︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾ ᠤᠨ ᠳᠠᠬᠢᠨ ᠲᠡᠮᠳᠡᠭᠯᠡᠯ
ᠨᠡᠶᠢᠲᠡᠯᠡᠭᠰᠡᠨ ᠴᠠᠭ᠄
2021/3/10
     ᠪ᠊ · ᠪᠦᠷᠢᠨᠪᠠᠬᠢ ᠪᠠᠭᠰᠢᠳᠠᠨ ᠪᠣᠯ ᠮᠣᠩᠭᠤᠯ ᠰᠢᠯᠦᠭ ᠤᠨ ᠣᠨᠣᠯ ᠤᠨ ᠴᠣᠭᠴᠠᠯᠠᠯᠲᠠ ᠶᠢᠨ ᠭᠠᠷᠮᠠᠭᠠᠢ ᠵᠢᠳᠭᠦᠯᠲᠡᠨ ᠪᠣᠯᠬᠤ ᠶᠣᠮ᠃ ︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾ ᠪᠣᠯ ᠲᠡᠭᠦᠨ ᠤ ᠮᠣᠩᠭᠤᠯ ᠰᠢᠯᠦᠭ ᠤᠨ ᠤᠭ ᠴᠣᠭᠴᠠ ᠶᠢᠨ ᠲᠤᠰ ᠪᠡᠶ᠎ᠡ ᠳᠤ ᠰᠢᠰᠲ᠋ᠧᠮ ᠲᠠᠢ ᠪᠠᠷ ᠣᠨᠤᠯ ᠤᠨ ᠴᠤᠭᠴᠠᠯᠠᠯᠲᠠ ᠬᠢᠭᠰᠡᠨ ᠳᠣᠷᠪᠢᠯᠢᠭ ᠪᠦᠲᠦᠭᠡᠯ ᠪᠣᠯᠤᠨ᠎ᠠ᠃ ᠲᠡᠷᠡ ᠨᠢ ᠮᠣᠩᠭᠤᠯ ᠰᠢᠯᠦᠭ ᠢ ᠠᠩᠬ᠎ᠠ ᠤᠳᠠᠭ᠎ᠠ ᠣᠨᠤᠯ ᠤᠨ ᠲᠠᠯ᠎ᠠ ᠠᠴᠠ ᠪᠦᠬᠦᠯᠢ ᠴᠣᠭᠴᠠ ᠪᠠᠷ ᠣᠨᠤᠯᠵᠢᠭᠤᠯᠤᠨ ᠰᠣᠳᠣᠯᠤᠭᠰᠠᠨ ᠮᠦᠷᠲᠡᠭᠡᠨ ᠮᠣᠩᠭᠤᠯ ᠰᠢᠯᠦᠭ ᠤᠨ ᠦᠨᠳᠦᠰᠦᠨ ᠠᠰᠠᠭᠤᠳᠠᠯ ᠢ ᠰᠢᠰᠲ᠋ᠧᠮ ᠲᠠᠢ ᠪᠠᠷ ᠰᠢᠢᠳᠪᠦᠷᠢᠯᠡᠭᠰᠡᠨ ᠲᠤᠮᠤᠬᠠᠨ ᠪᠦᠲᠦᠭᠡᠯ ᠪᠣᠯᠬᠤ ᠶᠤᠮ᠃      ᠬᠡᠯᠡᠨ ᠤ ᠭᠠᠶᠢᠬᠠᠮᠰᠢᠭ ᠢᠶᠠᠷ ᠣᠨᠤᠯ ᠢ ᠤᠷᠠᠯᠠᠬᠤᠢ      ᠪ᠊ · ᠪᠦᠷᠢᠨᠪᠠᠬᠢ ᠪᠠᠭᠰᠢᠳᠡᠨ ᠢ ᠬᠡᠯᠡᠨ ᠤ ᠡᠷᠳᠡᠮᠲᠡᠨ ᠭᠡᠬᠦ ᠳᠤ ᠠᠬᠠᠳᠠᠬᠤ ᠦᠭᠡᠢ ᠰᠠᠨ᠃ ᠲᠡᠷᠡ ᠪᠣᠯ ᠮᠣᠩᠭᠤᠯ ᠵᠤᠬᠢᠶᠠᠯᠴᠢᠳ ᠤᠨ ᠳᠤᠲᠤᠷ᠎ᠠ ᠤᠯᠠᠨ ᠬᠠᠷᠠᠭᠳᠠᠳᠠᠭ ᠦᠭᠡᠢ ᠬᠡᠯᠡᠨ ᠤ ᠤᠷᠠᠨ ᠳᠠᠷᠬᠠᠨ ᠮᠦᠨ᠃ ᠲᠡᠭᠦᠨ ᠤ ᠪᠢᠴᠢᠭᠰᠡᠨ ᠰᠢᠯᠦᠭ ᠤᠨ ᠪᠦᠳᠦᠭᠡᠯ ᠨᠢ ᠴᠦᠮ ᠬᠡᠯᠡᠨ ᠤ ᠭᠠᠶᠢᠬᠠᠮᠰᠢᠭ᠂ ᠨᠠᠶᠢᠷᠠᠭᠤᠯᠭ᠎ᠠ ᠶᠢᠨ ᠭᠤᠪᠠᠢ᠂ ᠰᠡᠳᠬᠢᠮᠵᠢ ᠶᠢᠨ ᠤᠷᠠᠨ ᠢ ᠲᠡᠭᠦᠰ ᠢᠯᠡᠷᠡᠭᠦᠯᠵᠦ ᠪᠠᠶᠢᠳᠠᠭ ᠢᠶᠠᠷ ᠦᠯᠦ ᠪᠠᠷᠠᠨ᠂ ︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾ ᠮᠡᠲᠦ ᠶᠢᠨ ᠣᠨᠤᠯ ᠤᠨ ᠲᠤᠰᠬᠠᠢ ᠪᠦᠲᠦᠭᠡᠯ ᠳᠤ ᠨᠢ ᠴᠦ ᠤᠷᠠᠨ ᠵᠤᠬᠢᠶᠠᠯ ᠤᠨ ᠦᠨᠦᠷ ᠠᠮᠲᠠ ᠠᠮᠳᠠᠯᠠᠬᠳᠠᠵᠤ᠂ ᠬᠦᠮᠦᠰ ᠲᠤ ᠤᠶᠤᠨ ᠰᠡᠩᠬᠡᠷᠡᠭᠦᠯᠦᠯ ᠢ ᠣᠯᠭᠤᠬᠤ ᠪᠠᠷ ᠪᠠᠷᠠᠬᠤ ᠦᠭᠡᠢ᠂ ᠬᠡᠯᠡ ᠨᠠᠶᠢᠷᠠᠭᠤᠯᠭ᠎ᠠ ᠶᠢᠨ ᠭᠤᠸ᠎ᠠ ᠰᠠᠶᠢᠬᠠᠨ ᠤ ᠬᠠᠪᠤ ᠴᠡᠩᠬᠡᠯ ᠢ ᠤᠯᠭᠤᠳᠠᠭ᠃ ᠲᠤᠰ ᠤᠨᠤᠯ ᠤᠨ ᠪᠦᠲᠦᠭᠡᠯ ᠤᠨ ᠬᠡᠯᠡ ᠨᠠᠶᠢᠷᠠᠭᠤᠯᠭ᠎ᠠ ᠶᠢᠨ ᠬᠢᠨᠢ ᠤᠷᠠᠨ ᠰᠠᠶᠢᠬᠠᠨ ᠢ ᠰᠢᠨᠵᠢᠪᠡᠯ᠄      ᠬᠡᠯᠡ ᠬᠤᠷᠴᠠ ᠰᠢᠷᠭᠠᠭᠠᠮᠠᠯ᠂ ᠤᠳᠬ᠎ᠠ ᠭᠦᠨ ᠨᠠᠷᠢᠯᠢᠭ — ᠲᠤᠰ ᠪᠦᠲᠦᠭᠡᠯ ᠪᠣᠯ ᠤᠷᠠᠨ ᠵᠤᠬᠢᠶᠠᠯ ᠤᠨ ᠬᠡᠯᠡ ᠬᠡᠯᠡᠯᠭᠡ ᠪᠠᠷ ᠤᠨᠣᠯ ᠤᠨ ᠲᠠᠶᠢᠯᠪᠤᠷᠢᠯᠠᠯᠲᠠ ᠬᠢᠭᠰᠡᠨ ᠪᠦᠳᠦᠬᠡᠯ᠃ ᠪ᠊ · ᠪᠦᠷᠢᠨᠪᠠᠬᠢ ᠪᠠᠭᠰᠢᠳᠠᠨ ᠦᠭᠡ ᠶᠢ ᠰᠢᠯᠢᠵᠦ ᠬᠡᠷᠡᠭᠯᠡᠬᠦ ᠳᠡᠭᠡᠨ ᠮᠠᠰᠢ ᠭᠠᠷᠮᠠᠭᠠᠢ ᠪᠠᠶᠢᠵᠦ᠂ ᠠᠯᠢ ᠣᠯᠠᠨ ᠬᠤᠷᠴᠠ ᠰᠢᠷᠭᠠᠭᠠᠮᠠᠯ᠂ ᠤᠳᠬ᠎ᠠ ᠭᠦᠨ ᠦᠭᠡ ᠪᠠᠷ ᠤᠴᠢᠵᠦ ᠲᠠᠶᠢᠯᠪᠤᠷᠢᠯᠠᠬᠤ ᠡᠲᠡᠭᠡᠳ ᠢᠶᠠᠨ ᠤᠨᠤᠪᠴᠢᠲᠠᠢ ᠣᠨᠤᠯᠵᠢᠭᠤᠯᠳᠠᠭ᠃ ᠵᠢᠱᠢᠶᠡᠯᠡᠪᠡᠯ᠂ ᠰᠢᠯᠦᠭ ᠤᠨ ᠤᠶᠠᠩᠭ᠎ᠠ ᠰᠢᠭᠦᠮᠵᠢ ᠶᠢ ᠲᠠᠶᠢᠯᠪᠤᠷᠢᠯᠠᠬᠤ ᠳᠠᠭᠠᠨ᠂ ᠵᠤᠬᠢᠶᠠᠭᠴᠢ ᠠᠴᠠ ᠱᠠᠭᠲᠠᠷ ᠪᠣᠯᠤᠨ ᠾᠧᠨᠧ ᠶᠢᠨ ᠰᠢᠯᠦᠭ ᠢᠶᠠᠷ ᠵᠢᠱᠢᠶᠡᠯᠡᠵᠦ᠂ ᠬᠤᠶᠠᠷ ᠰᠢᠯᠦᠭ ᠤᠨ ᠦᠪᠡᠷᠮᠢᠴᠡ ᠣᠨᠴᠠᠯᠢᠭ ᠢ ᠲᠤᠰ ᠲᠤᠰ ᠪᠣᠷᠤᠭᠵᠢᠭᠤᠨ ᠬᠡᠯᠡ᠂ ᠵᠡᠷᠭᠡᠴᠡᠭᠡ ᠠᠳᠠᠯᠢᠳᠬᠠᠯ᠂ ᠭᠠᠰᠠᠩ ᠰᠢᠭᠦᠮᠵᠢ ᠪᠠ ᠭᠦᠨ᠎ᠡ ᠰᠡᠳᠬᠢᠴᠡ᠂ ᠴᠡᠪᠡᠷ ᠬᠡᠯᠡᠯᠭᠡ᠂ ᠵᠢᠭᠡᠭᠦᠨ ᠶᠦᠭᠡᠳᠡᠯ ᠭᠡᠮᠡᠨ ᠬᠤᠷᠴᠠ ᠣᠨᠤᠪᠴᠢᠲᠠᠢ᠂ ᠵᠣᠬᠢᠰ ᠲᠡᠭᠦᠯᠳᠡᠷ ᠦᠭᠡ ᠪᠠᠷ ᠣᠴᠢᠵᠦ ᠬᠠᠷᠢᠴᠠᠭᠤᠯᠤᠨ ᠳᠠᠶᠢᠯᠪᠤᠷᠢᠯᠠᠭᠰᠠᠠ ᠶᠤᠮ᠃ ᠪᠠᠰᠠ ᠵᠢᠱᠢᠶᠡᠯᠡᠪᠡᠯ᠂ ᠭᠱᠠᠨ᠎ᠠ ᠶᠢᠨ ᠰᠡᠷᠡᠯ ᠢ ᠵᠠᠳᠠᠯᠬᠤ ᠳᠠᠭᠠᠨ᠂ ᠬᠤᠷᠴᠠ ᠰᠡᠷᠡᠯ ᠭᠡᠳᠡᠭ ᠪᠣᠯ ᠭᠱᠠᠨ᠎ᠠ ᠣᠢ ᠪᠢᠯᠢᠭ ᠨᠢ ᠨᠡᠭᠡᠭᠡᠭᠳᠡᠭᠡᠳ ᠠᠯᠢᠪᠠ ᠤᠨᠳᠠᠩᠬᠠᠢ ᠪᠦᠷᠦᠩᠬᠦᠢ ᠰᠡᠳᠬᠢᠯ ᠮᠡᠳᠡᠷᠡᠯ ᠨᠢ ᠰᠡᠷᠭᠦᠨ ᠭᠡᠭᠡᠷᠡᠵᠦ ᠬᠠᠷᠢᠯᠴᠠᠨ ᠬᠡᠯᠬᠢᠯᠳᠦᠨ ᠠᠮᠢᠳᠤᠷᠠᠨ ᠬᠦᠲᠡᠯᠦᠯᠴᠡᠭᠡᠳ ᠰᠡᠳᠬᠢᠭᠦᠢ ᠶᠢᠨ ᠵᠠᠩᠭᠢᠷᠠᠭ᠎ᠠ ᠶᠢ ᠠᠯᠳᠠᠷᠠᠭᠠᠵᠤ ᠰᠡᠳᠦᠪ ᠤᠨ ᠡᠭᠡᠳᠡᠷᠡᠭᠡᠨ ᠢ ᠲᠠᠶᠢᠯᠤᠭᠠᠳ ᠰᠢᠯᠦᠭᠴᠢ ᠶᠢᠨ ᠳᠦᠷᠢᠲᠦ ᠰᠡᠳᠬᠢᠭᠦᠨ ᠳᠤ ᠦᠰᠦᠷᠦᠯᠲᠡ ᠠᠪᠴᠢᠷᠠᠬᠤ ᠦᠵᠡᠭᠳᠡᠯ ᠭᠠᠷᠴᠦ ᠢᠷᠡᠬᠦ ᠶᠢ ᠵᠢᠭᠠᠨ᠎ᠠ ᠭᠡᠵᠦ ᠮᠠᠰᠢ ᠠᠮᠢᠳᠦ ᠳᠦᠷᠰᠦᠯᠢᠭ ᠬᠡᠯᠡ ᠬᠡᠯᠡᠯᠭᠡ ᠪᠠᠷ ᠲᠠᠶᠢᠯᠪᠤᠷᠢᠯᠠᠭᠰᠠᠨ ᠶᠤᠮ᠃ ᠬᠡᠷᠪᠡ ᠴᠤᠯ ᠤᠳᠬ᠎ᠠ ᠶᠢᠨ ᠲᠠᠯ᠎ᠠ ᠠᠴᠠ ᠤᠬᠠᠭᠳᠠᠬᠤᠨ ᠢ ᠬᠤᠷᠢᠶᠠᠩᠭᠤᠶᠢᠯᠠᠵᠤ᠂ ᠭᠱᠠᠨ᠎ᠠ ᠶᠢᠨ ᠰᠡᠷᠡᠯ ᠪᠣᠯ ᠳᠠᠷᠤᠢ ᠶᠠᠭᠤ ᠶᠢ ᠵᠢᠭᠠᠨ᠎ᠠ ᠭᠡᠮᠡᠨ ᠬᠡᠶᠢᠰᠪᠦᠷᠢ ᠰᠡᠳᠬᠢᠬᠦᠢ ᠳᠤ ᠰᠠᠭᠤᠷᠢᠯᠠᠭᠰᠠᠨ ᠲᠠᠶᠢᠯᠪᠤᠷᠢᠯᠠᠯ ᠬᠢᠭᠰᠡᠨ ᠶᠤᠮ ᠪᠣᠯ ᠯᠠᠪᠲᠠᠢ ᠬᠦᠰᠢᠭᠦᠨ ᠪᠣᠯᠵᠦ ᠤᠷᠠᠨ ᠵᠤᠬᠢᠶᠠᠯ ᠤᠨ ᠦᠨᠦᠷ ᠠᠮᠲᠠ ᠠᠯᠳᠠᠭᠳᠠᠵᠤ ᠬᠡᠯᠡᠨ ᠤ ᠤᠷᠠᠯᠢᠭ ᠤᠨ ᠭᠤᠸ᠎ᠠ ᠰᠠᠶᠢᠬᠠᠨ ᠢ ᠢᠯᠡᠷᠡᠭᠦᠯᠵᠦ ᠴᠢᠳᠠᠬᠤ ᠦᠭᠡᠢ ᠶᠤᠮ᠃      ᠰᠡᠳᠬᠢᠮᠵᠢ ᠤᠷᠠᠨ᠂ ᠨᠠᠶᠢᠷᠠᠭᠤᠯᠭ᠎ᠠ ᠭᠤᠪᠠᠢ — ᠬᠡᠷᠪᠡ ᠶᠠᠮᠠᠷ ᠨᠢᠭᠡᠨ ᠵᠤᠬᠢᠶᠠᠯ ᠪᠦᠲᠦᠭᠡᠯ ᠳᠤ ᠵᠦᠪᠬᠡᠨ ᠭᠤᠶᠢᠲᠠ ᠰᠠᠶᠢᠬᠠᠨ ᠬᠡᠯᠡ ᠬᠡᠯᠡᠯᠭᠡ᠂ ᠭᠦᠨ ᠨᠠᠷᠢᠯᠢᠭ ᠤᠳᠬ᠎ᠠ ᠰᠠᠨᠠᠭ᠎ᠠ ᠪᠠᠶᠢᠭᠠᠳ ᠤᠷᠠᠨ ᠰᠡᠳᠬᠢᠮᠵᠢ᠂ ᠭᠤᠪᠠᠢ ᠨᠠᠶᠢᠷᠠᠭᠤᠯᠭ᠎ᠠ ᠪᠠᠶᠢᠬᠤ ᠦᠭᠡᠢ ᠶᠤᠮ ᠪᠣᠯ ᠲᠡᠷᠡ ᠨᠢ ᠮᠦᠨ ᠴᠦ ᠰᠠᠶᠢᠨ ᠪᠦᠲᠦᠭᠡᠯ ᠪᠣᠯᠵᠦ ᠴᠢᠳᠠᠬᠤ ᠦᠭᠡᠢ ᠶᠤᠮ᠃ ︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾ ᠳᠤ ᠤᠷᠠᠨ ᠰᠡᠳᠬᠢᠮᠵᠢ᠂ ᠭᠤᠪᠠᠢ ᠨᠠᠶᠢᠷᠠᠭᠤᠯᠭ᠎ᠠ ᠶᠢᠨ ᠰᠢᠳᠢ ᠶᠢ ᠬᠦᠢᠴᠡᠳ ᠦᠵᠡᠬᠦᠯᠦᠭᠰᠡᠨ ᠶᠤᠮ᠃ ᠵᠢᠱᠢᠶᠡᠯᠡᠪᠡᠯ᠂ ᠲᠤᠰ ᠪᠦᠲᠦᠭᠡᠯ ᠳᠤ ᠠᠮᠢᠳᠦ ᠳᠦᠷᠰᠦᠯᠡᠯ ᠢᠶᠠᠷ ᠤᠷᠠᠨ ᠰᠠᠨᠠᠭ᠎ᠠ ᠶᠢ ᠰᠡᠳᠦᠬᠦ᠂ ᠤᠳᠠᠭᠠᠨ ᠬᠤᠷᠠᠮᠳᠤᠭᠤᠯᠤᠯ ᠢᠶᠠᠷ ᠭᠱᠠᠨ᠎ᠠ ᠶᠢᠨ ᠰᠡᠷᠡᠯ ᠳᠤ ᠬᠦᠷᠬᠦ᠂ ᠤᠷᠠᠨ ᠲᠠᠭᠠᠮᠠᠭᠯᠠᠯ ᠢᠶᠠᠷ ︽ᠬᠤᠶᠠᠳᠠᠬᠢ ᠪᠠᠶᠢᠭᠠᠯᠢ︾ ᠶᠢ ᠪᠦᠲᠦᠭᠡᠬᠦ ᠵᠡᠷᠭᠡ ᠰᠡᠳᠬᠢᠮᠵᠢ ᠶᠢᠨ ᠵᠠᠮ᠂ ᠨᠠᠶᠢᠷᠠᠭᠤᠯᠭ᠎ᠠ ᠶᠢᠨ ᠠᠷᠭ᠎ᠠ ᠨᠢ ᠲᠠᠶᠢᠯᠪᠤᠷᠢᠯᠠᠬᠤ ᠡᠲᠡᠭᠡᠳ ᠤᠨ ᠬᠤᠭᠤᠷᠤᠨᠳᠤᠬᠢ ᠬᠠᠷᠢᠴᠠᠭ᠎ᠠ ᠶᠢ ᠭᠦᠢᠴᠡᠳ ᠣᠶᠢᠯᠠᠭᠠᠭᠤᠯᠬᠤ ᠳᠤ ᠲᠤᠰᠠᠲᠠᠢ ᠮᠦᠷᠲᠡᠭᠡᠨ ᠪᠦᠬᠦ᠋ᠢᠯᠡ ᠵᠤᠬᠢᠶᠠᠯ ᠢ ᠤᠩᠰᠢᠬᠤ ᠳᠤ ᠤᠷᠤᠰᠤᠮ᠎ᠠ ᠨᠠᠮᠵᠢᠭᠤᠨ ᠪᠣᠯᠭᠠᠵᠠᠢ᠃      ᠤᠷᠭᠠᠨᠢᠭ ᠵᠤᠬᠢᠴᠠᠩᠭᠤᠢ ᠪᠦᠲᠦᠴᠡ ᠶᠢᠨ ᠭᠠᠶᠢᠬᠠᠮᠰᠢᠭᠲᠤ ᠢᠯᠡᠷᠡᠭᠦᠯᠦᠯ      ᠤᠳᠬ᠎ᠠ ᠵᠤᠬᠢᠶᠠᠯ ᠤᠨ ᠬᠡᠯᠪᠡᠷᠢ ᠳᠤ ᠬᠠᠷᠠᠭᠠᠨ ᠰᠡᠷᠡᠯ ᠬᠤᠯᠪᠤᠭᠳᠠᠳᠠᠭ᠃ ᠶᠠᠮᠡᠷ ᠨᠢᠭᠡᠨ ᠪᠦᠲᠦᠭᠡᠯ ᠤᠨ ᠦᠭᠡ ᠦᠰᠦᠭ ᠢ ᠨᠡᠪᠲᠡᠯᠵᠦ ᠠᠭᠤᠯᠭ᠎ᠠ ᠰᠠᠨᠠᠭ᠎ᠠ ᠶᠢ ᠨᠢ ᠣᠶᠢᠯᠠᠭᠠᠬᠤ ᠠᠴᠠ ᠡᠮᠦᠨ᠎ᠡ ᠡᠩ ᠲᠡᠷᠢᠭᠦᠨ ᠳᠤ ᠨᠢᠳᠦᠨ ᠳᠤ ᠦᠷᠲᠦᠭᠳᠡᠬᠦ ᠨᠢ ᠳᠠᠷᠦᠢ ᠲᠡᠭᠦᠨ ᠤ ᠬᠡᠯᠪᠡᠷᠢ ᠶᠢᠨ ᠳᠤᠰᠬᠠᠯ ᠪᠣᠯᠤᠨ᠎ᠠ᠃ ᠪ᠊ · ᠪᠦᠷᠢᠨᠪᠠᠬᠢ ᠪᠠᠭᠰᠢᠳᠡᠨ ᠤ ᠰᠢᠯᠦᠭ ᠤᠨ ᠪᠦᠲᠦᠭᠡᠯ ᠳᠤ ᠬᠡᠯᠪᠡᠷᠢ ᠶᠢᠨ ᠰᠠᠶᠢᠬᠠᠨ ᠢ ᠡᠷᠬᠢᠮᠯᠡᠬᠦ ᠣᠨᠴᠠᠯᠢᠭ ᠢᠯᠡ ᠬᠠᠷᠠᠭᠳᠠᠨ᠎ᠠ᠃ ᠲᠤᠰ ᠪᠦᠲᠦᠭᠡᠯ ᠪᠣᠯ ᠳᠠᠷᠦᠢ ᠭᠠᠳᠠᠭᠠᠳᠦ ᠴᠣᠭᠴᠠ ᠪᠠ ᠳᠣᠲᠤᠭᠠᠳᠤ ᠪᠦᠲᠦᠴᠡ ᠶᠢᠨ ᠨᠢᠭᠲᠠ ᠠᠭᠤᠰᠤᠯᠴᠠᠯ᠂ ᠨᠢᠮᠪᠠᠢ ᠨᠢᠭᠡᠳᠦᠯ ᠤᠨ ᠵᠢᠱᠢᠶ᠎ᠡ ᠪᠣᠯᠬᠤ ᠶᠤᠮ᠃      ᠭᠠᠳᠠᠭᠠᠳᠤ ᠴᠣᠭᠴᠠ ᠲᠥᠪ᠂ ᠬᠢᠴᠢᠶᠡᠩᠭᠦᠢ᠃ ᠲᠤᠰ ᠪᠦᠲᠦᠭᠡᠯ ᠤᠨ ᠪᠦᠲᠦᠴᠡ ᠶᠢᠨ ᠭᠤᠣᠯ ᠵᠠᠭᠪᠤᠷ ᠨᠢ ᠤᠬᠠᠭᠳᠠᠬᠤᠨ ᠤ ᠲᠠᠶᠢᠯᠪᠤᠷᠢ ᠪᠣᠯᠤᠨ ᠵᠢᠱᠢᠶ᠎ᠡ ᠨᠣᠲᠠᠯᠠᠯᠲᠠ ᠭᠡᠬᠦ ᠬᠤᠶᠠᠷ ᠬᠡᠰᠡᠭ ᠢᠶᠠᠷ ᠪᠦᠷᠢᠯᠳᠦᠪᠡ ᠭᠡᠵᠦ ᠦᠵᠡᠵᠦ ᠪᠣᠯᠤᠨ᠎ᠠ᠃ ᠳᠠᠷᠦᠢ ᠵᠤᠬᠢᠶᠠᠭᠴᠢ ᠠᠴᠠ ᠵᠤᠬᠢᠶᠠᠮᠵᠢ ᠪᠠᠨ ᠪᠠᠶᠢᠷᠢᠰᠢᠭᠤᠯᠬᠤ ᠳᠠᠭᠠᠨ ᠤᠬᠠᠭᠳᠠᠬᠤᠨ ᠤ ᠲᠠᠶᠢᠯᠪᠤᠷᠢᠯᠠᠯᠲᠠ + ᠵᠢᠱᠢᠶ᠎ᠡ ᠨᠣᠲᠠᠯᠠᠯᠲᠠ ᠭᠡᠬᠦ ᠲᠣᠭᠲᠠᠩᠭᠤᠢ ᠲᠡᠭᠰᠢ ᠬᠡᠮᠲᠦ ᠵᠠᠭᠪᠣᠷ ᠢ ᠪᠠᠷᠢᠮᠲᠠᠯᠠᠵᠠᠢ᠃ ᠵᠢᠱᠢᠶᠡᠯᠡᠪᠡᠯ᠂ ᠬᠡᠪ ᠨᠠᠮᠪᠠ ᠶᠢ ᠲᠠᠶᠢᠯᠪᠤᠷᠢᠯᠠᠬᠤ ᠳᠠᠭᠠᠨ᠂ ᠢᠷᠠᠭᠤ ᠨᠠᠶᠢᠷᠠᠭᠴᠢ ᠶᠢᠨ ᠬᠡᠪ ᠨᠠᠮᠪᠠ ᠪᠣᠯ ᠤᠷᠠᠯᠠᠨ ᠪᠦᠲᠦᠭᠡᠬᠦ ᠦᠢᠯᠡᠳᠦᠯᠭᠡ ᠳᠤᠮᠳᠠ ᠠᠭᠠᠵᠢᠮ ᠢᠶᠠᠷ ᠪᠣᠢ ᠪᠤᠯᠤᠭᠰᠠᠨ ᠠᠭᠤᠯᠭ᠎ᠠ ᠪᠣᠯᠤᠨ ᠬᠡᠯᠪᠡᠷᠢ ᠶᠢᠨ ᠬᠢᠨᠢ ᠨᠢᠭᠡᠳᠦᠮᠡᠯ ᠴᠤᠭᠴᠠ ᠮᠦᠨ ᠭᠡᠮᠡᠨ ᠲᠠᠶᠢᠯᠪᠤᠷᠢᠯᠠᠭᠰᠠᠨ ᠤ ᠳᠠᠷᠠᠭ᠎ᠠ ᠨᠢ ᠴᠢᠮᠡᠳᠳᠣᠷᠵᠢ ᠶᠢᠨ ᠰᠢᠯᠦᠭ ᠢᠶᠠᠷ ᠵᠢᠱᠢᠶ᠎ᠠ ᠳᠠᠳᠠᠨ ᠨᠣᠲᠠᠯᠠᠪᠠ᠃ ᠡᠨᠡ ᠮᠠᠶ᠋ᠢᠭ ᠢᠶᠠᠷ ᠪᠦᠬᠦ᠋ᠢᠯᠡ ᠵᠣᠬᠢᠶᠠᠯ ᠤᠨ ᠵᠣᠬᠢᠶᠠᠮᠵᠢ ᠪᠦᠲᠦᠴᠡ ᠨᠢ ᠶᠠᠭ ᠡᠶᠢᠮᠦᠷᠬᠦᠦ ᠬᠡᠪ ᠵᠠᠭᠪᠣᠷ ᠢ ᠪᠠᠷᠢᠮᠲᠠᠯᠠᠨ ᠪᠢᠴᠢᠪᠡ᠃      ᠳᠣᠲᠤᠭᠠᠳᠤ ᠪᠦᠲᠦᠴᠡ ᠤᠷᠠᠨ᠂ ᠨᠠᠷᠢᠨ᠃ ᠲᠤᠰ ᠪᠦᠲᠦᠭᠡᠯ ᠨᠢ ᠰᠡᠭᠦᠯ ᠵᠠᠯᠭᠠᠵᠤ ᠡᠬᠢ ᠠᠪᠴᠠᠯᠳᠤᠭᠰᠠᠨ ᠤᠲᠠᠰᠤᠯᠢᠭ ᠳᠤᠲᠤᠭᠠᠳᠤ ᠬᠤᠯᠪᠤᠭᠠᠰᠤ ᠶᠢ ᠪᠦᠷᠢᠯᠳᠦᠭᠦᠯᠵᠡᠢ᠃ ᠵᠢᠱᠢᠶᠡᠯᠡᠪᠡᠯ᠂ ᠶᠠᠮᠡᠷ ᠨᠢᠭᠡᠨ ᠬᠠᠷᠢᠴᠠᠭ᠎ᠠ ᠬᠤᠯᠪᠤᠭ᠎ᠠ ᠲᠠᠢ ᠬᠤᠶᠠᠷ ᠠᠭᠤᠯᠭ᠎ᠠ ᠶᠢᠨ ᠢᠶᠠᠨ ᠬᠤᠭᠤᠷᠤᠨᠳᠦ ᠬᠦᠭᠦᠷᠭᠡ ᠳᠡᠪᠢᠰᠴᠦ᠂ ᠡᠬᠢ ᠰᠡᠭᠦᠯ ᠢ ᠨᠢ ᠠᠪᠴᠠᠯᠳᠣᠭᠤᠯᠣᠨ ᠪᠢᠴᠢᠭᠰᠡᠨ ᠪᠠᠶᠢᠨ᠎ᠠ᠃ ᠪᠣᠳᠠᠲᠠᠢ ᠪᠠᠷ ᠬᠡᠯᠡᠪᠡᠯ᠂ ︽ᠬᠤᠶᠠᠳᠠᠬᠢ ᠪᠠᠶᠢᠭᠠᠯᠢ︾ ᠶᠢᠨ ᠲᠡᠭᠦᠰᠬᠡᠯ ᠢᠶᠠᠷ ᠵᠤᠬᠢᠶᠠᠨ ᠰᠡᠳᠬᠢᠮᠵᠢ ᠶᠢ ᠰᠡᠳᠦᠨ ᠭᠠᠷᠭᠠᠬᠤ᠂ ᠬᠡᠪ ᠨᠠᠮᠪᠠ ᠪᠠᠷ ᠦᠨᠳᠦᠰᠦᠲᠡᠨ ᠤ ᠣᠨᠴᠠᠯᠢᠭ ᠢ ᠢᠯᠡᠷᠡᠭᠦᠯᠬᠦ ᠵᠡᠷᠭᠡ ᠨᠢ ᠬᠡᠷᠡᠭ ᠳᠡᠭᠡᠷ᠎ᠡ ᠪᠠᠨ ᠲᠤᠰ ᠵᠣᠬᠢᠶᠠᠯ ᠤᠨ ᠳᠤᠲᠤᠭᠠᠲᠤ ᠬᠤᠯᠪᠤᠭᠠᠰᠤ ᠪᠣᠯᠣᠨ ᠪᠦᠷᠢᠯᠳᠦᠭᠰᠡᠨ ᠪᠠᠶᠢᠨ᠎ᠠ᠃      ᠬᠤᠷᠢᠶᠠᠩᠭᠤᠶᠢᠯᠠᠪᠠᠯ᠂ ᠲᠤᠰ ᠪᠦᠲᠦᠭᠡᠯ ᠨᠢ ᠬᠡᠯᠪᠡᠷᠢ ᠶᠢᠨ ᠭᠤᠶᠢᠲᠠ ᠰᠠᠶᠢᠬᠠᠨ᠂ ᠠᠭᠤᠯᠭ᠎ᠠ ᠶᠢᠨ ᠠᠪᠰᠠᠷᠬᠠᠨ ᠣᠨᠤᠪᠴᠢᠯᠢᠭ ᠨᠢᠭᠡᠳᠦᠭᠰᠡᠨ ᠦᠪᠡᠷᠮᠢᠴᠡ ᠣᠨᠤᠯ ᠤᠨ ᠵᠠᠭᠪᠤᠷ ᠲᠠᠢ ᠪᠦᠷᠢᠨ ᠪᠦᠲᠦᠨ ᠤᠷᠠᠯᠢᠭ ᠤᠨ ᠲᠣᠮᠤ ᠪᠦᠲᠦᠭᠡᠯ ᠪᠤᠯᠤᠨ᠎ᠠ᠃ ︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾ ᠨᠢ ᠮᠣᠩᠭᠤᠯ ᠰᠢᠯᠦᠭ ᠲᠤ ᠠᠩᠬ᠎ᠠ ᠤᠳᠠᠭ᠎ᠠ ᠰᠢᠰᠲ᠋ᠧᠮ ᠲᠠᠢ ᠣᠨᠤᠯ ᠤᠨ ᠴᠤᠭᠴᠠᠯᠠᠯᠲᠠ ᠬᠢᠭᠰᠡᠨ ᠲᠣᠮᠤ ᠪᠦᠲᠦᠭᠡᠯ ᠪᠣᠯᠤᠭᠰᠠᠨ ᠤ ᠬᠤᠪᠢ ᠳᠤ ᠲᠡᠷᠡ ᠨᠢ ᠮᠣᠩᠭᠤᠯ ᠰᠢᠯᠦᠭ ᠤᠨ ᠬᠦᠭᠵᠢᠯᠳᠡ ᠳᠠᠪᠰᠢᠯᠲᠡ᠂ ᠣᠨᠤᠯ ᠤᠨ ᠦᠨᠳᠦᠷᠴᠡ ᠳᠤ ᠴᠦᠮ ᠲᠦᠢᠯ ᠤᠨ ᠴᠢᠬᠤᠯᠠ ᠦᠢᠯᠡᠳᠦᠯ ᠨᠦᠯᠦᠭᠡ ᠶᠢ ᠦᠵᠡᠭᠦᠯᠦᠭᠰᠡᠨ ᠶᠤᠮ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ