠵᠢᠬᠢᠨᠡᠪᠡ᠃ ᠪᠠᠭᠰᠢ ᠪᠠᠰᠠ ︽ᠪᠦᠬᠦ ᠤᠷᠤᠨ ᠤ ᠪᠠᠭ᠎ᠠ | ᠰᠤᠷᠭᠠᠭᠤᠯᠢ ᠨᠤᠭᠤᠳ ᠲᠤ ᠨᠡᠬᠦᠳᠡᠯ ᠠᠬᠤᠢ ᠶᠢᠨ ᠮᠡᠳᠡᠯᠬᠡ ᠶᠢᠨ ᠤᠷᠤᠯᠳᠤᠭᠠᠨ ᠬᠢᠬᠦ ᠪᠠᠷ ᠪᠤᠯᠤᠭᠰᠠᠨ᠃ ᠰᠤᠷᠤᠭᠴᠢᠳ ᠤᠨ ᠮᠠᠨᠢ ᠤᠶᠤᠨ ᠢᠶᠠᠨ ᠰᠤᠷᠢᠬᠤ ᠴᠠᠭ | ᠢᠷᠡᠭᠰᠡᠨ ᠰᠢᠤ︾ ᠭᠡᠳ ᠭᠠᠩᠳᠤᠯᠭ᠎ᠠ ᠶᠢ ᠲᠦᠯᠭᠡᠭᠡᠨ ᠰᠢᠷᠳᠡᠪᠡ᠃ | ᠁ | ᠤᠷᠤᠯᠳᠤᠭᠠᠨ ᠲᠤᠭᠳᠠᠭᠰᠠᠨ ᠴᠠᠭ ᠲᠠᠭᠠᠨ ᠡᠷᠴᠢᠮᠯᠢᠭ ᠶᠠᠪᠤᠭᠳᠠᠪᠠ᠃ ᠰᠢᠯᠭᠠᠯᠳᠠ ᠲᠤᠰᠤᠭᠰᠠᠨ ᠰᠤᠷᠤᠭᠴᠢᠳ ᠤᠨ ᠤᠯᠠᠩᠬᠢ ᠨᠢ ᠲᠤᠯᠤᠭᠠᠢ ᠪᠠᠨ | ᠮᠠᠭᠠᠵᠢᠨ᠎ᠠ᠃ ︽ᠲᠠᠪᠤᠨ ᠬᠤᠰᠢᠭᠤ ᠮᠠᠯ ᠤᠨ ᠲᠦᠯ ᠢ ᠨᠡᠷᠡᠯᠡᠵᠤ᠂ ᠦᠭᠦᠯᠡᠪᠤᠷᠢ ᠵᠤᠬᠢᠶᠠ︾᠂ ︽ᠬᠠᠰᠠᠭ ᠲᠡᠷᠭᠡ᠂ ᠡᠮᠡᠭᠡᠯ᠂ ᠲᠤᠬᠤᠰᠢ ᠶᠢᠨ ᠪᠦᠳᠦᠴᠡ ᠠᠴᠠ | ᠲᠤᠰ ᠪᠦᠷᠢ ᠲᠠᠪᠤ ᠶᠢ ᠪᠢᠴᠢ︾ ᠭᠡᠬᠦ ᠰᠡᠳᠤᠪ ᠤᠳ ᠭᠠᠩᠳᠤᠯᠭ᠎ᠠ ᠳᠤ ᠪᠤᠯ ︽ᠬᠤᠷᠤᠭᠤᠨ ᠦᠵᠤᠭᠦᠷ ᠬᠤᠮ ᠫᠠᠳ︾᠂ ᠰᠡᠳᠤᠪ ᠢ ᠨᠢᠮᠪᠠᠶᠢᠯᠠᠨ ᠤᠩᠰᠢᠵᠤ᠂ ᠨᠡᠷ᠎ᠡ᠂ | ᠠᠩᠬᠢ ᠪᠠᠨ ᠪᠢᠴᠢᠮᠡᠭᠴᠡ ᠪᠢᠷ ᠵᠢᠷᠢᠯᠵᠢᠭᠦᠯᠪᠡ᠃ | ᠰᠠᠷ᠎ᠠ ᠶᠢᠨ ᠲᠠᠷᠠᠭ᠎ᠠ᠃ | ᠰᠤᠷᠭᠠᠭᠤᠯᠢ ᠶᠢᠨ ᠴᠡᠩᠬᠡᠷ ᠠᠭᠠᠷ ᠲᠤ ︽ᠪᠦᠬᠦ ᠤᠷᠤᠨ ᠤ ᠠᠩᠬᠠᠳᠠᠭᠴᠢ ᠤᠳᠠᠭᠠᠨ ᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠨᠡᠬᠦᠳᠡᠯ ᠠᠬᠤᠢ ᠶᠢᠨ | ᠤᠷᠤᠯᠳᠤᠭᠠᠨ ᠳᠤ ᠮᠠᠨ ᠤ ᠰᠤᠷᠭᠠᠭᠤᠯᠢ ᠶᠢᠨ ᠭᠤᠷᠪᠠᠳᠤᠭᠠᠷ ᠤᠨ ᠤ ᠰᠤᠷᠤᠭᠴᠢ ᠭᠠᠩᠳᠤᠯᠭ᠎ᠠ ᠨᠢᠭᠡᠳᠤᠭᠡᠷ ᠲᠡᠰ ᠲᠤ ᠰᠢᠯᠭᠠᠷᠠᠵᠠᠢ᠃ ᠡᠨᠡ ᠪᠤᠯ ᠰᠤᠷᠭᠠᠭᠤᠯᠢ ᠶᠢᠨ | ᠤᠮᠤᠭᠰᠢᠯ᠂ ᠪᠠᠭᠰᠢ᠂ ᠰᠤᠷᠤᠭᠴᠢᠳ ᠤᠨ ᠵᠤᠷᠢᠭᠵᠢᠯ᠂ ᠪᠠᠭ᠋ᠠᠷᠬᠠᠯ ᠪᠤᠯᠬᠤ ᠨᠢ ᠲᠠᠮᠵᠢᠭ ᠦᠭᠡᠢ︾ ᠬᠡᠰᠡᠨ ᠪᠠᠶᠠᠷ ᠤᠨ ᠴᠢᠮᠡᠭᠡ ᠢᠷᠠᠭᠤ ᠪᠦᠬᠡᠳ ᠬᠦᠭᠵᠢᠮᠯᠢᠭ | ᠴᠤᠤᠷᠢᠶᠠᠳᠤᠪᠠ᠃ | |