ᠭᠤᠶᠤᠮᠰᠤᠬ ᠰᠡᠳᠬᠢᠯᠬᠡ ᠪᠠᠷ ᠭᠤᠷᠪᠠᠨ ᠰᠠᠷ᠎ᠠ ᠶᠢ ᠤᠡᠭᠰᠢᠬᠤᠢ
ᠨᠡᠶᠢᠲᠡᠯᠡᠭᠰᠡᠨ ᠴᠠᠭ᠄
2021/3/10
     ᠭᠤᠤᠯ ᠭᠤᠷᠤᠬ᠎ᠠ ᠭᠤᠷᠴᠢᠬᠢᠨᠠᠵᠤ᠂ ᠭᠤᠯᠭᠤᠢ ᠬᠤᠸᠠᠷ ᠲᠡᠯᠬᠡᠷᠡᠵᠤ᠂ ᠭᠤᠷᠭᠤᠤᠯᠳᠠᠢ ᠬᠠᠷᠢᠶᠠᠴᠠᠢ ᠵᠢᠷᠬᠢᠭᠰᠡᠨ ᠤᠯᠠᠷᠢᠯ ᠤᠨ ᠰᠠᠶᠢᠬᠠᠨ ᠭᠤᠷᠪᠠᠨ ᠰᠠᠷ᠎ᠠ ᠬᠡᠵᠤ ᠶᠠᠭᠤ ᠪᠦᠬᠦᠨ ᠰᠢᠨ᠎ᠠ ᠰᠤᠳᠤᠨ ᠡᠬᠢᠯᠡᠯᠳᠡ ᠲᠠᠢ᠂ ᠰᠢᠨ᠎ᠠ ᠲᠦᠷᠬᠦ ᠪᠠᠶᠢᠳᠠᠯ ᠲᠠᠢ᠂ ᠰᠢᠨ᠎ᠠ ᠬᠦᠰᠡᠯ ᠲᠡᠮᠡᠤᠯᠤᠯ ᠲᠠᠢ᠂ ᠰᠢᠨ᠎ᠠ ᠠᠯᠤᠰ ᠢᠷᠡᠬᠡᠳᠦᠢ ᠲᠠᠢ ᠶᠤᠮ᠃ ᠤᠷᠢᠬᠠᠨ ᠰᠠᠯᠬᠢᠨ ᠤ ᠰᠡᠪᠰᠡᠯᠬᠡᠨ ᠢᠶᠠᠷ ᠤᠯᠠᠷᠢᠯ ᠤᠨ ᠰᠠᠶᠢᠬᠠᠨ ᠦᠡᠭᠭᠡ ᠪᠤᠳᠤᠬ ᠢᠶᠠᠨ ᠠᠪᠴᠤ ᠦᠬᠡᠳᠡ ᠠᠴᠠ ᠮᠦᠰᠢᠶᠡᠭᠰᠡᠬᠡᠷ ᠮᠤᠷᠢᠯᠠᠨ ᠰᠠᠭᠠᠳᠠᠬᠤ ᠭᠤᠷᠪᠠᠨ ᠰᠠᠷ᠎ᠠ ᠪᠠᠨ ᠡᠪᠦᠷ ᠢᠶᠠᠨ ᠲᠡᠯᠬᠡᠨ ᠤᠬᠳᠤᠨ ᠠᠪᠤᠬᠤᠶ᠎ᠠ ᠤᠷᠮ᠎ᠠ ᠪᠠᠬ᠎ᠠ ᠤᠷᠬᠢᠯᠤᠨ᠂ ᠤᠴᠠᠷᠠᠯ ᠬᠠᠶᠢᠷ᠎ᠠ ᠢᠭᠳᠦᠯᠵᠤ᠂ ᠤᠷᠴᠢᠯᠠᠩ ᠲᠡᠯᠡᠬᠡᠢ ᠶᠢᠨ ᠤᠡᠭᠰᠢᠭᠠᠳ ᠪᠠᠷᠠᠰᠢ ᠦᠬᠡᠢ ᠰᠢᠮᠡᠳᠦ ᠨᠤᠮ ᠤᠨ ᠪᠠᠶᠠᠯᠢᠬ ᠬᠠᠭᠤᠳᠠᠰᠤ ᠪᠠᠨ ᠢᠡᠭᠬᠢᠬᠡᠳ ᠯᠡ ᠰᠡᠬᠦᠳᠡᠭ ᠪᠢᠯᠡ᠃

     ᠤᠶᠠᠩᠭ᠎ᠠ ᠲᠠᠢ ᠴᠤᠤᠷᠢᠶᠠᠳᠤᠬᠰᠠᠨ ᠤᠡᠭᠰᠢᠯᠭ᠎ᠠ ᠶᠢᠨ ᠲᠠᠭᠤᠨ ᠢ ᠴᠢᠩᠨᠠᠨ᠂ ᠬᠢᠴᠢᠶᠠᠯ ᠤᠨ ᠲᠠᠩᠬᠢᠮ ᠳᠤ ᠬᠦᠷᠴᠤ ᠬᠡᠦᠬᠡᠳ ᠪᠠᠭᠠᠴᠤᠳ ᠤᠨ ᠰᠤᠶᠤᠯ

ᠮᠦᠷᠳᠡᠯ ᠢ ᠪᠠᠭ᠋ᠠᠷᠬᠠᠯ᠎ᠠ᠃ ᠬᠠᠪᠤᠷ ᠤᠨ ᠤᠯᠠᠷᠢᠯ ᠤᠨ ᠰᠤᠷᠤᠯᠭ᠎ᠠ ᠡᠬᠢᠯᠡᠬᠦ ᠬᠤᠨᠭ᠍ᠬᠤᠨ ᠲᠠᠭᠤᠨ ᠢᠶᠠᠷ ᠪᠤᠨᠳᠤᠭᠤᠷ ᠬᠦᠬᠡᠷᠦᠬᠦᠨ ᠬᠡᠦᠬᠡᠳ ᠪᠤᠬᠴᠤ ᠪᠠᠨ ᠮᠦᠷᠦᠯᠡᠨ

ᠰᠤᠷᠭᠠᠭᠤᠯᠢ ᠳᠠᠭᠠᠨ ᠢᠷᠡᠬᠡᠳ ᠮᠡᠳᠡᠯᠬᠡ ᠶᠢᠨ ᠬᠦᠨ ᠲᠠᠯᠠᠢ ᠳᠤ ᠤᠷᠮᠠᠳᠠᠢ ᠱᠤᠩᠪᠠᠨ᠂ ᠮᠡᠷᠭᠡᠵᠢᠯ ᠤᠨ ᠦᠨᠳᠤᠷ ᠤᠷᠬᠢᠯ ᠳᠤ ᠵᠤᠷᠢᠬᠳᠠᠢ ᠮᠠᠴᠤᠨ᠎ᠠ᠃ ᠶᠤᠰᠤ

ᠰᠤᠷᠳᠠᠬᠤᠨ᠂ ᠤᠶᠤᠨ ᠤᠬᠠᠭᠠᠨ᠂ ᠪᠠᠶ᠎ᠠ ᠮᠠᠬᠠᠪᠤᠳ᠂ ᠭᠤᠸ᠎ᠠ ᠰᠠᠶᠢᠬᠠᠨ᠂ ᠬᠦᠳᠡᠯᠮᠦᠷᠢ ᠪᠦᠬᠦ ᠲᠠᠯ᠎ᠠ ᠪᠠᠷ ᠬᠦᠭᠵᠢᠭᠰᠡᠨ ᠵᠠᠯᠭᠠᠮᠵᠢ ᠬᠤᠶᠢᠴᠢ ᠨᠠᠷ ᠠᠳᠡ ᠠᠴᠠ ᠪᠤᠮ

ᠲᠦᠮᠡ ᠪᠠᠷ ᠬᠦᠮᠦᠵᠢᠨ᠂ ᠪᠤᠯᠪᠠᠰᠤᠨ ᠮᠤᠷᠠᠯ ᠲᠠᠢ ᠪᠤᠶᠢᠵᠢᠭᠠᠳ᠂ ᠬᠦᠷᠬᠦ ᠢᠷᠡᠬᠡᠳᠦᠢ ᠶᠢᠨ ᠲᠤᠯᠭᠠᠭᠤᠷᠢ ᠪᠠᠭᠠᠨ᠎ᠠ᠂ ᠬᠦᠰᠡᠯ ᠢᠳᠡᠬᠡᠯ ᠤᠨ ᠭᠤᠤᠯ ᠬᠦᠴᠦᠳᠠᠨ

ᠪᠤᠯᠬᠤ ᠦᠨᠳᠤᠰᠤ ᠰᠠᠭᠤᠷᠢ ᠪᠠᠨ ᠲᠠᠯᠪᠢᠵᠤ᠂ ᠦᠳᠦ ᠰᠤᠳᠤ ᠪᠠᠨ ᠪᠦᠷᠢᠳᠦᠬᠦᠯᠦᠨ᠂ ᠦᠢᠯᠡᠰ ᠤᠨ ᠨᠤᠶᠠᠨ ᠰᠠᠷᠢᠳᠠᠬ ᠲᠤ ᠵᠢᠬᠦᠷ ᠲᠡᠯᠬᠡᠨ ᠨᠢᠰᠦᠨ᠎ᠠ ᠳ᠋ᠠ᠃

     ᠢᠷᠠᠭᠤ ᠨᠠᠶᠢᠷᠠᠭ ᠤᠨ ᠡᠵᠡᠨ ᠤ ᠬᠤᠪᠢ ᠪᠠᠷ᠂ ᠢᠯᠭᠤᠮ ᠵᠤᠬᠢᠶᠠᠯ ᠤᠨ ᠲᠦᠷᠢ ᠲᠦᠷᠬᠦ ᠪᠠᠷ᠂ ᠤᠷᠠᠨ ᠵᠢᠷᠤᠬ ᠲᠤ ᠠᠮᠢᠯᠠᠨ ᠵᠤᠤᠮᠠᠯᠵᠠᠵᠤ᠂ ᠤᠷᠠᠯᠢᠬ

ᠪᠦᠲᠦᠬᠡᠯ ᠳᠤ ᠭᠠᠨᠭ᠍ᠬᠤᠨ ᠢᠯᠡᠷᠡᠬᠦ ᠡᠮᠡᠭᠳᠡᠶᠢᠴᠤᠳ ᠤᠨ ᠪᠠᠶᠠᠷ ᠢᠶᠠᠨ ᠤᠬᠳᠤᠨ ᠠᠪᠤᠯ᠎ᠠ᠃ ᠲᠦᠷᠦ ᠬᠦᠷᠦᠨ ᠤ ᠬᠠᠭᠠᠰ ᠲᠤᠯᠭᠠᠭᠤᠷᠢ᠂ ᠲᠦᠪᠰᠢᠨ ᠠᠮᠤᠭᠤᠯᠠᠩ

ᠬᠡᠷ ᠤᠨ ᠡᠵᠡᠨ ᠬᠡᠵᠤ ᠲᠠᠶᠠᠭᠠᠷ ᠤᠨ ᠰᠡᠳᠬᠢᠯ ᠳᠤ ᠨᠠᠷᠠᠨ ᠪᠤᠯᠵᠤ ᠲᠤᠯᠠᠶᠢᠨ᠂ ᠲᠠᠶᠠᠩ ᠤᠨ ᠪᠤᠳᠤᠯ ᠳᠤ ᠲᠡᠭᠷᠢ ᠪᠤᠯᠵᠤ ᠲᠠᠨᠢᠢᠭᠰᠡᠬᠡᠷ ᠪᠤᠢ᠃ ᠲᠤᠳᠤᠭᠠᠳᠤ

ᠰᠡᠳᠬᠢᠯ ᠤᠨ ᠬᠦᠴᠦᠨ ᠴᠢᠳᠠᠯ᠂ ᠡᠷᠳᠡᠮ ᠮᠡᠳᠡᠯᠬᠡ ᠤᠬᠠᠭᠠᠨ ᠰᠠᠨᠠᠭ᠎ᠠ᠂ ᠪᠤᠯᠪᠠᠰᠤᠨ ᠰᠤᠷᠳᠠᠬᠤᠨ ᠪᠤᠳᠠᠳᠠᠢ ᠠᠵᠢᠯᠯᠠᠭ᠎ᠠ ᠨᠢ ᠡᠮᠡᠭᠳᠡᠶᠢᠴᠤᠳ ᠢ ᠬᠦᠮᠦᠰ ᠢ

ᠪᠢᠰᠢᠷᠡᠬᠦᠯᠦᠮ᠎ᠠ ᠭᠤᠶᠤᠮᠰᠤᠬ ᠰᠠᠶᠢᠬᠠᠨ ᠭᠠᠨᠭ᠍ᠭᠠᠡᠭ ᠡᠷᠬᠢᠮᠰᠦᠭ ᠪᠤᠯᠭᠠᠵᠤ ᠬᠠᠵᠠᠭᠤ ᠲᠡᠷᠬᠡᠳᠡᠬᠢ ᠪᠢᠰᠢᠷᠠᠵᠤ ᠪᠠᠭ᠋ᠠᠷᠤᠬᠰᠠᠨ ᠬᠠᠷᠠᠴᠠ ᠪᠠ ᠬᠠᠶᠢᠷᠠᠯᠠᠵᠤ

ᠬᠦᠨᠳᠤᠳᠬᠡᠭᠰᠡᠨ ᠪᠤᠳᠤᠯ ᠢ ᠪᠡᠶ᠎ᠠ ᠵᠦᠭ ᠢᠶᠠᠨ ᠲᠠᠳᠠᠬᠤ ᠬᠦᠴᠤᠨ ᠢᠳᠡᠬᠡᠯ ᠤᠯᠭᠤᠳᠠᠬ᠃ ᠢᠡᠭᠬᠢᠵᠤ ᠵᠤᠷᠢᠬᠰᠠᠨ ᠵᠤᠷᠢᠭᠤᠯᠤᠬᠰᠠᠨ ᠤ ᠪᠠᠨ ᠠᠴᠢ ᠬᠠᠷᠢᠭᠤ ᠶᠢ

ᠦᠵᠡᠵᠤ᠂ ᠮᠡᠳᠡᠵᠤ᠂ ᠡᠳ᠋ᠯᠡᠬᠦ ᠯᠡ ᠦᠪᠡᠷ ᠢ ᠨᠢ ᠢᠪᠡᠭᠡᠭᠰᠡᠨ ᠬᠠᠮᠤᠭ ᠤᠨ ᠶᠡᠭᠡ ᠦᠨᠡᠯᠡᠯᠳᠡ ᠵᠤᠷᠢᠬᠵᠢᠭᠤᠯᠤᠯ ᠱᠠᠩᠨᠠᠯ ᠬᠡᠳᠡᠭ ᠢᠶᠠᠨ ᠦᠨᠡᠮᠰᠢᠵᠤ ᠵᠤᠷᠢᠬᠵᠢᠬᠤ ᠨᠢ

ᠡᠮᠡᠭᠳᠡᠶᠢᠴᠤᠳ ᠪᠢᠯᠡ᠃

     ᠬᠠᠨᠠᠭᠠᠷ ᠤᠬᠳᠠᠷᠭᠤᠢ ᠳᠤ ᠲᠡᠬᠡᠰᠦᠯᠡᠨ ᠨᠢᠰᠬᠦ ᠭᠠᠯᠠᠭᠤᠳ ᠤᠨ ᠴᠤᠪᠤᠭᠠᠨ ᠠᠴᠠ᠂ ᠬᠠᠵᠠᠭᠤ ᠲᠡᠷᠬᠡᠳᠡ ᠨᠢᠳᠤᠯᠤᠨ ᠬᠦᠬᠡᠷᠡᠬᠦ ᠮᠤᠳᠤᠳ ᠤᠨ ᠨᠠᠮᠠᠭ᠎ᠠ ᠠᠴᠠ᠂

ᠬᠠᠴᠠᠷ ᠨᠢᠭᠤᠷ ᠢ ᠢᠯᠪᠢᠨ ᠲᠠᠭᠠᠯᠠᠬᠤ ᠬᠠᠪᠤᠷ ᠤᠨ ᠰᠠᠯᠬᠢᠨ ᠠᠴᠠ ᠭᠤᠷᠪᠠᠨ ᠰᠠᠷ᠎ᠠ ᠬᠡᠭᠴᠢ ᠬᠠᠨ ᠲᠡᠯᠡᠬᠡᠢ ᠶᠢᠨ ᠬᠠᠮᠤᠭ ᠤᠨ ᠢᠷᠠᠭᠤ ᠰᠤᠨᠤᠰᠬᠤᠯᠠᠩ ᠲᠠᠭᠤᠤ

ᠠᠶᠠᠯᠭᠤ ᠬᠦᠭ ᠠᠶᠢᠵᠠᠮ ᠲᠠᠢ᠂ ᠬᠠᠮᠤᠭ ᠤᠨ ᠬᠦᠢᠴᠡᠳ ᠲᠡᠬᠦᠯᠳᠡᠷ ᠦᠡᠭᠭᠡ ᠪᠤᠳᠤᠬ ᠦᠵᠡᠮᠵᠢ ᠵᠢᠷᠤᠬ ᠲᠠᠢ᠂ ᠬᠠᠮᠤᠭ ᠤᠨ ᠠᠯᠤᠰ ᠬᠡᠳᠦ ᠶᠢᠨ ᠢᠳᠡ ᠬᠦᠴᠦᠨ

ᠢᠳᠡᠬᠡᠯ ᠵᠤᠷᠢᠯ ᠲᠠᠢ ᠬᠡᠳᠡᠭ ᠢ ᠤᠡᠭᠰᠢᠵᠤ ᠮᠡᠳᠡᠯ᠎ᠠ᠃ ᠭᠤᠷᠪᠠᠨ ᠰᠠᠷ᠎ᠠ ᠶᠢᠨ ᠰᠠᠯᠬᠢᠨ ᠨᠢ ᠬᠦᠷᠳᠡᠯ᠎ᠠ ᠭᠤᠶᠤ ᠮᠦᠷᠳᠡᠬᠡᠨ ᠠᠮᠢ ᠲᠠᠢ ᠬᠡᠳᠡᠭ᠃ ᠲᠡᠷᠡ ᠨᠢ ᠬᠠᠨ

ᠲᠡᠯᠡᠬᠡᠢ ᠶᠢ ᠤᠶᠠᠰᠬᠠᠵᠤ᠂ ᠬᠠᠮᠤᠭ ᠪᠤᠳᠠᠰ ᠢ ᠲᠦᠯᠵᠢᠬᠦᠯᠦᠨ᠂ ᠬᠠᠬᠢᠷ ᠡᠪᠦᠯ ᠤᠨ ᠬᠦᠯᠳᠡᠵᠤ ᠪᠠᠷᠢᠯᠳᠤᠬᠰᠠᠨ ᠬᠠᠳᠠᠭᠤ ᠮᠦᠰᠦᠨ ᠤ ᠲᠡᠬᠡᠬᠦᠷ ᠢᠯᠪᠢᠨ

ᠦᠡᠭᠭᠡᠷᠡᠬᠦ ᠲᠠᠢ ᠵᠡᠷᠭᠡ ᠭᠤᠤᠯ ᠭᠤᠷᠤᠬ᠎ᠠ ᠤᠶᠠᠰᠤᠨ ᠬᠠᠶᠢᠯᠵᠤ ᠤᠷᠤᠰᠤᠨ ᠮᠢᠷᠠᠯᠵᠠᠭᠠᠳ ᠠᠭᠤᠳᠠᠮ ᠨᠤᠳᠤᠬ ᠪᠠᠶᠢᠭᠠᠯᠢ ᠳᠠᠭᠠᠨ ᠤᠶᠠᠩᠭ᠎ᠠ ᠲᠠᠭᠤᠤ ᠪᠠᠨ ᠡᠷᠬᠦᠨ᠎ᠠ᠃

ᠲᠠᠯ᠎ᠠ ᠬᠦᠳᠡᠭᠡ᠂ ᠠᠭᠤᠯᠠ ᠲᠤᠯᠤᠭᠠᠳ᠂ ᠤᠢ ᠬᠦᠪᠴᠢ ᠢᠭᠳᠦᠯᠦᠨ ᠪᠠᠶᠠᠰᠴᠤ᠂ ᠲᠤᠬᠳᠤᠯᠤᠨ ᠪᠦᠵᠢᠭᠯᠡᠵᠤ᠂ ᠤᠷᠭᠤᠬᠰᠠᠨ ᠬᠦᠷᠦᠰᠦ ᠤᠰᠤ ᠨᠤᠳᠤᠬ ᠢᠶᠠᠨ

ᠰᠠᠬᠢᠨ ᠤᠮᠤᠬᠰᠢᠳᠠᠬ᠃ ᠬᠠᠪᠤᠷ ᠤᠨ ᠭᠤᠷᠪᠠᠨ ᠰᠠᠷ᠎ᠠ ᠶᠢᠨ ᠰᠠᠯᠬᠢ ᠨᠢ ᠬᠦᠷᠦᠭᠰᠡᠨ ᠭᠠᠵᠠᠷ ᠪᠦᠬᠦᠨ ᠳᠡᠭᠡᠨ ᠡᠷᠬᠢᠬᠦ ᠲᠦᠷᠪᠡᠨ ᠤᠯᠠᠷᠢᠯ ᠤᠨ ᠡᠬᠡᠯᠵᠢ ᠬᠠᠯᠠᠭ᠎ᠠ ᠶᠢᠨ

ᠬᠠᠮᠤᠭ ᠤᠨ ᠭᠤᠶᠤ ᠦᠵᠡᠰᠬᠦᠯᠡᠩ᠂ ᠬᠠᠮᠤᠭ ᠤᠨ ᠬᠦᠰᠡᠯ ᠡᠷᠡᠮᠠᠯᠵᠠᠯ ᠲᠠᠢ ᠪᠦᠬᠡᠳ ᠪᠠᠰᠠ ᠬᠠᠮᠤᠭ ᠤᠨ ᠬᠠᠳᠠᠭᠤ ᠴᠢᠩᠭ᠎ᠠ ᠰᠤᠷᠢᠯᠳᠠ ᠰᠢᠯᠭᠠᠯᠳᠠ ᠲᠤᠯᠭᠠᠵᠤ᠂

ᠬᠦᠮᠦᠨ ᠪᠦᠬᠦᠨ ᠬᠤᠪᠢᠳᠠᠬᠰᠠᠨ ᠠᠵᠢᠯ ᠦᠢᠯᠡᠰ ᠠᠮᠢᠳᠤᠷᠠᠯ ᠰᠤᠷᠤᠯᠭ᠎ᠠ ᠶᠢᠨ ᠰᠠᠶᠢᠨ ᠡᠬᠢᠯᠡᠯᠳᠡ ᠪᠠᠨ ᠠᠯᠬᠤᠵᠤ᠂ ᠵᠠᠯᠭᠠᠵᠤ ᠢᠷᠡᠬᠦ ᠵᠤᠨ ᠨᠠᠮᠤᠷ ᠡᠪᠦᠯ ᠳᠡᠭᠡᠨ

ᠨᠡᠩ ᠪᠠᠶᠠᠨ ᠲᠠᠩᠰᠤᠬ ᠡᠯᠪᠡᠭ ᠬᠤᠷᠢᠶᠠᠯᠳᠠ ᠤᠯᠬᠤ ᠶᠢ ᠪᠡᠯᠬᠡᠳᠡᠨ ᠱᠠᠭᠠᠷᠳᠠᠬᠤ ᠪᠤᠯᠬᠤᠷ ᠤᠡᠭᠰᠢᠭᠠᠳ ᠪᠠᠷᠠᠰᠢ ᠦᠬᠡᠢ ᠬᠠᠪᠤᠷ ᠤᠨ ᠤᠳᠬ᠎ᠠ ᠴᠢᠨᠠᠷ᠂

ᠤᠴᠢᠷᠯᠠᠭᠠᠳ ᠲᠠᠭᠤᠰᠤᠰᠢ ᠦᠬᠡᠢ ᠬᠠᠪᠤᠷ ᠤᠨ ᠲᠤᠮᠤᠬ ᠦᠯᠢᠬᠡᠷ ᠢᠡᠭᠬᠢᠵᠤ ᠯᠠ ᠦᠶ᠎ᠠ ᠤᠯᠠᠷᠢᠨ ᠪᠢᠴᠢᠭᠳᠡᠵᠤ ᠲᠠᠮᠵᠢᠬᠳᠠᠬᠤ ᠶᠤᠮ ᠪᠠᠶᠢᠨ᠎ᠠ ᠳ᠋ᠠ᠃

     ︵ᠬᠡᠷᠡᠯ ᠵᠢᠷᠤᠬ ᠤᠳ ᠢ ︽ᠦᠪᠦᠷ ᠮᠤᠩᠭᠤᠯ ᠤᠨ ᠡᠳᠦᠷ ᠤᠨ ᠰᠤᠨᠢᠨ︾ ︵ᠬᠢᠲᠠᠳ ᠬᠡᠪᠯᠡᠯ︶᠂ ︽ᠰᠢᠨᠬᠤᠧᠠ ᠰᠦᠯᠵᠢᠶ᠎ᠡ︾ ᠠᠴᠠ ᠠᠪᠤᠪᠠ︶

ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ