︱ ᠡᠷᠳᠡᠮᠳᠠᠨ ᠵᠣᠭᠢᠶᠠᠯᠴᠢ ᠯ᠊ · ᠦᠰᠣᠷᠣᠩᠭᠦᠢ ᠶᠢᠨ ᠭᠤᠷᠪᠠᠨ ᠰᠢᠨ᠎ᠠ ᠨᠣᠮ ᠤᠨ ᠬᠠᠳᠠᠭ ᠰᠡᠭᠦᠭᠦ ᠶᠣᠰᠣᠯᠠᠯ ᠳᠤ ᠤᠷᠤᠯᠴᠠᠭᠰᠠᠨ ᠲᠥᠷᠤᠭ᠍ᠳᠡᠯ | ᠭᠢ᠊ · ᠮᠦᠩᠭᠡᠪᠡᠶᠡᠡᠷ | | | | | ᠡᠷᠳᠡᠮᠳᠠᠨ ᠵᠣᠭᠢᠶᠠᠯᠴᠢ ᠯ᠊ · ᠦᠰᠣᠷᠣᠩᠭᠦᠢ( ᠶᠤᠸᠠᠢ ᠶᠢᠨ ᠶᠢᠨ ︽ᠳᠡᠭᠡᠳᠣ ᠮᠣᠩᠭᠤᠯ ᠤᠨ ᠳᠡᠣᠭᠡ ᠭᠢᠭᠡᠳ ᠣᠯᠠᠮᠵᠢᠯᠠᠯᠳᠣ ᠰᠣᠶᠣᠯ ᠤᠨ ᠬᠤᠪᠢᠰᠣᠯ︾᠂ | ︽ᠳᠡᠭᠡᠳᠣ ᠮᠣᠩᠭᠤᠯ ᠤᠨ ᠰᠣᠶᠣᠯ︾᠂ ︽ᠪᠢᠯᠢᠭ ᠤᠨ ᠭᠡᠭᠡ︾ ᠨᠣᠮ ᠤᠨ ᠲᠠᠷᠬᠠᠭᠠᠬᠤ ᠶᠣᠰᠣᠯᠠᠯ ᠵᠢᠴᠢ ᠰᠠᠭᠤᠳᠠᠯ ᠤᠨ ᠬᠤᠷᠠᠯ 3 ᠰᠠᠷ᠎ᠠ ᠶᠢᠨ 5 ᠡᠳᠣᠷ | ᠬᠠᠶᠢᠰᠢ ᠵᠸᠣ ᠶᠢᠨ ᠰᠣᠶᠣᠯ ᠤᠨ ᠣᠷᠳᠣᠨ ᠳᠤ ᠶᠠᠪᠤᠭᠳᠠᠪᠠ᠃ ᠬᠤᠷᠠᠯ ᠳᠤ ᠳᠡᠯᠡᠭᠡᠢ ᠬᠤᠳᠠ ᠳᠤ ᠪᠠᠶᠢᠭ᠎ᠠ ᠳᠡᠭᠡᠳᠤ ᠮᠤᠩᠭᠤᠯ ᠤᠨ ᠡᠷᠳᠡᠮᠳᠠᠨ ᠵᠣᠭᠢᠶᠠᠯᠴᠢᠳ | ᠲᠠᠪᠢᠭᠠᠳ ᠬᠥᠮᠤᠨ ᠣᠷᠣᠯᠴᠠᠵᠣ᠂ ᠯ᠊ · ᠦᠰᠣᠷᠣᠩᠭᠦᠢ ᠭᠤᠸᠠᠢ ᠶᠢᠨ ᠰᠢᠨ᠎ᠠ ᠨᠣᠮ ᠤᠳ ᠢ ᠤᠯᠠᠨ ᠲᠠᠯ᠎ᠠ ᠶᠢᠨ ᠬᠠᠷᠠᠭᠠᠰᠣ ᠠᠴᠠ ᠦᠡᠳᠣᠷ ᠦᠨᠡᠯᠡᠭᠰᠠᠨ ᠪᠠᠶᠢᠨ᠎ᠠ᠃ | ᠡᠷᠳᠡᠮᠳᠠᠨ ᠵᠣᠭᠢᠶᠠᠯᠴᠢ ᠯ᠊ · ᠦᠰᠥᠷᠤᠩᠭᠦᠢ ᠪᠣᠯ 1986 ᠤᠨ ᠳᠤ ᠬᠦᠬᠡᠨᠠᠭᠤᠷ ᠤᠨ ᠦᠨᠳᠣᠰᠣᠲᠡᠨ ᠤ ᠳᠡᠭᠡᠳᠣ ᠰᠤᠷᠭᠠᠭᠤᠯᠢ ᠶᠢᠨ ᠮᠣᠩᠭᠤᠯ ᠭᠡᠯᠨ ᠣᠳᠬ᠎ᠠ | ᠵᠣᠭᠢᠶᠠᠯ ᠤᠨ ᠰᠠᠯᠪᠣᠷᠢ ᠠᠴᠠ ᠳᠡᠭᠦᠰᠴᠣ᠂ ᠭᠦᠭᠡᠨᠠᠭᠤᠷ ᠮᠣᠵᠢ ᠶᠢᠨ ᠬᠠᠶᠢᠪᠸᠢ ᠵᠸᠤ ᠶᠢᠨ ᠬᠠᠶᠢᠶᠠᠨ ᠰᠢᠶᠠᠨ ᠤ ᠦᠨᠳᠣᠰᠣᠲᠡᠨ ᠤ ᠳᠤᠮᠳᠠᠳᠣ ᠰᠤᠷᠭᠠᠭᠤᠯᠢ ᠳᠤ | ᠪᠠᠭᠰᠢᠯᠠᠵᠣ ᠪᠠᠶᠢᠭᠰᠠᠨ ᠢᠶᠠᠨ 1988 ᠣᠨ ᠤ 6 ᠰᠠᠷ᠎ᠠ ᠳᠤ ᠬᠠᠶᠢᠰᠢ ᠵᠸᠣ ᠶᠢᠨ ᠣᠯᠠᠨ ᠲᠦᠮᠡᠨ ᠤ ᠣᠷᠠᠯᠢᠭ ᠤᠨ ᠭᠠᠵᠠᠷ ᠠᠵᠢᠯ ᠰᠢᠯᠵᠢᠨ ᠢᠷᠡᠵᠤ᠂ ᠠᠷᠠᠳ | ᠤᠨ ᠠᠮᠠᠨ ᠵᠣᠬᠢᠶᠠᠯ ᠵᠠᠩ ᠰᠣᠶᠣᠯ ᠢ ᠴᠣᠭᠯᠠᠭᠤᠯᠤᠨ ᠡᠮᠬᠢᠳᠬᠡᠵᠤ ᠰᠣᠳᠣᠯᠬᠤ ᠪᠠ ᠵᠤᠬᠢᠶᠠᠯ ᠪᠦᠲᠥᠭᠡᠬᠦ ᠠᠵᠢᠯ ᠢᠶᠠᠨ ᠡᠭᠢᠯᠡᠭᠦᠯᠵᠡᠢ᠃ ᠳᠡᠷᠨ᠂ ᠮᠣᠩᠭᠤᠯ ᠭᠢᠳᠡᠳ | ᠬᠤᠣᠰ ᠭᠡᠯᠨ ᠪᠠᠷ ᠠᠷᠠᠳ ᠤᠨ ᠠᠮᠠᠨ ᠣᠭᠢᠶᠠᠯ᠂ ᠵᠠᠩ ᠰᠣᠶᠣᠯ᠂ ᠳᠡᠣᠭᠡ ᠣᠷᠠᠨ ᠵᠣᠭᠢᠶᠠᠯ ᠵᠡᠷᠭᠡ 21ᠨᠣᠮ ᠳᠡᠪᠳᠡᠷᠷ ᠢᠶᠠᠨ ᠭᠡᠪᠯᠡᠭᠦᠯᠵᠣ ᠢᠷᠡᠭᠰᠠᠨ ᠡᠷᠳᠡᠮᠳᠠᠨ | ᠵᠣᠭᠢᠶᠠᠯᠴᠢ ᠪᠣᠯᠬᠤ ᠶᠤᠮ᠃ ᠳᠡᠭᠦᠨ ᠤ ᠦᠨᠣᠳᠣᠷ ᠪᠢᠳᠠᠨ ᠤ ᠭᠡᠭᠡᠨ ᠮᠡᠯᠮᠡᠢ ᠳᠤ ᠲᠣᠯᠢᠳᠠᠭᠤᠯᠵᠣ ᠪᠠᠶᠢᠭ᠎ᠠ ᠳᠡᠭᠡᠳᠣ ᠮᠣᠩᠭᠤᠯ ᠤᠨ ᠳᠡᠣᠭᠡ᠂ ᠰᠣᠶᠣᠯ᠂ ᠣᠷᠠᠨ | ᠵᠣᠭᠢᠶᠠᠯ ᠤᠨ ᠴᠢᠡᠳᠠᠮᠣᠨᠢ ᠭᠤᠷᠪᠠᠨ ᠨᠣᠮ ᠨᠢ ᠪᠠᠰᠠᠴᠣ ᠯ᠊ · ᠦᠰᠥᠷᠤᠩᠭᠦᠢ ᠭᠤᠸᠠᠢ ᠶᠢᠨ ᠣᠳᠠᠭᠠᠨ ᠵᠢᠯ ᠤᠨ ᠣᠶᠣᠨᠣᠬᠠᠭᠠᠨ ᠤ ᠭᠦᠴᠣ ᠭᠦᠯᠣᠰᠣ ᠪᠠᠷ | ᠰᠢᠷᠭᠠᠭᠠᠭᠳᠠᠨ ᠪᠦᠳᠣᠭᠡᠭᠳᠡᠭᠰᠠᠨ ᠰᠣᠳᠣᠨ ᠪᠦᠳᠣᠭᠡᠯ ᠤᠳ ᠪᠣᠯᠬᠤ ᠶᠤᠮ᠃ | ᠨᠢᠭᠡ᠂ ᠦᠡᠳᠣᠰᠣᠳᠠᠨ ᠤ ᠦᠣᠭᠡ ᠳᠡᠣᠭᠡ ᠶᠢᠨ ᠦᠨᠡᠨ ᠮᠦᠷ | ᠮᠣᠩᠭᠤᠯ ᠦᠡᠳᠣᠰᠣᠳᠠᠨ ᠪᠣᠯ ᠠᠵᠢᠯᠴᠢ ᠭᠦᠳᠠᠯᠮᠣᠷᠢᠴᠢ᠂ ᠡᠷᠡᠯᠭᠡᠭ ᠪᠠᠭᠠᠳᠣᠷᠯᠢᠭ᠂ ᠣᠷᠳᠣ ᠣᠳᠠᠭᠠᠨ ᠳᠡᠣᠭᠡ ᠲᠠᠢ ᠪᠣᠯᠪᠠᠰᠣᠨ ᠦᠡᠳᠣᠰᠣᠳᠠᠨ ᠪᠣᠯᠬᠤ | ᠮᠦᠷᠳᠡᠭᠡᠨ ᠳᠡᠯᠡᠭᠡᠢ ᠨᠠᠶᠢᠳᠠ ᠶᠢᠨ ᠳᠡᠣᠭᠡᠨ ᠳᠤ ᠨᠢᠭᠡᠨ ᠠᠯᠳᠠᠷ ᠭᠠᠪᠢᠶ᠎ᠠ ᠲᠠᠢ ᠠᠭᠤᠣ ᠶᠡᠭᠡ ᠦᠡᠳᠣᠰᠣᠳᠠᠨ ᠪᠣᠯᠬᠤ ᠶᠤᠮ᠃ ᠨᠡᠶᠢᠳᠠ ᠶᠢᠨ ᠣᠨ ᠲᠣᠭᠠᠯᠠᠯ ᠤᠨ | ᠠᠷᠪᠠᠨ ᠭᠤᠷᠪᠠᠳᠣᠭᠠᠷ ᠵᠠᠭᠤᠨ ᠤ ᠦᠶ᠎ᠠ ᠪᠠᠷ ᠴᠢᠩᠭᠢᠰ ᠬᠠᠭᠠᠨ ᠵᠢᠴᠢ ᠳᠡᠭᠦᠨ ᠤ ᠦᠷ᠎ᠠ ᠠᠴᠢ ᠨᠠᠷ ᠳᠡᠯᠡᠭᠡᠢ ᠳ᠋ᠠᠭᠢᠨ ᠢ ᠳᠠᠶᠢᠯᠠᠨ ᠲᠠᠭᠠᠭᠤᠯᠬᠤ ᠶᠢᠨ ᠲᠦᠯᠣᠭᠡ | ᠡᠮᠣᠨᠡᠰᠢ ᠳᠠᠶᠢᠯᠠᠨ ᠣᠮᠠᠷᠠᠰᠢ ᠪᠠᠶᠢᠯᠳᠣᠵᠣ᠂ ᠵᠡᠭᠦᠡᠰᠢ ᠴᠣᠭᠢᠨ ᠪᠠᠷᠠᠭᠤᠡᠰᠢ ᠲᠦᠷᠢᠭᠡᠳ ᠠᠽᠢᠶ᠎ᠠ ᠡᠸᠦ᠋ᠷᠣᠫᠠ ᠶᠢ ᠰᠣᠡᠳᠠᠯᠠᠭᠰᠠᠨ ᠮᠣᠩᠭᠤᠯ ᠤᠨ ᠶᠡᠭᠡ ᠬᠠᠭᠠᠡᠳᠣ | ᠣᠯᠣᠰ ᠤᠨ ᠲᠣᠯᠭᠤᠷ ᠲᠦᠷᠣ ᠶᠢ ᠴᠣᠭᠴᠠᠯᠠᠨ ᠪᠠᠶᠢᠭᠤᠯᠵᠡᠢ᠃ ᠳᠡᠭᠦᠨ ᠤ ᠬᠤᠶᠢᠨ᠎ᠠ ᠬᠤᠪᠢᠯᠡᠢ ᠬᠠᠭᠠᠨ ᠤ ᠦᠶ᠎ᠠ ᠳᠤ ᠲᠣᠮᠳᠠᠳᠣ ᠣᠯᠣᠰ ᠤᠨ ᠳᠡᠣᠭᠡᠨ ᠳᠤ | ᠣᠷᠢᠳ ᠡᠮᠣᠨ᠎ᠠ ᠭᠠᠷᠣᠭᠠᠳᠣᠢ ᠣᠯᠠᠨ ᠦᠡᠳᠣᠰᠣᠳᠠᠨ ᠤ ᠨᠢᠭᠡᠳᠦᠭᠰᠠᠨ ᠶᠡᠭᠡ ᠶᠣᠸᠠᠨ ᠣᠯᠣᠰ ᠤᠨ ᠲᠣᠯᠭᠤᠷ ᠲᠦᠷᠣ ᠶᠢ ᠪᠠᠶᠢᠭᠤᠯᠣᠭᠰᠠᠨ ᠪᠠᠶᠢᠨ᠎ᠠ᠃ ᠮᠣᠩᠭᠤᠯ | ᠶᠡᠭᠡ ᠬᠠᠭᠠᠡᠳᠣ ᠣᠯᠣᠰ ᠵᠢᠴᠢ ᠶᠣᠸᠠᠨ ᠣᠯᠣᠰ ᠨᠢ ᠠᠽᠢᠶ᠎ᠠ ᠡᠸᠦ᠋ᠷᠣᠫᠠ ᠶᠢᠨ ᠡᠭᠡ ᠬᠠᠭᠤᠷᠡᠢ ᠶᠢᠨ ᠣᠯᠣᠰ ᠲᠦᠷᠣ᠂ ᠠᠵᠣ ᠠᠬᠤᠢ᠂ ᠨᠡᠶᠢᠭᠡᠮ ᠤᠨ ᠭᠦᠭᠵᠢᠯ᠂ | ᠲᠣᠷᠣᠨᠠᠳᠠᠭᠢᠨ ᠦᠷᠣᠨᠡᠳᠠᠭᠢᠨ ᠤ ᠦᠵᠠᠯ ᠰᠠᠨᠠᠭ᠎ᠠ ᠰᠣᠶᠣᠯ ᠤᠨ ᠰᠣᠯᠢᠯᠴᠠᠭ᠎ᠠ᠂ ᠡᠭᠡ ᠣᠷᠣᠨ ᠤ ᠣᠯᠠᠨ ᠦᠡᠳᠣᠰᠣᠳᠠᠨ ᠤ ᠨᠢᠭᠡᠳᠦᠭᠰᠠᠨ ᠣᠯᠣᠰ ᠤᠨ ᠪᠦᠷᠢᠯᠳᠣᠯ | ᠲᠣᠭᠳᠠᠨᠢᠯ ᠪᠣᠯᠣᠨ ᠪᠠᠭᠢᠵᠢᠯ ᠭᠦᠭᠵᠢᠯ ᠳᠤ ᠴᠦᠮ ᠪᠠᠯᠠᠷᠠᠰᠢ ᠦᠭᠡᠢ ᠭᠠᠪᠢᠶ᠎ᠠ ᠵᠢᠳᠭᠦᠯ ᠦᠵᠡᠭᠦᠯᠦᠭᠰᠠᠨ ᠶᠤᠮ᠃ ᠡᠭᠦᠨ ᠳᠤ ᠭᠦᠭᠡᠨᠠᠭᠤᠷ ᠲᠦᠪᠡᠳ ᠤᠨ | ᠦᠡᠳᠣᠷᠯᠢᠭ ᠳᠡᠭᠡᠷᠡᠭᠢ ᠭᠦᠭᠡᠨᠠᠭᠤᠷ ᠤᠨ ᠦᠷᠭᠡᠨ ᠠᠭᠤᠳᠠᠮ ᠨᠣᠳᠤᠭ ᠳᠡᠪᠢᠰᠭᠡᠷ ᠳᠡᠭᠡᠷ᠎ᠠ ᠣᠷᠢᠳ ᠬᠤᠵᠢᠳ ᠠᠵᠣ ᠲᠦᠷᠣᠨ ᠠᠮᠢᠳᠣᠷᠠᠵᠣ ᠢᠷᠡᠭᠰᠠᠨ ᠮᠣᠩᠭᠤᠯ | ᠣᠭᠰᠠᠭᠠᠳᠠᠨ ᠤ ᠳᠡᠣᠭᠡ ᠪᠣᠯ ᠪᠦᠭᠦ᠋ᠢᠯᠡ ᠮᠣᠩᠭᠤᠯ ᠦᠡᠳᠣᠰᠣᠳᠠᠨ ᠤ ᠳᠡᠣᠭᠡ ᠶᠢᠨ ᠰᠠᠯᠵᠣ ᠪᠣᠯᠣᠰᠢ ᠦᠭᠡᠢ ᠪᠦᠷᠢᠯᠳᠣᠭᠦᠨ ᠭᠡᠰᠡᠭ ᠪᠣᠯᠬᠤ ᠮᠦᠷᠳᠡᠭᠡᠨ ᠲᠣᠮᠳᠠᠳᠣ | ᠣᠯᠣᠰ ᠤᠨ ᠳᠡᠣᠭᠡ ᠪᠣᠶᠣ ᠴᠢᠨᠠᠭᠰᠢᠯᠠᠪᠠᠯ ᠳᠡᠯᠡᠭᠡᠢ ᠶᠢᠨ ᠳᠡᠣᠭᠡ ᠳᠤ ᠴᠦ ᠲᠣᠳᠠᠭᠳᠠᠵᠣ ᠪᠣᠯᠣᠰᠢ ᠦᠭᠡᠢ ᠴᠢᠬᠤᠯᠨ ᠪᠦᠷᠢᠯᠳᠣᠭᠦᠨ ᠭᠡᠰᠡᠭ ᠨᠢ ᠪᠣᠯᠣᠨ᠎ᠠ᠃ | ᠮᠣᠩᠭᠤᠯᠴᠣᠳ ᠭᠦᠭᠡᠨᠠᠭᠤᠷ ᠲᠤ ᠣᠷᠣᠵᠣ ᠢᠷᠡᠭᠰᠠᠨ ᠳᠡᠣᠭᠡ ᠨᠢᠭᠡᠨᠳᠠ ᠨᠠᠢᠮᠡᠨ ᠵᠠᠭᠤ ᠭᠠᠷᠣᠢ ᠵᠢᠯ ᠪᠣᠯᠵᠣ᠂ ᠭᠡᠭᠡᠨ ᠬᠥᠤᠱᠢ ᠬᠠᠭᠠᠨ ᠠᠶᠢᠮᠠᠭ ᠬᠤᠰᠢᠭᠤ ᠪᠠᠨ | ᠳᠠᠭᠠᠭᠤᠯᠣᠨ ᠭᠦᠭᠡᠨᠠᠭᠤᠷ ᠲᠦᠪᠡᠳ ᠤᠨ ᠦᠡᠳᠣᠷᠯᠢᠭ ᠲᠤ ᠢᠷᠡᠵᠣ ᠨᠣᠳᠣᠭᠰᠢᠭᠰᠠᠨ ᠳᠡᠣᠭᠡ ᠴᠦ 380 ᠭᠠᠷᠣᠢ ᠵᠢᠯ ᠪᠣᠯᠵᠣ ᠪᠠᠶᠢᠨ᠎ᠠ᠃ ᠡᠨᠡᠭᠦ ᠭᠦᠭᠡᠨᠠᠭᠤᠷ | ᠲᠦᠪᠡᠳ ᠤᠨ ᠦᠡᠳᠣᠷᠯᠢᠭ ᠳᠡᠭᠡᠷ᠎ᠠ ᠣᠷᠳᠣ ᠬᠤᠭᠤᠴᠠᠭ᠎ᠠ ᠪᠠᠷ ᠠᠵᠣ ᠲᠦᠷᠣᠨ ᠠᠮᠢᠳᠣᠷᠠᠵᠣ ᠢᠷᠡᠭᠰᠠᠨ ᠮᠣᠩᠭᠤᠯᠴᠣᠳ ᠡᠭᠡ ᠣᠯᠣᠰ ᠤᠨ ᠨᠢᠭᠡᠳᠣᠯ᠂ ᠳᠡᠯᠡᠭᠡᠢ | ᠨᠠᠶᠢᠳᠠ ᠶᠢᠨ ᠰᠣᠶᠣᠯ ᠤᠨ ᠭᠦᠭᠵᠢᠯᠳᠠ ᠳᠤ ᠴᠢᠬᠤᠯᠨ ᠶᠡᠭᠡ ᠬᠤᠪᠢ ᠨᠡᠮᠡᠷᠢ ᠪᠠᠨ ᠦᠵᠡᠭᠦᠯᠦᠭᠰᠠᠨ ᠪᠠᠶᠢᠵᠣ ᠪᠢᠯᠨ᠃ ᠯ᠊ · ᠦᠰᠣᠷᠣᠩᠭᠦᠢ ᠭᠤᠸᠠᠢ ᠶᠢᠨ ︽ | ᠳᠡᠭᠡᠳᠣ ᠮᠣᠩᠭᠤᠯ ᠤᠨ ᠳᠡᠣᠭᠡ ᠭᠢᠭᠡᠳᠣᠯᠠᠮᠵᠢᠯᠠᠯᠳᠣ ᠰᠣᠶᠣᠯ ᠤᠨ ᠬᠤᠪᠢᠰᠣᠯ︾ ᠭᠡᠮᠡᠭᠦ ᠨᠣᠮ ᠪᠣᠯ ᠭᠦᠭᠡᠨᠠᠭᠤᠷ ᠮᠣᠵᠢ ᠶᠢᠨ ᠴᠦᠭᠡᠨ ᠲᠣᠭᠠᠳᠣ ᠦᠡᠳᠣᠰᠣᠳᠠᠨ ᠤ | ᠡᠷᠳᠡᠨ ᠤ ᠰᠣᠷᠪᠣᠯᠵᠢ ᠪᠢᠴᠢᠭ ᠤᠨ ︽ᠠᠷᠪᠠᠨ ᠭᠤᠷᠪᠠᠳᠣᠭᠠᠷ ᠲᠠᠪᠣᠨ ᠵᠢᠯ︾ ᠤᠨ ᠲᠦᠯᠣᠪᠵᠢᠭᠦᠯᠭᠡ ᠶᠢᠨ ᠭᠤᠣᠯᠳᠠᠯᠭ᠎ᠠ ᠪᠣᠯᠬᠤ ᠨᠣᠮ ᠤᠨ ᠨᠢᠭᠡ ᠨᠢ ᠪᠣᠯᠣᠨ᠎ᠠ᠃ | ᠲᠣᠰ ᠨᠣᠮ 2019 ᠣᠨ ᠤ 10 ᠰᠠᠷ᠎ᠠ ᠳᠤ ᠦᠡᠳᠣᠰᠣᠳᠠᠨ ᠤ ᠭᠡᠪᠯᠡᠯ ᠤᠨ ᠬᠤᠷᠢᠶ᠎ᠠ ᠠᠴᠠ ᠭᠡᠪᠯᠡᠭᠳᠡᠮᠡᠭᠴᠨ 2020 ᠣᠨ ᠳᠤ ᠮᠣᠩᠭᠤᠯ ᠣᠯᠣᠰ ᠲᠤ ᠺᠧᠷᠢᠯ | ᠦᠰᠦᠭ ᠢᠶᠠᠷ ᠭᠡᠪᠯᠡᠭᠳᠠᠨ ᠲᠠᠷᠬᠠᠭᠠᠭᠳᠠᠪᠠ᠃ ᠯ᠊ · ᠦᠰᠣᠷᠣᠩᠭᠦᠢ ᠭᠤᠸᠠᠢ ᠳᠡᠣᠭᠡ ᠶᠢᠨ ᠲᠠᠯ᠎ᠠ ᠪᠠᠷ ᠪᠠᠰᠨ ︽ᠭᠦᠭᠡᠨᠠᠭᠤᠷ ᠤᠨ ᠲᠣᠷᠭᠤᠳ ᠮᠣᠩᠭᠤᠯᠴᠣᠳ︾᠂ ︽ | ᠳᠡᠭᠡᠳᠣ ᠮᠣᠩᠭᠤᠯᠴᠣᠳ ᠤᠨ ᠲᠣᠪᠴᠢ ᠳᠡᠣᠭᠡ︾ ︵ᠭᠢᠳᠡᠳ︶ ᠵᠡᠷᠭᠡ ᠨᠣᠮ ᠢ ᠭᠡᠪᠯᠡᠭᠦᠯᠵᠣ ᠮᠣᠩᠭᠤᠯ ᠭᠢᠳᠠᠳ ᠡᠷᠳᠡᠮᠳᠡᠳ ᠤᠨ ᠮᠠᠭᠳᠠᠭᠠᠯ ᠰᠠᠶᠢᠰᠢᠶᠠᠯ ᠢ | ᠭᠦᠷᠳᠡᠵᠣ ᠶᠠᠪᠣᠭᠰᠠᠨ᠃ ᠳᠡᠭᠦᠨ ᠤ ᠡᠨᠡᠭᠦ ︽ᠳᠡᠭᠡᠳᠣ ᠮᠣᠩᠭᠤᠯ ᠤᠨ ᠳᠡᠣᠭᠡ ᠭᠢᠭᠡᠳ ᠣᠯᠠᠮᠵᠢᠯᠠᠯᠳᠣ ᠰᠣᠶᠣᠯ ᠤᠨ ᠬᠤᠪᠢᠰᠣᠯ︾ ᠭᠡᠭᠦ ᠨᠣᠮ ᠳᠤ ᠮᠤᠩᠭᠤᠯ | ᠦᠨᠳᠣᠰᠣᠳᠠᠨ ᠪᠣᠶᠣ ᠮᠣᠩᠭᠤᠯᠴᠣᠳ ᠤᠨ ᠢᠷᠠᠯ ᠭᠠᠷᠣᠯ ᠣᠪᠣᠭ ᠠᠶᠢᠮᠠᠭ ᠢ ᠲᠦᠭᠦᠮ ᠲᠣᠪᠴᠢᠬᠠᠨ ᠲᠠᠨᠢᠯᠴᠠᠭᠤᠯᠵᠣ᠂ ᠳᠡᠭᠡᠳᠣ ᠮᠣᠩᠭᠤᠯ ᠤᠨ ᠢᠶᠠᠨ ᠣᠳᠣᠮ | ᠣᠭᠰᠠᠭ᠎ᠠ ᠵᠢᠴᠢ ᠲᠡᠭᠦᠨ ᠤ ᠦᠷ᠎ᠠ ᠬᠤᠶᠢᠴᠢᠰ ᠤᠨ ᠠᠵᠣ ᠠᠮᠢᠳᠣᠷᠠᠯ ᠵᠠᠩ ᠰᠣᠶᠣᠯ ᠤᠨ ᠬᠤᠪᠢᠷᠠᠯ ᠭᠦᠭᠵᠢᠯ ᠢ ᠴᠢᠩ ᠣᠯᠣᠰ ᠤᠨ ᠦᠶ᠎ᠠ ᠠᠴᠠ ᠰᠢᠨ᠎ᠠ | ᠲᠣᠮᠳᠠᠳᠣ ᠣᠯᠣᠰ ᠤᠨ ᠦᠶ᠎ᠠ ᠭᠦᠷᠳᠡᠯᠡᠭᠢᠴᠠᠭ ᠲᠦᠷᠣ ᠶᠢᠨ ᠳᠡᠣᠭᠡᠨ ᠪᠠᠶᠢᠳᠠᠯ ᠲᠠᠢ ᠨᠢᠭᠳᠠ ᠣᠶᠠᠯᠳᠣᠭᠤᠯᠵᠣ ᠲᠡᠮᠳᠡᠭᠯᠡᠨ ᠪᠢᠴᠢᠵᠡᠢ᠃ ᠡᠨ᠋ᠨ ᠨᠢ ᠦᠪᠠᠷ ᠤᠨ | ᠦᠨᠳᠣᠰᠣᠳᠠᠨ ᠪᠠ ᠡᠪᠦᠭᠡ ᠳᠡᠭᠡᠳᠣᠰ ᠤᠨ ᠢᠶᠠᠨ ᠢᠷᠠᠯ ᠭᠠᠷᠣᠯ ᠵᠢᠴᠢ ᠳᠡᠭᠦᠨ ᠤ ᠳᠡᠣᠭᠡᠨ ᠠᠵᠣ ᠠᠮᠢᠳᠣᠷᠠᠯ ᠢ ᠣᠶᠢᠯᠠᠭᠠᠵᠣ ᠮᠡᠳᠡᠭᠦ ᠲᠡᠳᠣᠢ ᠦᠭᠡᠢ᠂ ᠨᠡᠩ ᠴᠥ | ᠬᠤᠵᠢᠮ ᠬᠤᠶᠢᠰᠢᠳᠠ ᠡᠷᠳᠡᠮᠳᠠᠨ ᠮᠡᠷᠡᠭᠡᠳ ᠠᠴᠠ ᠣᠯᠣᠰ ᠦᠨᠳᠣᠰᠣᠳᠠᠨ ᠤ ᠣᠯᠣᠰ ᠲᠦᠷᠣ᠂ ᠠᠵᠣ ᠠᠬᠤᠢ ᠴᠡᠷᠢᠭ ᠲᠡᠶᠢᠨ᠂ ᠱᠠᠰᠢᠨ ᠰᠢᠳᠣᠯᠭᠡ᠂ ᠵᠠᠩ | ᠳᠠᠳᠬᠠᠯ᠂ ᠣᠷᠤᠭ ᠬᠤᠷᠢᠮ ᠵᠡᠷᠭᠡ ᠶᠢ ᠰᠣᠳᠣᠯᠬᠤ ᠳᠤ ᠨᠢᠭᠡᠨ ᠲᠡᠣᠭᠡᠨ ᠮᠠᠲ᠋ᠧᠷᠢᠶᠠᠯ ᠢ ᠬᠠᠨᠭ᠍ᠭᠠᠭᠰᠠᠨ ᠪᠠᠶᠢᠨ᠎ᠠ᠃ ᠯ᠊ · ᠦᠰᠣᠷᠣᠩᠭᠦᠢ ᠭᠤᠸᠠᠢ ᠠᠴᠠ ᠨᠣᠮ ᠤᠨ | ᠡᠮᠣᠨᠡᠭᠢ ᠦᠭᠡ ᠳᠡᠭᠡᠨ ︽ᠪᠢᠳᠠ ᠳᠡᠯᠡᠭᠡᠢ ᠶᠢᠨ ᠣᠯᠣᠰ ᠦᠨᠳᠣᠰᠣᠳᠠᠨ ᠤ ᠲᠡᠣᠭᠡ ᠶᠢ ᠣᠶᠢᠯᠠᠭᠠᠵᠣ ᠮᠡᠳᠡᠭᠦ ᠶᠢᠨ ᠬᠠᠮᠳᠣ ᠪᠠᠰᠨ ᠦᠪᠠᠷ ᠤᠨ ᠦᠨᠳᠣᠰᠣᠳᠠᠨ ᠪᠠ | ᠡᠪᠦᠭᠡ ᠳᠡᠭᠡᠳᠣᠰ ᠤᠨ ᠢᠶᠠᠨ ᠢᠷᠠᠯ ᠭᠠᠷᠣᠯ ᠢ ᠰᠦᠪᠡᠭᠴᠢᠯᠠᠵᠣ᠂ ᠳᠡᠭᠦᠨ ᠤ ᠠᠳᠠᠯᠢ ᠪᠣᠰᠣ ᠴᠠᠭ ᠦᠶ᠎ᠠ ᠳᠠᠬᠢ ᠠᠳᠠᠯᠢ ᠪᠣᠰᠣ ᠳᠡᠣᠭᠡᠨ ᠠᠵᠣ ᠠᠮᠢᠳᠣᠷᠠᠯ ᠤᠨ | ᠭᠦᠭᠵᠢᠯ ᠬᠤᠪᠢᠰᠣᠯ ᠢ ᠬᠠᠷᠢᠴᠠᠭᠤᠯᠣᠨ ᠪᠢᠴᠢᠭᠦ ᠨᠢ ᠦᠷ᠎ᠠ ᠬᠤᠶᠢᠴᠢᠰ ᠲᠠᠭᠠᠨ ᠦᠪᠠᠷ ᠤᠨ ᠣᠳᠣᠮ ᠣᠭᠰᠠᠭ᠎ᠠ ᠪᠠᠨ ᠲᠠᠨᠢᠭᠤᠯᠵᠣ᠂ ᠦᠡᠳᠣᠰᠣᠳᠠᠨ ᠤ ᠪᠠᠨ | ᠳᠡᠣᠭᠡ ᠶᠢ ᠮᠡᠳᠡᠭᠦᠯᠣᠨ᠂ ᠲᠡᠲᠡᠨ ᠤ ᠡᠭᠡ ᠣᠯᠣᠰ ᠢᠶᠠᠨ ᠬᠠᠶᠢᠷᠠᠯᠠᠬᠤ ᠰᠡᠳᠭᠢᠯᠭᠡ ᠶᠢ ᠨᠡᠮᠡᠭᠳᠡᠭᠦᠯᠵᠣ᠂ ᠣᠳᠣ ᠪᠠ ᠢᠷᠡᠭᠡᠳᠣᠢ ᠳᠤ ᠨᠡᠩ ᠰᠠᠶᠢᠨ ᠰᠠᠶᠢᠬᠠᠨ | ᠲᠡᠣᠭᠡ ᠶᠢ ᠡᠭᠦᠳᠣᠨ ᠪᠦᠳᠣᠭᠡᠵᠣ᠂ ᠣᠯᠣᠰ ᠦᠨᠳᠣᠰᠣᠳᠠᠨ ᠢᠶᠠᠨ ᠪᠠᠶᠡᠯᠢᠭᠵᠢᠭᠤᠯᠣᠨ ᠭᠦᠭᠵᠢᠭᠦᠯᠭᠦ ᠳᠤ ᠲᠦᠢᠯ ᠤᠨ ᠴᠢᠬᠤᠯᠨ ᠠᠴᠢ ᠬᠤᠯᠪᠣᠭᠳᠠᠯ ᠲᠠᠢ ᠶᠣᠮ︾ | ᠭᠡᠮᠡᠨ ᠦᠭᠦᠯᠡᠭᠰᠠᠨ ᠨᠢ ᠪᠢᠳᠠᠨ ᠳᠤ ᠶᠠᠭᠤ ᠨᠢᠭᠡ ᠶᠢ ᠪᠣᠳᠣᠭᠳᠠᠭᠤᠯᠵᠣ ᠶᠠᠭᠤ ᠨᠢᠭᠡ ᠶᠢ ᠰᠠᠨᠠᠭᠳᠠᠭᠤᠯᠣᠨ᠂ ᠡᠷᠡᠭᠦᠯ ᠰᠠᠷᠠᠭᠤᠯ ᠤᠬᠠᠭᠠᠨ ᠲᠠᠢ ᠠᠯᠣᠰ ᠬᠤᠯᠨ ᠶᠢᠨ | ᠪᠤᠳᠤᠯ ᠲᠠᠢ ᠡᠷᠳᠡᠮᠳᠠᠨ ᠭᠦᠮᠣᠨ ᠤ ᠣᠶᠣᠨ ᠣᠬᠠᠭᠠᠨ ᠠᠴᠠ ᠯᠨ ᠦᠡᠳᠣᠰᠣᠳᠠᠨ ᠤ ᠦᠣᠭᠡ ᠳᠡᠣᠭᠡ ᠶᠢᠨ ᠦᠨᠡᠨ ᠮᠦᠷ ᠲᠣᠳᠣᠷᠠᠵᠣ ᠢᠷᠡᠳᠡᠭ ᠢ ᠲᠣᠰ ᠨᠣᠮ | ᠳᠠᠶᠠᠭᠠᠷ ᠣᠯᠠᠨ ᠳᠤ ᠮᠡᠳᠡᠷᠡᠭᠦᠯᠪᠡ᠃ | ᠬᠤᠶᠠᠷ᠂ ᠦᠡᠳᠣᠰᠣᠳᠠᠨ ᠤ ᠦᠪ ᠰᠣᠶᠣᠯ ᠤᠨ ᠣᠭᠢ ᠱᠦᠯᠳᠣ | ᠯ᠊ · ᠦᠰᠣᠷᠣᠩᠭᠦᠢ ᠭᠤᠸᠠᠢ ᠳᠡᠭᠡᠳᠣ ᠮᠣᠩᠭᠤᠯ ᠤᠨ ᠠᠷᠠᠳ ᠤᠨ ᠠᠮᠨᠨ ᠵᠣᠭᠢᠶᠠᠯ ᠵᠠᠩ ᠰᠣᠶᠣᠯ ᠤᠨ ᠡᠭᠡ ᠮᠠᠲ᠋ᠧᠷᠢᠶᠠᠯ ᠢ ᠴᠣᠭᠯᠠᠭᠤᠯᠣᠨ ᠡᠮᠭᠢᠳᠭᠡᠵᠣ | ᠰᠣᠳᠣᠯᠣᠨ ᠰᠢᠡᠵᠢᠵᠣ᠂ ᠦᠪᠡᠷ ᠤᠨ ᠣᠬᠠᠭᠠᠨ ᠭᠦᠴᠣᠨ ᠢᠶᠠᠨ ᠦᠡᠳᠣᠰᠣᠳᠠᠨ ᠤ ᠦᠪ ᠰᠣᠶᠣᠯ ᠢ ᠠᠪᠣᠷᠠᠨ ᠬᠠᠮᠠᠭᠠᠯᠠᠬᠤ ᠠᠷᠢᠭᠤᠨ ᠣᠶᠢᠯᠠᠰ ᠲᠤ ᠡᠷᠭᠦᠭᠰᠡᠭᠡᠷ | ᠢᠷᠡᠵᠡᠢ᠃ ᠳᠡᠭᠡᠳᠣ ᠮᠣᠩᠭᠤᠯ ᠭᠦᠭᠡᠨᠠᠭᠤᠷ ᠲᠦᠪᠡᠳ ᠤᠨ ᠦᠡᠳᠣᠷᠯᠢᠭ ᠲᠤ ᠢᠷᠡᠵᠣ ᠣᠷᠳᠣ ᠬᠤᠭᠤᠴᠠᠭᠠᠨ ᠤ ᠳᠡᠣᠭᠡᠨ ᠠᠵᠣ ᠠᠮᠢᠳᠣᠷᠠᠯ ᠢ ᠦᠡᠭᠭᠡᠷᠡᠭᠦᠯᠭᠦ ᠳᠡᠭᠡᠨ | ᠮᠠᠰᠢ ᠪᠠᠶᠠᠯᠢᠭ ᠣᠶᠣᠨ ᠤ ᠪᠣᠶᠣ ᠪᠣᠳᠠᠰ ᠤᠨ ᠰᠣᠶᠣᠯ ᠤᠨ ᠦᠪ ᠭᠦᠷᠣᠩᠭᠡ ᠶᠢ ᠡᠭᠦᠳᠣᠨ ᠪᠦᠳᠣᠭᠡᠵᠣ᠂ ᠡᠨᠡᠬᠦ ᠦᠡᠳᠣᠰᠣᠳᠠᠨ ᠤ ᠣᠭᠰᠠᠭ᠎ᠠ ᠳᠡᠣᠭᠡ᠂ ᠠᠮᠨᠨ | ᠰᠣᠶᠣᠯ ᠢᠶᠠᠨ ᠭᠤᠣᠯᠳᠠᠭᠤ ᠠᠮᠠᠨ ᠶᠠᠷᠢᠶ᠎ᠠ ᠪᠠᠷ ᠦᠶ᠎ᠠ ᠣᠯᠠᠮᠵᠢᠯᠠᠨ᠂ ᠠᠵᠣ ᠠᠮᠢᠳᠣᠷᠠᠯ ᠤᠨ ᠵᠠᠩ ᠳᠠᠳᠬᠠᠯ᠂ ᠶᠣᠰᠣ ᠰᠣᠷᠳᠠᠬᠤᠨ᠂ ᠰᠢᠳᠣᠯᠭᠡ ᠪᠢᠰᠢᠷᠠᠯ ᠢᠶᠠᠨ ᠴᠦ | ᠦᠪᠡᠷ ᠤᠨ ᠣᠶᠢᠯᠨ ᠠᠵᠢᠯᠯᠠᠭ᠎ᠠ ᠪᠠᠷ ᠢᠶᠠᠨ ᠦᠷ᠎ᠠ ᠬᠤᠶᠢᠴᠢᠰ ᠲᠠᠭᠠᠨ ᠣᠯᠠᠮᠵᠢᠯᠠᠨ ᠵᠠᠯᠭᠠᠮᠵᠢᠯᠠᠵᠣ ᠢᠷᠡᠭᠰᠠᠨ ᠪᠠᠶᠢᠨ᠎ᠠ᠃ ᠳᠡᠭᠡᠳᠣ ᠮᠣᠩᠭᠤᠯᠴᠣᠳ ᠪᠣᠯ ᠭᠡᠯᠨ | ᠶᠠᠷᠢᠶᠠᠨ ᠤ ᠲᠠᠯ᠎ᠠ ᠪᠠᠷ ᠡᠷᠳᠠᠨ ᠤ ᠮᠣᠩᠭᠤᠯᠴᠣᠳ ᠤᠨ ︽ᠨᠢᠭᠤᠴᠠ ᠲᠣᠪᠴᠢᠶᠠᠨ︾ ᠤ ᠭᠡᠯᠨ ᠭᠡᠯᠡᠯᠭᠡ ᠶᠢ ᠬᠠᠳᠠᠭᠠᠯᠠᠨ ᠠᠮᠨᠨ ᠠᠶᠠᠯᠭᠤᠨ ᠤ ᠲᠠᠯ᠎ᠠ ᠪᠠᠷ | ᠣᠶᠢᠷᠠᠳ ᠮᠣᠩᠭᠤᠯᠴᠣᠳ ᠤᠨ ᠢᠶᠠᠨ ᠠᠮᠨᠨ ᠠᠶᠠᠯᠭᠤ ᠶᠢ ᠪᠠᠷᠢᠮᠳᠠᠯᠠᠵᠣ᠂ ᠠᠮᠠᠨ ᠵᠣᠭᠢᠶᠠᠯ ᠤᠨ ᠲᠠᠯ᠎ᠠ ᠪᠠᠷ ︽ᠭᠡᠰᠡᠷ ᠤᠨ ᠲᠣᠭᠤᠵᠢ︾᠂ ︽ᠬᠠᠨ ᠴᠡᠩᠭᠡᠯ︾᠂ ︽ | ᠣᠶᠢᠳᠣ ᠮᠡᠷᠭᠡᠨ ᠳᠡᠮᠣᠨᠠ ᠶᠢᠨ ᠦᠯᠢᠭᠡᠷ ᠲᠣᠮᠤᠭ︾᠂ ︽ᠪᠠᠶᠠᠨ ᠰᠦᠡᠭ ᠤᠨ ᠢᠷᠣᠭᠡᠯ︾᠂ ︽ᠲᠦᠷᠣ ᠶᠢᠨ ᠳᠠᠭᠤᠣ︾᠂ ︽ᠱᠠᠰᠢᠨ ᠤ ᠳᠠᠭᠤᠣ︾᠂ ︽ᠨᠡᠶᠢᠷ | ᠤᠨ ᠳᠠᠭᠤᠣ︾ ᠪᠠᠷ ᠭᠤᠣᠯ ᠪᠣᠯᠭᠠᠭᠰᠠᠨ ᠠᠮᠨᠨ ᠰᠣᠶᠣᠯ ᠤᠨ ᠦᠪ ᠭᠦᠷᠣᠩᠭᠡ ᠶᠢ ᠦᠷᠣᠭᠡᠯ ᠪᠣᠰᠣᠳ ᠲᠤ ᠭᠠᠶᠢᠬᠠᠭᠤᠯᠵᠣ᠂ ᠠᠮᠢᠳᠣᠷᠠᠯ ᠤᠨ ᠵᠠᠩ ᠳᠠᠳᠬᠠᠯ ᠤᠨ | ᠲᠠᠯ᠎ᠠ ᠪᠠᠷ ᠡᠪᠦᠭᠡ ᠳᠡᠭᠡᠳᠣᠰ ᠤᠨ ᠢᠶᠠᠨ ᠭᠦᠮᠣᠨ ᠲᠦᠷᠣᠭᠦ ᠶᠣᠰᠣᠨ ᠤ ︽ᠡᠷᠣᠭᠡ ᠭᠡᠷ ᠤᠨ ᠰᠣᠷᠭᠠᠯ︾᠂ ︽ᠭᠡᠣᠭᠡᠳ ᠤᠨ ᠣᠭᠢᠶᠠᠳᠠᠭᠤᠯ︾᠂ ︽ᠭᠡᠣᠭᠡᠳ ᠤᠨ | ᠦᠷᠪᠦᠭᠡ︾᠂ ︽ᠣᠷᠤᠭ ᠬᠤᠷᠢᠮ︾᠂ ︽ᠴᠠᠭᠠᠨ ᠰᠠᠷ᠎ᠠ︾᠂ ︽ᠭᠠᠯ ᠳᠠᠭᠢᠯᠭ᠎ᠠ︾ ᠪᠣᠶᠣ ︽ᠣᠪᠣᠭ᠎ᠠ ᠨᠠᠭᠤᠷᠤᠨ ᠲᠠᠭᠢᠯᠭ᠎ᠠ︾ ᠵᠢᠴᠢ ︽ᠮᠠᠯ ᠮᠠᠯᠵᠢᠬᠤ | ᠰᠣᠶᠣᠯ︾ ᠵᠡᠷᠭᠡ ᠪᠠᠨ ᠦᠶ᠎ᠠ ᠣᠯᠠᠮᠵᠢᠯᠠᠨ ᠪᠣᠳᠠᠳᠣ ᠣᠶᠢᠯᠨ ᠠᠵᠢᠯᠯᠠᠭ᠎ᠠ ᠪᠠᠷ ᠢᠶᠠᠨ ᠪᠠᠶᠠᠴᠢᠯᠠᠨ ᠭᠦᠢᠴᠠᠳᠭᠡᠵᠣ᠂ ᠳᠡᠳᠡᠨ ᠦᠪᠡᠷ ᠤᠨ ᠦᠡᠳᠣᠰᠣᠳᠠᠨ ᠤ ᠦᠪ | ᠰᠣᠶᠣᠯ ᠢ ᠠᠮᠢᠨ ᠭᠤᠣᠯ ᠲᠠᠢ ᠪᠠᠨ ᠬᠤᠯᠪᠣᠨ ᠠᠪᠣᠷᠠᠨ ᠬᠠᠮᠠᠭᠠᠯᠠᠵᠣ ᠣᠯᠠᠮᠵᠢᠯᠠᠨ ᠭᠦᠭᠵᠢᠭᠦᠯᠵᠣ ᠢᠷᠡᠭᠰᠠᠨ ᠳᠡᠯᠡᠭᠡᠢ ᠶᠢᠨ ᠰᠡᠭᠡᠷᠡᠨ ᠲᠡᠬᠡᠷᠡᠬᠢ ᠶᠡᠷᠣ ᠪᠣᠰᠣ ᠶᠢᠨ | ᠨᠢᠭᠡᠨ ᠮᠣᠩᠭᠤᠯᠴᠣᠳ ᠪᠣᠯᠬᠤ ᠶᠢ ᠯ᠊ · ᠦᠰᠣᠷᠣᠩᠭᠦᠢ ᠭᠤᠸᠠᠢ ᠶᠢᠨ ︽ᠳᠡᠭᠡᠳᠣ ᠮᠣᠩᠭᠤᠯ ᠰᠣᠶᠣᠯ︾ ᠨᠣᠮ ᠪᠢᠳᠠᠨ ᠳᠤ ᠪᠠᠷᠳᠠᠮ ᠭᠡᠷᠡᠴᠢᠯᠠᠪᠠ᠃ | ᠮᠣᠩᠭᠤᠯ ᠠᠮᠠᠨ ᠵᠣᠭᠢᠶᠠᠯ ᠵᠠᠩ ᠣᠶᠢᠯᠨ ᠰᠤᠳᠤᠯᠤᠬᠴᠢ ᠨᠠᠷᠡᠳᠣ ᠡᠷᠳᠡᠮᠳᠠᠨ ᠮᠠᠡᠳᠣᠬᠤ ᠫᠷᠣᠹᠧᠰᠰᠣᠷ ᠠᠴᠠ ᠯ᠊ · ᠦᠰᠣᠷᠣᠩᠭᠦᠢ ᠭᠤᠸᠠᠢ ᠶᠢᠨ ︽ᠳᠡᠭᠡᠳᠣ | ᠮᠣᠩᠭᠤᠯ ᠰᠣᠶᠣᠯ︾ ᠨᠣᠮ ᠤᠨ ︽ᠣᠷᠣᠰᠢᠯ︾ ᠳᠤ᠄ ︽ᠳᠡᠭᠡᠳᠦ ᠮᠣᠩᠭᠤᠯ ᠤᠨ ᠠᠮᠠᠨ ᠵᠣᠬᠢᠶᠠᠯ᠂ ᠵᠠᠩ ᠦᠢᠯᠡ᠂ ᠲᠡᠷᠡᠴᠢᠯᠡᠨ ᠪᠦᠬᠦ᠋ᠢᠯᠡ ᠲᠡᠦᠬᠡ ᠰᠤᠶᠤᠯ ᠢ | ᠰᠤᠳᠤᠯᠬᠤ ᠲᠠᠯ᠎ᠠ ᠪᠠᠷ ᠯ᠊ · ᠦᠰᠦᠷᠦᠩᠭᠦᠢ ᠳᠤ ᠠᠰᠢᠭᠲᠠᠢ ᠨᠦᠬᠦᠴᠡᠯ ᠳᠠᠪᠠᠭᠤᠯᠢᠭ ᠲᠠᠯ᠎ᠠ ᠣᠯᠠᠨ ᠪᠤᠢ᠃ ᠬᠠᠮᠤᠭ ᠲᠡᠷᠢᠭᠦᠨ ᠳᠤ ᠲᠡᠷᠡ ᠬᠦᠬᠡᠨᠠᠭᠤᠷ ᠤᠨ | ᠦᠨᠳᠦᠷᠯᠢᠭ ᠲᠤ ᠲᠥᠷᠥᠵᠦ ᠮᠡᠨᠳᠦᠯᠡᠭᠡᠳ᠂ ᠳᠡᠭᠡᠳᠦ ᠮᠣᠩᠭᠤᠯ ᠤᠨ ᠰᠤᠶᠤᠯ ᠤᠷᠠᠯᠢᠭ ᠤᠨ ᠤᠭᠤᠷᠠᠭ ᠰᠢᠮ᠎ᠡ ᠶᠢ ᠰᠢᠮᠡᠵᠦ ᠦᠰᠦᠭᠰᠡᠨ ᠬᠦᠮᠦᠨ᠂ ᠲᠡᠨᠳᠡᠬᠢ | ᠰᠤᠶᠤᠯ ᠲᠡᠦᠬᠡ ᠶᠢ ᠰᠠᠶᠢᠨ ᠣᠶᠢᠯᠠᠭᠠᠨ᠎ᠠ︖ ᠳᠡᠭᠡᠪᠡᠯ᠂ ᠣᠯᠠᠨ ᠵᠢᠯ ᠤᠨ ᠴᠤᠭᠯᠠᠭᠤᠯᠵᠤ ᠡᠮᠬᠢᠳᠭᠡᠬᠦ ᠦᠢᠯᠡᠳᠦᠯᠭᠡ ᠪᠠᠷ ᠣᠯᠠᠨ ᠠᠷᠪᠢᠨ ᠡᠬᠡ ᠮᠠᠲ᠋ᠧᠷᠢᠶᠠᠯ | ᠡᠵᠡᠮᠰᠢᠭᠰᠡᠨ ᠢᠶᠠᠷ ᠢᠶᠠᠨ᠂ ᠰᠤᠳᠤᠯᠭᠠᠨ ᠤ ᠬᠡᠷᠡᠭᠯᠡᠭᠳᠡᠬᠦᠨ ᠢᠶᠠᠷ ᠪᠠᠶᠠᠯᠢᠭ᠃ ᠲᠡᠷᠡ ᠡᠨᠡᠬᠦ ᠠᠰᠢᠭᠲᠠᠢ ᠨᠦᠬᠦᠴᠡᠯ ᠳᠠᠪᠠᠭᠤᠯᠢᠭ ᠲᠠᠯ᠎ᠠ ᠪᠠᠨ ᠭᠦᠢᠴᠡᠳ ᠪᠠᠳᠠᠷᠠᠭᠤᠯᠵᠤ᠂ | ᠭᠤᠴᠢ ᠭᠠᠷᠤᠢ ᠵᠢᠯ ᠰᠢᠷᠭᠠᠭᠤ ᠠᠵᠢᠯᠯᠠᠨ ᠬᠠᠲᠠᠭᠤᠵᠢᠯᠲᠠᠢ ᠲᠡᠮᠡᠴᠡᠵᠦ ᠣᠯᠠᠨ ᠠᠷᠪᠢᠨ ᠦᠭᠦᠯᠡᠯ ᠵᠣᠬᠢᠶᠠᠯ ᠨᠡᠶᠢᠲᠡᠯᠡᠭᠦᠯᠦᠭᠰᠡᠨ ᠪᠠ ᠲᠡᠷᠡ ᠨᠢ ᠤᠩᠰᠢᠭ᠍ᠴᠢ ᠲᠦᠮᠡᠨ | ᠤ ᠰᠣᠨᠢᠷᠬᠠᠯ ᠢ ᠲᠠᠲᠠᠵᠤ᠂ ᠡᠯ᠎ᠡ ᠳᠡᠰ ᠤᠨ ᠱᠠᠩᠨᠠᠯ ᠢ ᠬᠦᠷᠲᠡᠭᠰᠡᠨ ᠪᠠᠶᠢᠨ᠎ᠠ᠃ ᠲᠤᠰ ︿ᠳᠡᠭᠡᠳᠦ ᠮᠣᠩᠭᠤᠯ ᠰᠤᠶᠤᠯ﹀ ᠨᠣᠮ ᠳᠤ ᠲᠡᠭᠦᠨ ᠤ ᠵᠣᠬᠢᠶᠠᠯ ᠪᠦᠲᠦᠭᠡᠯ | ᠲᠡᠭᠦᠪᠦᠷᠢᠯᠡᠭᠳᠡᠨ ᠣᠷᠣᠵᠤ᠂ ᠲᠡᠭᠦᠨ ᠤ ᠠᠮᠵᠢᠯᠲᠠ ᠣᠯᠣᠯᠲᠠ ᠲᠡᠮᠳᠡᠭᠯᠡᠭᠳᠡᠨ ᠦᠯᠡᠳᠡᠵᠡᠢ᠃ ᠮᠢᠨᠦ ᠬᠤᠪᠢ ᠳᠤ ᠬᠡᠯᠡᠪᠡᠯ᠂ ᠡᠨ᠋ᠨ ᠨᠣᠮ ᠳᠤ ᠣᠷᠣᠰᠢᠯ ᠪᠢᠴᠢᠬᠦ | ᠬᠢᠷᠢ ᠬᠡᠮ ᠮᠡᠬᠦᠰ᠂ ᠳᠡᠭᠡᠳᠦ ᠮᠣᠩᠭᠤᠯ ᠤᠨ ᠰᠤᠶᠤᠯ ᠲᠡᠦᠬᠡ ᠶᠢᠨ ᠲᠠᠯ᠎ᠠ ᠪᠠᠷ ᠮᠢᠨᠦ ᠮᠡᠳᠡᠯᠭᠡ ᠮᠡᠬᠦᠰ᠂ ᠲᠠᠨᠢᠯᠲᠠ ᠭᠦᠶᠦᠬᠡᠨ᠃ ᠭᠡᠲᠡᠯ᠎ᠡ ᠨᠣᠮ ᠤᠨ ᠳᠡᠭᠦᠣ ᠶᠢᠨ | ᠭᠦᠰᠠᠯ ᠨᠠᠶᠢᠳᠠᠯᠭ᠎ᠠ ᠶᠢ ᠲᠡᠪᠴᠢᠵᠦ ᠦᠯᠦ ᠪᠣᠯᠬᠤ ᠶᠢᠨ ᠤᠴᠢᠷ᠂ ᠡᠨᠡᠬᠦ ᠣᠬᠤᠷ ᠣᠷᠣᠰᠢᠯ ᠢ ᠪᠢᠴᠢᠵᠦ ᠣᠯᠣᠭᠰᠠᠨ ᠲᠥᠷᠥᠭᠳᠡᠯ ᠢᠶᠠᠨ ᠶᠠᠷᠢᠬᠤ ᠪᠠᠷ ᠣᠷᠣᠯᠳᠤᠪᠠ᠃ | ᠣᠷᠣᠰᠢᠯ ᠢᠶᠠᠨ ︿ᠥᠪ ᠰᠤᠶᠤᠯ ᠤᠨ ᠪᠠᠶᠠᠨ ᠰᠠᠩ ᠡᠯᠪᠡᠭ ᠬᠤᠷᠢᠶᠠᠯᠲᠠ ᠶᠢᠨ ᠳᠡᠯᠭᠡᠨ ᠦᠵᠡᠭᠦᠯᠦᠯᠭᠡ﹀ ᠭᠡᠵᠦ ᠭᠠᠷᠴᠠᠭᠯᠠᠭᠰᠠᠨ ᠨᠢ᠂ ᠨᠢᠭᠡ ᠳᠤ᠂ ᠳᠡᠭᠡᠳᠦ | ᠮᠣᠩᠭᠤᠯ ᠤᠨ ᠰᠤᠶᠤᠯ ᠤᠷᠠᠯᠢᠭ ᠤᠨ ᠪᠠᠶᠠᠨ ᠲᠠᠩᠰᠤᠭ ᠢ ᠬᠠᠷᠠᠭᠤᠯᠬᠤ ᠭᠡᠰᠡᠨ ᠪᠣᠳᠣᠯ︖ ᠬᠤᠶᠠᠷ ᠲᠤ᠂ ᠯ᠊ · ᠦᠰᠦᠷᠦᠩᠭᠦᠢ ᠶᠢᠨ ᠣᠯᠣᠯᠲᠠ ᠠᠮᠵᠢᠯᠲᠠ ᠶᠡᠭᠡ | ᠭᠡᠳᠡᠭ ᠢ ᠢᠯᠡᠳᠭᠡᠬᠦ ᠭᠡᠰᠡᠨ ᠰᠠᠨᠠᠭ᠎ᠠ᠃ ︿ᠳᠡᠭᠡᠳᠦ ᠮᠣᠩᠭᠤᠯ ᠰᠤᠶᠤᠯ﹀ ᠨᠣᠮ ᠳᠤ ᠣᠷᠣᠭᠰᠠᠨ ᠦᠭᠦᠯᠡᠯ ᠵᠣᠬᠢᠶᠠᠯ ᠤᠨ ᠬᠦᠷᠢᠶ᠎ᠡ ᠴᠠᠷ᠎ᠠ ᠦᠷᠭᠡᠨ᠂ ᠠᠭᠤᠯᠭ᠎ᠠ | ᠰᠡᠳᠦᠪ ᠪᠠᠶᠠᠯᠢᠭ᠂ ᠬᠦᠬᠡᠨᠠᠭᠤᠷ ᠮᠣᠩᠭᠤᠯᠴᠤᠳ ᠤᠨ ᠰᠤᠶᠤᠯ ᠤᠷᠠᠯᠢᠭ ᠢ ᠣᠯᠠᠨ ᠲᠠᠯ᠎ᠠ ᠪᠠᠷ ᠵᠠᠳᠠᠯᠤᠯᠲᠠ ᠲᠠᠶᠢᠯᠤᠯ ᠬᠢᠵᠡᠢ᠃ ᠪᠢᠳᠠ ᠲᠤᠰ ᠨᠣᠮ ᠳᠤ | ᠣᠷᠣᠭᠰᠠᠨ ᠦᠭᠦᠯᠡᠯ ᠵᠣᠬᠢᠶᠠᠯ ᠢ ᠬᠤᠷᠢᠶᠠᠩᠭᠤᠶᠢᠯᠠᠪᠠᠯ᠂ ᠬᠦᠷᠢᠶ᠎ᠡ ᠴᠠᠷ᠎ᠠ ᠶᠢᠨ ᠬᠤᠪᠢ ᠳᠤ ᠨᠢᠭᠡ ᠳᠤ᠂ ᠠᠮᠠᠨ ᠪᠠ ᠪᠢᠴᠢᠭ ᠤᠨ ᠰᠤᠶᠤᠯ︖ ᠬᠤᠶᠠᠷ ᠲᠤ᠂ | ᠡᠷᠲᠡᠨ ᠤ ᠪᠠ ᠣᠳᠣ ᠶᠢᠨ ᠰᠤᠶᠤᠯ︖ ᠭᠤᠷᠪᠡ ᠳᠤ᠂ ᠡᠳ᠋ ᠤᠨ ᠪᠠ ᠡᠳ᠋ ᠤᠨ ᠪᠤᠰᠤ ᠰᠤᠶᠤᠯ ᠭᠡᠭᠦ ᠭᠤᠷᠪᠠᠨ ᠲᠠᠯ᠎ᠠ ᠶᠢᠨ ᠠᠭᠤᠯᠭ᠎ᠠ ᠬᠠᠮᠤᠷᠤᠭᠳᠠᠵᠠᠢ᠃ ᠨᠢᠭᠡᠨ | ᠢᠵᠢ ︿ᠳᠡᠭᠡᠳᠦ ᠮᠣᠩᠭᠤᠯ ᠰᠤᠶᠤᠯ﹀ ᠨᠣᠮ ᠨᠢ᠂ ᠳᠡᠭᠡᠳᠦ ᠮᠣᠩᠭᠤᠯ ᠤᠨ ᠰᠤᠶᠤᠯ ᠤᠷᠠᠯᠢᠭ ᠤᠨ ᠥᠨᠢᠷ ᠬᠦᠭᠵᠢᠩᠭᠦᠢ ᠪᠠ ᠪᠠᠶᠠᠨ ᠲᠠᠩᠰᠤᠭ ᠰᠢᠨᠵᠢ᠂ ᠣᠷᠣᠨ | ᠨᠤᠲᠤᠭ ᠤᠨ ᠪᠠ ᠤᠭᠰᠠᠭ᠎ᠠ ᠶᠠᠰᠤᠲᠠᠨ ᠤ ᠥᠪᠡᠷᠮᠢᠴᠡ ᠣᠨᠴᠠᠯᠢᠭ᠂ ᠨᠡᠶᠢᠲᠡ ᠮᠣᠩᠭᠤᠯ ᠰᠤᠶᠤᠯ ᠯᠤᠭ᠎ᠠ ᠶᠢᠨ ᠠᠳᠠᠯᠢ ᠨᠡᠶᠢᠲᠡᠯᠢᠭ ᠲᠠᠯ᠎ᠠ ᠵᠡᠷᠭᠡ ᠶᠢ ᠳᠤᠰᠬᠠᠨ | ᠬᠠᠷᠠᠭᠤᠯᠵᠤ᠂ ᠨᠣᠮ ᠤᠨ ᠡᠵᠡᠨ ᠯ᠊ · ᠦᠰᠦᠷᠦᠩᠭᠦᠢ ᠶᠢᠨ ᠵᠢᠳᠭᠦᠯ ᠴᠢᠷᠮᠠᠶᠢᠯᠭ᠎ᠠ᠂ ᠣᠯᠣᠯᠲᠠ ᠠᠮᠵᠢᠯᠲᠠ ᠶᠢ ᠳᠡᠯᠭᠡᠨ ᠦᠵᠡᠭᠦᠯᠪᠡ᠃ ᠡᠶᠢᠮᠦ ᠴᠤ ᠤᠴᠢᠷ ᠠᠴᠠ᠂ | ᠲᠤᠰ ᠨᠣᠮ ᠪᠣᠯ ᠬᠦᠬᠡᠨᠠᠭᠤᠷ ᠮᠣᠩᠭᠤᠯᠴᠤᠳ ᠤᠨ ᠰᠤᠶᠤᠯ ᠤᠷᠠᠯᠢᠭ ᠢ ᠲᠠᠨᠢᠵᠤ ᠣᠶᠢᠯᠠᠭᠠᠬᠤ ᠶᠢᠨ ᠡᠭᠦᠳᠡ ᠴᠣᠩᠬᠤ᠂ ᠰᠤᠶᠤᠯ ᠤᠷᠠᠯᠢᠭ ᠢᠶᠠᠨ ᠴᠤᠭᠯᠠᠭᠤᠯᠵᠤ | ᠡᠮᠬᠢᠳᠭᠡᠬᠦ᠂ ᠰᠤᠳᠤᠯᠵᠤ ᠰᠢᠨᠵᠢᠯᠡᠬᠦ ᠪᠠ ᠬᠠᠮᠠᠭᠠᠯᠠᠵᠤ ᠬᠦᠭᠵᠢᠭᠦᠯᠬᠦ ᠳᠤ ᠬᠢᠨᠠᠯᠲᠠ ᠯᠠᠪᠯᠠᠯᠲᠠ ᠪᠣᠯᠭᠠᠬᠤ ᠦᠨ᠎ᠡ ᠴᠡᠨ᠎ᠡ ᠲᠠᠢ︾ ᠭᠡᠮᠡᠨ ᠦᠨᠡᠯᠡᠵᠡᠢ᠃ ᠶᠡᠷᠣ | ᠰᠣᠶᠣᠯ ᠭᠡᠭᠴᠢ ᠰᠠᠶᠢᠬᠠᠨ ᠶᠤᠮ᠃ ᠦᠡᠳᠣᠰᠣᠳᠠᠨ ᠤ ᠦᠪ ᠰᠣᠶᠣᠯ ᠢᠶᠠᠨ ᠠᠭᠤᠳᠠᠯᠣᠨ ᠰᠣᠳᠣᠯᠵᠣ ᠳᠡᠭᠦᠨ ᠢᠶᠠᠷ ᠭᠦᠮᠣᠨ ᠠᠷᠠᠳ ᠢᠶᠠᠨ ᠰᠣᠶᠣᠬᠤ ᠭᠡᠭᠴᠢ | ᠨᠡᠩ ᠰᠠᠶᠢᠬᠠᠨ ᠶᠤᠮ᠃ | ᠭᠤᠷᠪᠠ᠂ ᠦᠡᠳᠣᠰᠣᠳᠠᠨ ᠤ ᠣᠷᠠᠨ ᠪᠦᠳᠣᠭᠡᠯ ᠤᠨ ᠦᠨ᠎ᠠ ᠴᠠᠨ᠎ᠠ | ᠯ᠊ · ᠦᠰᠣᠷᠣᠩᠭᠦᠢ ᠭᠤᠸᠠᠢ ᠪᠣᠯ ᠬᠠᠷᠠᠬᠠᠨ ᠪᠠᠭ᠎ᠠ ᠠᠴᠠ ᠪᠠᠨ ᠮᠣᠩᠭᠤᠯ ᠨᠣᠳᠤᠭ ᠤᠨ ᠠᠯᠳᠠᠨ ᠭᠦᠷᠣᠰᠣᠨ ᠳᠡᠭᠡᠷ᠎ᠠ ᠲᠣᠷᠨᠢᠨ ᠪᠤᠶᠢᠵᠢᠵᠣ᠂ ᠠᠷᠠᠳ ᠤᠨ | ᠣᠷᠡᠯᠢᠭᠴᠢᠳ ᠤᠨ ᠦᠯᠢᠭᠡᠷ ᠲᠣᠭᠤᠵᠢ ᠠᠮᠠᠨ ᠵᠣᠭᠢᠶᠠᠯ ᠢ ᠠᠮᠳᠠᠷᠬᠠᠨ ᠰᠣᠨᠢᠷᠬᠠᠵᠣ᠂ ᠳᠡᠭᠦᠨ ᠠᠴᠠ ᠣᠶᠣᠨ ᠤ ᠣᠭᠢ ᠱᠦᠯᠳᠣ ᠭᠦᠷᠳᠡᠨ᠂ ᠵᠣᠭᠢᠶᠠᠨ ᠪᠦᠳᠣᠭᠡᠭᠦ | ᠣᠢ ᠪᠢᠯᠢᠭ ᠢᠶᠠᠨ ᠰᠦᠢᠵᠣ ᠠᠷᠠᠳ ᠤᠨ ᠦᠪ ᠰᠣᠶᠣᠯ ᠢ ᠠᠭᠤᠳᠠᠯᠣᠨ ᠡᠮᠭᠢᠳᠭᠡᠵᠣ ᠰᠣᠳᠣᠷᠯᠠᠨ ᠰᠣᠳᠣᠯᠬᠤ ᠠᠷᠢᠭᠤᠨ ᠣᠶᠢᠯᠠᠰ ᠲᠤ ᠠᠮᠵᠢᠯᠳᠠ ᠪᠦᠳᠣᠭᠡᠯ ᠲᠠᠢ | ᠠᠵᠢᠯᠯᠠᠵᠣ ᠢᠷᠡᠭᠰᠠᠨ ᠡᠷᠳᠡᠮᠳᠠᠨ ᠪᠣᠯᠬᠤ ᠪᠠᠷ ᠪᠠᠷᠠᠬᠤ ᠦᠭᠡᠢ ᠪᠠᠰᠨ ᠣᠷᠠᠨ ᠵᠣᠭᠢᠶᠠᠯ ᠤᠨ ᠣᠯᠠᠨ ᠰᠲ᠋ᠢᠯᠢ ᠳᠤ ᠣᠡᠴᠭᠠᠢ ᠠᠪᠢᠶᠠᠰ ᠲᠠᠢ ᠵᠣᠭᠢᠶᠠᠯᠴᠢ ᠪᠣᠯᠬᠤ ᠶᠤᠮ᠃ | ᠳᠡᠭᠦᠨ ᠤ ᠮᠣᠩᠭᠤᠯ ᠭᠢᠳᠡᠳ ᠢᠶᠠᠷ ᠪᠢᠴᠢᠭᠰᠡᠨ ᠦᠭᠦᠯᠠᠯᠭᠡ ᠨᠠᠶᠢᠷᠠᠭᠤᠯᠣᠯ ᠨᠢ ᠮᠣᠵᠢ ᠶᠢᠨ ᠲᠣᠳᠣᠨᠡᠭᠢ ᠭᠠᠳᠠᠨᠡᠭᠢ ᠰᠣᠨᠢᠨ ᠰᠡᠳᠭᠦᠯ ᠳᠤ ᠨᠠᠶᠢᠳᠡᠯᠡᠭᠳᠠᠨ ᠣᠷᠠᠨ | ᠪᠦᠳᠣᠭᠡᠯ ᠤᠨ ᠱᠠᠩᠨᠠᠯ ᠭᠦᠭᠢᠭᠦᠯᠣᠯ ᠢ ᠣᠯᠠᠡᠳᠠ ᠭᠦᠷᠳᠡᠵᠣ᠂ ︽ᠠᠯᠠᠭ ᠬᠤᠷᠸ᠎ᠠ︾ ᠭᠡᠭᠦ ᠨᠣᠮ ᠨᠢ 2005 ᠣᠨ ᠳᠤ ᠭᠦᠭᠡᠨᠠᠭᠤᠷ ᠮᠣᠵᠢ ᠶᠢᠨ ᠠᠷᠠᠳ ᠤᠨ | ᠵᠠᠰᠠᠭ ᠤᠨ ᠣᠷᠳᠣᠨ ᠤ ᠲᠠᠪᠣᠳᠣᠭᠠᠷ ᠬᠤᠭᠤᠴᠠᠭᠠᠨ ᠤ ᠣᠳᠬ᠎ᠠ ᠣᠷᠠᠯᠢᠭ ᠤᠨ ᠵᠣᠭᠢᠶᠠᠨ ᠪᠦᠳᠣᠭᠡᠯ ᠤᠨ ᠱᠠᠩᠨᠠᠯ ᠭᠦᠷᠳᠡᠭᠰᠠᠨ ᠪᠠᠶᠢᠪᠠ᠃ ᠡᠨ᠋ᠨᠭᠦ ︽ᠪᠢᠯᠢᠭ ᠤᠨ | ᠭᠡᠭᠡ︾ ᠭᠡᠮᠡᠭᠦ ᠨᠣᠮ ᠨᠢ ᠳᠡᠭᠦᠨ ᠤ ᠣᠷᠠᠨ ᠵᠣᠭᠢᠶᠠᠯ ᠤᠨ ᠬᠤᠶᠠᠳᠡᠭᠢ ᠨᠣᠮ ᠪᠣᠯᠬᠤ ᠶᠤᠮ᠃ ᠯ᠊ · ᠦᠰᠣᠷᠣᠩᠭᠦᠢ ᠭᠤᠸᠠᠢ ᠨᠣᠮ ᠤᠨ ᠡᠮᠣᠨᠡᠭᠢ ᠦᠭᠡ ᠳᠡᠭᠡᠨ᠄ ︽ | ︿ᠪᠢᠯᠢᠭ ᠤᠨ ᠭᠡᠭᠡ﹀ ᠭᠡᠮᠡᠭᠦ ᠣᠷᠠᠨ ᠪᠦᠳᠣᠭᠡᠯ ᠮᠢᠨᠢ ᠣᠡᠭᠰᠢᠬᠴᠢ ᠲᠦᠮᠡᠨ ᠤ ᠭᠡᠭᠡᠨ ᠮᠠᠯᠮᠡᠢ ᠳᠤ ᠲᠣᠯᠢᠳᠠᠭᠳᠠᠬᠤ ᠪᠣᠯᠣᠭᠰᠠᠨ ᠳᠤ ᠵᠢᠷᠣᠭᠡ ᠰᠡᠳᠭᠢᠯ ᠮᠢᠨᠢ ᠦᠪᠡᠷ | ᠤᠨ ᠡᠷᠭᠡ ᠦᠭᠡᠢ ᠲᠣᠭᠳᠣᠯᠣᠨ ᠪᠠᠶᠠᠰᠴᠣ ᠪᠠᠶᠢᠨ᠎ᠠ᠃ ᠡᠷᠳᠠᠮ ᠨᠣᠮ ᠳᠤ ᠰᠢᠳᠣᠨ ᠨᠠᠰᠣᠨ ᠲᠣᠷᠰᠢ ᠮᠣᠩᠭᠢᠨᠠᠵᠣ ᠶᠠᠪᠣᠭᠰᠠᠨ ᠣᠯᠨ ᠮᠦᠷ᠂ ᠠᠮᠢᠳᠣᠷᠠᠯ ᠤᠨ | ᠦᠵᠡᠯᠳᠠ᠂ ᠦᠡᠳᠣᠰᠣᠳᠠᠨ ᠪᠣᠶᠣ ᠡᠭᠡ ᠣᠷᠣᠨ ᠳᠠᠭᠠᠨ ᠭᠡᠮᠡᠭᠦ ᠬᠠᠶᠢᠷ᠎ᠠ ᠰᠡᠳᠭᠢᠯ᠂ ᠭᠦᠮᠣᠨ ᠨᠠᠶᠢᠭᠡᠮ ᠣᠷᠴᠢᠨ ᠠᠬᠤᠢ ᠶᠢᠨ ᠲᠣᠬᠠᠢ ᠪᠣᠳᠣᠯᠭᠠᠰᠢᠷᠠᠯ᠂ | ᠣᠯᠠᠮᠵᠢᠯᠠᠯᠳᠣ ᠰᠣᠶᠣᠯ ᠤᠨ ᠲᠣᠬᠠᠢ ᠬᠠᠮᠠᠭᠠᠯᠠᠯ᠂ ᠭᠦᠮᠣᠨ ᠤ ᠮᠦᠰᠣ ᠴᠢᠨᠠᠷ ᠤᠨ ᠲᠣᠬᠠᠢ ᠡᠷᠭᠢᠮᠯᠠᠯ᠂ ᠡᠯᠢᠭᠡ ᠨᠢᠭᠡᠳᠣ ᠮᠣᠩᠭᠤᠯᠴᠣᠳ ᠤᠨ ᠲᠣᠬᠠᠢ ᠰᠠᠨᠠᠭᠠᠰᠢᠷᠠᠯ᠂ | ᠡᠭᠡ ᠭᠡᠯᠨ ᠮᠣᠩᠭᠤᠯ ᠨᠣᠳᠤᠭ ᠤᠨ ᠲᠣᠬᠠᠢ ᠲᠣᠷᠠᠰᠣᠮᠵᠢ ᠪᠦᠭᠦᠨ ︿ᠪᠢᠯᠢᠭ ᠤᠨ ᠭᠡᠭᠡ﹀ ᠨᠣᠮ ᠤᠨ ᠮᠢᠨᠢ ᠬᠠᠭᠤᠳᠠᠰᠣ ᠨᠢᠭᠤᠷ ᠲᠤ ᠦᠯᠠᠳᠠᠨ᠂ ᠦᠷ᠎ᠠ ᠬᠤᠶᠢᠴᠢᠰ | ᠭᠦᠮᠣᠨ ᠠᠷᠠᠳ ᠲᠤ ᠮᠢᠨᠢ ᠶᠠᠮᠠᠷ ᠨᠢᠭᠡᠨ ᠲᠠᠯ᠎ᠠ ᠪᠠᠷ ᠲᠣᠷᠰᠢᠯᠭ᠎ᠠ ᠰᠣᠷᠭᠠᠮᠵᠢ᠂ ᠠᠮᠵᠢᠯᠳᠠ ᠪᠦᠳᠣᠭᠡᠯ ᠤᠨ ᠵᠣᠷᠢᠭ ᠭᠦᠴᠣᠨ ᠪᠣᠯᠵᠣ᠂ ᠳᠡᠳᠡᠨ ᠤ ᠣᠶᠣᠨ | ᠣᠬᠠᠭᠠᠨ ᠢ ᠰᠣᠶᠣᠨ ᠭᠡᠭᠡᠷᠡᠭᠦᠯᠭᠦ ᠳᠤ ᠭᠦᠷᠪᠠᠰᠣ ᠦᠴᠣᠭᠡᠨ ᠮᠢᠨᠣ ᠭᠦᠰᠠᠯ ᠰᠡᠳᠭᠢᠯ ᠪᠡᠶᠡᠯᠡᠭᠳᠡᠭᠦ ᠨᠢ ᠳᠡᠷᠨ ᠡ︾ ᠭᠡᠮᠡᠨ ᠶᠠᠷᠢᠭᠰᠠᠨ ᠪᠠᠶᠢᠪᠠ᠃ ᠨᠡᠷᠡᠳᠣ | ᠡᠷᠳᠡᠮᠳᠠᠨ᠂ ᠰᠢᠭᠦᠮᠵᠢ ᠶᠢᠨ ᠵᠣᠭᠢᠶᠠᠯᠴᠢ᠂ ᠴ᠊ · ᠵᠢᠷᠭᠠᠯ ᠫᠷᠣᠹᠧᠰᠰᠣᠷ ᠠᠴᠠ ︽ᠯ᠊ · ᠦᠰᠦᠷᠦᠩᠭᠦᠢ ᠵᠤᠭᠢᠶᠠᠨ ᠪᠦᠳᠦᠭᠡᠯᠭᠡ ᠶᠢᠨ ᠵᠠᠮ ᠳᠠᠭᠠᠨ ᠠᠷᠠᠳ ᠤᠨ ᠠᠮᠠᠨ | ᠵᠤᠭᠢᠶᠠᠯ ᠢ ᠴᠤᠭᠯᠠᠭᠤᠯᠵᠤ ᠡᠮᠭᠢᠳᠭᠡᠭᠦ ᠶᠢᠨ ᠳᠠᠭᠠᠤ ᠮᠡᠳᠡᠭᠡ ᠴᠢᠮᠡᠭᠡᠯᠡᠯ᠂ ᠠᠶᠠᠨ ᠤ ᠳᠡᠮᠳᠡᠭᠯᠡᠯ᠂ ᠨᠠᠶᠢᠷᠠᠭᠤᠯᠤᠯ ᠵᠡᠷᠭᠡ ᠤᠯᠠᠨ ᠶᠠᠩᠵᠤ ᠶᠢᠨ ᠰᠲ᠋ᠢᠯᠢ ᠶᠢᠨ ᠤᠷᠠᠨ | ᠵᠤᠭᠢᠶᠠᠯ ᠢ ᠵᠡᠷᠭᠡᠪᠡᠷ ᠪᠢᠴᠢᠵᠣ ᠪᠠᠶᠢᠭᠰᠠᠨ ᠢᠶᠠᠨ ᠶᠠᠪᠣᠨ ᠶᠠᠪᠣᠭᠠᠨ ᠳᠠᠭᠠᠨ ᠦᠭᠦᠯᠠᠯᠭᠡ ᠶᠢᠨ ᠵᠤᠭᠢᠶᠠᠯ ᠢ ᠴᠦ ᠲᠣᠩ ᠰᠠᠶᠢᠬᠠᠨ ᠪᠢᠴᠢᠵᠣ᠂ ᠳᠡᠭᠦᠨ ᠤ ᠵᠣᠭᠢᠶᠠᠯ | ᠪᠦᠳᠣᠭᠡᠯ ᠨᠢ ᠪᠣᠯᠪᠠᠰᠣᠷᠠᠯ ᠴᠠᠭᠠᠷᠠᠯ ᠤᠨ ᠵᠠᠮ ᠳᠠᠭᠠᠨ ᠣᠷᠣᠭᠰᠠᠨ ᠪᠠᠶᠢᠨ᠎ᠠ ᠳᠡᠭᠦᠨ ᠤ ᠶᠡᠬᠡᠩᠭᠢ ᠳᠤᠭᠤᠵᠢᠰ ᠤᠨ ᠵᠤᠭᠢᠶᠠᠯ ᠨᠢ ᠪᠤᠳᠠᠳᠤ ᠠᠮᠢᠳᠤᠷᠠᠯ ᠳᠤ | ᠰᠠᠭᠤᠷᠢᠯᠠᠨ ᠤᠷᠠᠨ ᠰᠠᠨᠠᠭ᠎ᠠ ᠬᠤᠯᠪᠤᠨ ᠪᠤᠳᠤᠯᠳᠠ ᠪᠠᠷ ᠰᠢᠵᠢᠮᠯᠡᠭᠳᠡᠵᠤ ᠦᠨᠳᠦᠰᠦᠳᠡᠨ ᠤ ᠰᠤᠶᠤᠯ ᠢ ᠵᠤᠭᠢᠬᠤ ᠭᠡᠮᠵᠢᠶ᠎ᠡ ᠪᠠᠷ ᠢᠯᠡᠷᠡᠭᠦᠯᠦᠨ᠂ ᠭᠦᠮᠤᠨ ᠤ | ᠳᠤᠳᠤᠭᠠᠳᠤ ᠰᠡᠳᠭᠢᠯᠭᠡ ᠶᠢᠨ ᠵᠠᠩ ᠴᠢᠨᠠᠷ ᠤᠨ ᠤᠷᠠᠨ ᠳᠦᠷᠢ ᠶᠢ ᠠᠮᠵᠢᠯᠳᠠ ᠲᠠᠢ ᠪᠦᠳᠦᠭᠡᠵᠤ᠂ ᠠᠷᠠᠳ ᠤᠨ ᠠᠮᠠᠨ ᠶᠠᠷᠢᠶᠠᠨ ᠤ ᠬᠡᠯᠡ ᠭᠡᠯᠡᠯᠭᠡ ᠶᠢ ᠮᠠᠰᠢ | ᠪᠦᠳᠦᠭᠡᠯᠴᠢ ᠪᠠᠷ ᠭᠡᠷᠡᠭᠯᠡᠨ᠂ ᠨᠡᠶᠢᠭᠡᠮᠣᠨ ᠡᠷᠢᠶᠠᠨ ᠪᠠᠷᠠᠭᠠᠨ᠂ ᠭᠦᠮᠤᠨ ᠤ ᠠᠮᠢᠳᠤᠷᠠᠯ ᠤᠨ ᠮᠠᠭᠤ ᠮᠠᠭᠤᠬᠠᠢ ᠵᠦᠢᠯ ᠢ ᠢᠯᠡᠴᠢᠯᠡᠨ ᠳᠠᠰᠢᠭᠤᠷᠳᠠᠵᠤ᠂ ᠰᠠᠷᠠᠭᠤᠯ | ᠭᠡᠭᠡᠨ ᠢᠶᠠᠷ ᠭᠦᠮᠤᠨ ᠠᠷᠠᠳ ᠢᠶᠠᠨ ᠰᠤᠶᠤᠬᠤ ᠶᠢ ᠭᠦᠰᠡᠮᠵᠢᠯᠡᠭᠰᠠᠨ ᠪᠠᠶᠢᠳᠠᠭ ᠶᠤᠮ᠃ ᠶᠡᠷᠣᠩᠭᠡᠶᠢᠯᠠᠪᠠᠯ᠂ ᠯ᠊ · ᠦᠰᠦᠷᠦᠩᠭᠦᠢ ᠶᠢᠨ ᠦᠭᠦᠯᠠᠯᠭᠡ ᠶᠢᠨ ᠵᠣᠭᠢᠶᠠᠯ ᠤᠨ | ᠪᠠᠭᠳᠠᠭᠠᠮᠵᠢ ᠨᠢ ᠦᠷᠭᠡᠨ ᠳᠡᠯᠭᠡᠷ᠂ ᠭᠦᠮᠣᠨ ᠨᠠᠶᠢᠭᠡᠮ ᠤᠨ ᠠᠬᠤᠢ ᠠᠮᠢᠳᠣᠷᠠᠯ ᠢ ᠣᠷᠠᠯᠢᠭ ᠢᠯᠡᠷᠡᠭᠦᠯᠵᠣ᠂ ᠡᠭᠡ ᠣᠷᠣᠨ ᠦᠡᠳᠣᠰᠣᠳᠠᠨ ᠤ ᠦᠡᠭᠭᠡᠷᠡᠭᠰᠠᠨ᠂ ᠣᠳᠣ | ᠂ ᠢᠷᠡᠭᠡᠳᠣᠢ ᠶᠢᠨ ᠲᠣᠬᠠᠢ ᠭᠦᠨ ᠲᠣᠩᠭᠠᠨ᠂ ᠭᠦᠮᠣᠨ ᠤ ᠮᠦᠰᠣ ᠴᠢᠨᠠᠷ᠂ ᠨᠠᠶᠢᠭᠡᠮ ᠤᠨ ᠡᠶ᠎ᠡ ᠵᠣᠭᠢᠴᠠᠯ ᠢ ᠡᠷᠭᠢᠮᠯᠠᠨ᠂ ᠡᠩ ᠳᠡᠯᠡᠭᠡᠢ ᠡᠭᠡ ᠪᠠᠶᠢᠭᠠᠯᠢ ᠡᠯᠢᠭᠡ | ᠪᠦᠳᠣᠨ᠂ ᠭᠦᠮᠣᠨ ᠠᠷᠠᠳ ᠡᠩᠭᠡ ᠳᠠᠶᠢᠪᠤᠡᠭ ᠠᠵᠨ ᠵᠢᠷᠭᠠᠯ ᠲᠠᠢ ᠪᠠᠶᠢᠬᠤ ᠶᠢ ᠦᠨᠢᠳᠠ ᠭᠦᠰᠠᠮᠵᠢᠯᠡᠭᠰᠠᠨ ᠪᠠᠶᠢᠳᠠᠭ ᠶᠤᠮ︾ ᠭᠡᠮᠡᠨ ᠦᠨᠡᠯᠡᠭᠰᠠᠨ ᠪᠠᠶᠢᠪᠠ᠃ ᠨᠢᠭᠡᠨ | ᠵᠣᠭᠢᠶᠠᠯᠴᠢ ᠭᠦᠮᠣᠨ ᠤ ᠬᠤᠪᠢ ᠳᠤ ᠦᠪᠡᠷ ᠤᠨ ᠵᠣᠭᠢᠶᠠᠯ ᠪᠦᠳᠣᠭᠡᠯ ᠢᠶᠠᠷ ᠢᠶᠠᠨ ᠭᠦᠮᠣᠨ ᠨᠡᠶᠢᠭᠡᠮ ᠢ ᠭᠡᠭᠡᠷᠡᠭᠦᠯᠵᠣ ᠶᠠᠪᠣᠬᠤ ᠨᠢ ᠲᠣᠩ ᠴᠦ ᠡᠷᠭᠢᠮ ᠶᠤᠮ᠃ | | ᠡᠷᠳᠡᠮᠳᠠᠨ ᠵᠣᠭᠢᠶᠠᠯᠴᠢ ᠯ᠊ · ᠦᠰᠣᠷᠣᠩᠭᠦᠢ ᠪᠠᠭᠰᠢᠳᠠᠨ᠂ 1991ᠣᠨ ᠳᠤ ᠪᠦᠭᠦ ᠣᠯᠣᠰ ᠤᠨ ᠣᠳᠬ᠎ᠠ ᠣᠷᠠᠯᠢᠭ ᠤᠨ ᠭᠤᠣᠯᠳᠠᠯᠭᠠᠲᠤ ᠰᠣᠳᠣᠯᠭᠠᠨ ᠤ | ᠲᠦᠷᠣᠯ ᠤᠨ ᠠᠷᠠᠳ ᠤᠨ ᠠᠮᠠᠨ ᠵᠣᠭᠢᠶᠠᠯ ᠤᠨ ᠡᠮᠭᠢᠳᠭᠡᠯ ᠤᠨ ᠠᠵᠢᠯ ᠳᠤ ᠤᠨᠴᠠᠭᠠᠢ ᠭᠢᠷᠢ ᠪᠦᠳᠣᠮᠵᠢ ᠭᠠᠷᠭᠠᠭᠰᠠᠨ ᠢᠶᠠᠷ ᠪᠦᠭᠦ ᠣᠯᠣᠰ ᠤᠨ ᠳᠡᠷᠢᠭᠦᠨ ᠤ | ᠠᠵᠢᠯᠳᠠᠨ ᠢᠶᠠᠷ ᠰᠤᠩᠭᠤᠭᠳᠠᠵᠡᠢ᠃ 1999 ᠣᠨ ᠳᠤ ᠳᠡᠳ᠋ ᠰᠣᠳᠣᠯᠣᠭᠴᠢ ᠶᠢᠨ ᠠᠵᠢᠯ ᠮᠡᠷᠭᠡᠵᠢᠯ ᠤᠨ ᠴᠣᠯᠨ ᠭᠦᠷᠳᠡᠵᠣ᠂ 2004 ᠣᠨ ᠳᠤ ᠰᠣᠳᠣᠯᠣᠭᠴᠢ | ᠶᠢᠨ ᠠᠵᠢᠯ ᠮᠡᠷᠭᠡᠵᠢᠯ ᠤᠨ ᠴᠣᠯᠨ ᠭᠦᠷᠳᠡᠪᠠ᠃ 2008 ᠣᠨ ᠳᠤ ᠦᠪᠣᠷ ᠮᠣᠩᠭᠤᠯ ᠤᠨ ᠨᠠᠢᠮᠡᠨ ᠮᠣᠵᠢ ᠣᠷᠣᠨ ᠤ ︽ᠨᠠᠷᠠᠳᠣ ᠡᠷᠳᠡᠮᠳᠠᠨ︾ ᠤ ᠴᠣᠯᠨ | ᠬᠦᠷᠲᠡᠵᠤ᠂ 2010 ᠣᠨ ᠳᠤ ᠭᠦᠭᠡᠨᠠᠭᠤᠷ ᠮᠣᠵᠢ ᠶᠢᠨ ᠬᠠᠶᠢᠰᠢ ᠵᠸᠣ ᠶᠢᠨ ᠨᠠᠮ ᠤᠨ ᠬᠤᠷᠢᠶ᠎ᠠ᠂ ᠠᠷᠠᠳ ᠤᠨ ᠵᠠᠰᠠᠭ ᠤᠨ ᠣᠷᠳᠣᠨ ᠤ ︽ᠬᠠᠶᠢᠰᠢ ᠵᠸᠣ ᠶᠢᠨ | ᠤᠨᠴᠠᠭᠠᠢ ᠬᠤᠪᠢ ᠨᠠᠮᠠᠷᠢ ᠦᠵᠡᠭᠦᠯᠦᠭᠰᠠᠨ ᠰᠢᠯᠢᠳᠡᠭ ᠡᠷᠳᠡᠮᠳᠠᠨ︾ ᠤ ᠴᠣᠯᠨ ᠬᠦᠷᠲᠡᠵᠡᠢ᠃ 2012 ᠣᠨ ᠳᠤ ᠭᠦᠭᠡᠨᠠᠭᠤᠷ ᠮᠣᠵᠢ ᠶᠢᠨ ᠠᠷᠠᠳ ᠤᠨ ᠵᠠᠰᠠᠭ ᠤᠨ | ᠣᠷᠳᠣᠨ ᠤ ︽ᠭᠦᠭᠡᠨᠠᠭᠤᠷ ᠮᠣᠵᠢ ᠶᠢᠨ ᠰᠢᠯᠢᠳᠡᠭ ᠡᠷᠳᠡᠮᠳᠠᠨ︾ ᠢᠶᠠᠷ ᠴᠣᠯᠠᠯᠠᠭᠳᠠᠵᠤ᠂ 2014 ᠣᠨ ᠳᠤ ᠭᠦᠭᠡᠨᠠᠭᠤᠷ ᠮᠣᠵᠢ ᠶᠢᠨ ᠬᠠᠶᠢᠰᠢ ᠵᠸᠣ ᠶᠢᠨ ᠨᠠᠮ ᠤᠨ | ᠬᠤᠷᠢᠶ᠎ᠠ᠂ ᠠᠷᠠᠳ ᠤᠨ ᠵᠠᠰᠠᠭ ᠤᠨ ᠣᠷᠳᠣᠨ ᠤ ︽ᠬᠠᠶᠢᠰᠢ ᠵᠸᠣ ᠪᠠᠶᠢᠭᠤᠯᠣᠭᠳᠠᠭᠰᠠᠨ 60 ᠵᠢᠯ ᠤᠨ ᠣᠢ ᠳᠤ ᠰᠢᠷᠭᠠᠭᠤ ᠬᠠᠳᠠᠭᠤᠵᠢᠯᠳᠡᠢ ᠪᠠᠷ ᠠᠳᠠᠯ ᠣᠶᠢᠯᠠᠰ | ᠪᠣᠰᠬᠠᠭᠰᠠᠨ ᠳᠡᠷᠢᠭᠦᠨ ᠤ ᠠᠵᠢᠯᠳᠠᠨ︾ ᠢᠶᠠᠷ ᠰᠣᠩᠭᠤᠭᠳᠠᠪᠠ᠃ 2014 ᠣᠨ ᠤ 9 ᠰᠠᠷ᠎ᠠ ᠳᠤ ᠭᠦᠭᠡᠨᠠᠭᠤᠷ ᠮᠣᠵᠢ ᠶᠢᠨ ᠠᠷᠠᠳ ᠤᠨ ᠵᠠᠰᠠᠭ ᠤᠨ ᠣᠷᠳᠣᠨ ᠤ | ︽ᠭᠦᠭᠡᠨᠠᠭᠤᠷ ᠮᠣᠵᠢ ᠶᠢᠨ ᠳᠡᠷᠢᠭᠦᠨ ᠤ ᠠᠵᠢᠯᠳᠠᠨ︾ ᠢᠶᠠᠷ ᠴᠣᠯᠠᠯᠠᠭᠳᠠᠵᠤ᠂ 2014 ᠣᠨ ᠤ 11 ᠰᠠᠷ᠎ᠠ ᠳᠤ ᠦᠪᠣᠷ ᠮᠣᠩᠭᠤᠯ ᠤᠨ ᠨᠠᠢᠮᠡᠨ ᠮᠣᠵᠢ ᠣᠷᠣᠨ ᠤ | ᠭᠦᠭᠡᠨᠠᠭᠤᠷ ᠮᠣᠩᠭᠤᠯᠴᠣᠳ ᠤᠨ ︽ᠰᠣᠶᠣᠯ ᠤᠨ ᠭᠠᠪᠢᠶᠠᠳᠠᠨ︾ ᠢᠶᠠᠷ ᠦᠨᠡᠯᠡᠭᠳᠡᠵᠡᠢ᠃ 2015 ᠣᠨ ᠤ 9 ᠰᠠᠷ᠎ᠠ ᠳᠤ ᠮᠣᠩᠭᠤᠯ ᠦᠡᠳᠣᠰᠣᠳᠠᠨ ᠤ | ᠣᠯᠠᠮᠵᠢᠯᠠᠯᠳᠣ ᠰᠣᠶᠣᠯ ᠢ ᠠᠪᠣᠷᠠᠨ ᠬᠠᠮᠠᠭᠠᠯᠠᠬᠤ ᠣᠶᠢᠯᠠᠰ ᠲᠤ ᠤᠨᠴᠠᠭᠠᠢ ᠬᠤᠪᠢ ᠨᠡᠮᠡᠷᠢ ᠦᠵᠡᠭᠦᠯᠦᠭᠰᠠᠨ ᠣᠴᠢᠷ ᠮᠣᠩᠭᠤᠯ ᠣᠯᠣᠰ ᠤᠨ ︽ᠬᠤᠪᠳᠣ ᠮᠣᠵᠢ ︵ | ᠠᠶᠢᠮᠠᠭ︶ ᠶᠢᠨ ᠭᠠᠪᠢᠶᠠᠨ ᠤ ᠮᠧᠳᠡᠯ︾ ᠭᠦᠷᠳᠠᠪᠠ᠃ 2016 ᠣᠨ ᠤ 12 ᠰᠠᠷ᠎ᠠ ᠶᠢᠨ 30 ᠤ ᠡᠳᠣᠷ ᠪᠦᠭᠦᠳᠠ ᠨᠠᠶᠢᠷᠠᠮᠳᠠᠬᠤ ᠲᠣᠮᠳᠠᠳᠣ ᠠᠷᠠᠳ ᠣᠯᠣᠰ ᠤᠨ | ᠲᠦᠷᠣ ᠶᠢᠨ ᠶᠠᠪᠣᠳᠠᠯ ᠤᠨ ᠬᠤᠷᠢᠶᠠᠨ ᠤ ︽ᠣᠡᠴᠨ ᠨᠦᠭᠦᠪᠦᠷᠢ ᠭᠦᠷᠳᠡᠭᠰᠠᠨ ᠡᠷᠳᠡᠮᠳᠠᠨ︾ ᠢᠶᠠᠷ ᠴᠤᠯᠠᠯᠠᠭᠳᠠᠵᠡᠢ᠃ 2019 ᠣᠨ ᠳᠤ ᠭᠦᠭᠡᠨᠠᠭᠤᠷ ᠮᠣᠵᠢ | ᠶᠢᠨ ᠴᠦᠭᠡᠨ ᠲᠣᠭᠠᠳᠣ ᠦᠡᠳᠣᠰᠣᠳᠠᠨ ᠤ ᠡᠷᠳᠡᠨ ᠤ ᠪᠢᠴᠢᠭ ᠢ ᠬᠠᠮᠠᠭᠠᠯᠠᠭᠰᠠᠨ ᠰᠢᠯᠢᠳᠡᠭ ᠠᠵᠢᠯᠳᠠᠨ ᠤ ᠴᠣᠯᠨ ᠶᠢ ᠭᠦᠷᠳᠡᠵᠣ᠂ 2020 ᠣᠨ ᠳᠤ ᠭᠦᠭᠡᠨᠠᠭᠤᠷ | ᠮᠣᠵᠢ ᠶᠢᠨ ᠦᠡᠳᠣᠰᠣᠳᠠᠨ ᠤ ᠪᠦᠯᠭᠦᠮᠳᠠᠯ ᠤᠨ ᠳᠡᠷᠢᠭᠦᠨ ᠤ ᠠᠵᠢᠯᠳᠠᠨ ᠤ ᠴᠣᠯᠨ ᠶᠢ ᠭᠦᠷᠳᠡᠪᠠ᠃ ᠳᠡᠭᠦᠨ ᠤ ᠵᠣᠭᠢᠶᠠᠯ ᠪᠦᠳᠣᠭᠡᠯ ᠨᠢ ᠣᠯᠣᠰ᠂ ᠰᠣᠶᠣᠯ ᠤᠨ | ᠶᠠᠮᠣᠨ᠂ ᠮᠣᠵᠢ ᠶᠢᠨ ᠳᠡᠰᠤᠨ ᠱᠠᠩᠨᠠᠯ ᠬᠦᠬᠢᠭᠦᠯᠦᠯ ᠢ ᠣᠯᠠᠡᠳᠠ ᠭᠦᠷᠳᠡᠵᠣ᠂ ᠨᠠᠮᠳᠠᠷ ᠨᠢ ︽ᠲᠤᠮᠳᠠᠳᠤ ᠤᠯᠤᠰ ᠤᠨ ᠡᠷᠳᠡᠮᠳᠡᠳ ᠤᠨ ᠲᠤᠯᠢ︾᠂ ︽ᠲᠡᠯᠡᠬᠡᠢ ᠶᠢᠨ | ᠠᠯᠳᠠᠷᠳᠤ ᠬᠦᠮᠦᠰ ᠤᠨ ᠲᠡᠮᠳᠡᠭᠯᠡᠯ︾ ᠵᠡᠷᠭᠡ ᠨᠤᠮ ᠰᠤᠳᠤᠷ ᠲᠤ ᠲᠡᠮᠳᠡᠭᠯᠡᠭᠳᠡᠪᠠ᠃ | ᠲᠡᠷᠠ᠂ ᠤᠳᠤ ᠲᠤᠮᠳᠠᠳᠤ ᠤᠯᠤᠰ ᠤᠨ ᠮᠤᠩᠭᠤᠯ ᠤᠳᠬ᠎ᠠ ᠵᠤᠬᠢᠶᠠᠯ ᠤᠨ ᠰᠢᠨᠵᠢᠯᠡᠭᠡᠨ ᠤ ᠨᠠᠶᠢᠬᠡᠮᠯᠢᠭ ᠤᠨ ᠬᠡᠰᠢᠭᠦᠨ᠂ ᠲᠤᠮᠳᠠᠳᠤ ᠤᠯᠤᠰ ᠤᠨ ᠠᠷᠠᠳ ᠤᠨ | ᠣᠷᠡᠯᠢᠭᠴᠢᠳ ᠤᠨ ᠨᠠᠶᠢᠬᠡᠮᠯᠢᠭ ᠤᠨ ᠬᠡᠰᠢᠭᠦᠨ᠂ ᠬᠦᠬᠡᠨᠠᠭᠤᠷ ᠮᠤᠵᠢ ᠶᠢᠨ ᠠᠷᠠᠳ ᠤᠨ ᠤᠷᠡᠯᠢᠭᠴᠢᠳ ᠤᠨ ᠨᠠᠶᠢᠬᠡᠮᠯᠢᠭ ᠤᠨ ᠬᠡᠷᠡᠭ ᠡᠷᠬᠢᠯᠡᠭᠴᠢ᠂ ᠬᠦᠬᠡᠨᠠᠭᠤᠷ | ᠮᠤᠵᠢ ᠶᠢᠨ ᠠᠷᠠᠳ ᠤᠨ ᠵᠠᠩ ᠣᠶᠢᠯᠨ ᠶᠢᠨ ᠰᠣᠳᠣᠯᠭᠠᠨ ᠤ ᠨᠠᠶᠢᠬᠡᠮᠯᠢᠭ ᠤᠨ ᠬᠡᠷᠡᠭ ᠡᠷᠬᠢᠯᠡᠭᠴᠢ᠂ ᠬᠦᠬᠡᠨᠠᠭᠤᠷ ᠮᠤᠵᠢ ᠶᠢᠨ ᠵᠤᠬᠢᠶᠠᠯᠴᠢᠳ ᠤᠨ ᠨᠡᠶᠢᠬᠡᠮᠯᠢᠭ ᠤᠨ | ᠬᠡᠰᠢᠭᠦᠨ᠂ ᠬᠠᠶᠢᠰᠢ ᠵᠸᠤ ᠶᠢᠨ ᠵᠤᠬᠢᠶᠠᠯᠴᠢᠳ ᠤᠨ ᠨᠠᠶᠢᠬᠡᠮᠯᠢᠭ ᠤᠨ ᠭᠡᠰᠢᠭᠦᠨ᠂ ᠬᠦᠬᠡᠨᠠᠭᠤᠷ ᠮᠤᠵᠢ ᠶᠢᠨ ᠴᠦᠭᠡᠨ ᠲᠣᠭᠠᠳᠣ ᠦᠡᠳᠣᠰᠣᠳᠠᠨ ᠤ ᠡᠷᠳᠡᠨ ᠤ ᠨᠣᠮ | ᠪᠢᠴᠢᠭ ᠭᠢᠨᠠᠨ ᠲᠣᠭᠳᠠᠭᠠᠬᠤ ᠵᠦᠪᠯᠠᠯ ᠤᠨ ᠭᠡᠰᠢᠭᠦᠨ᠂ ᠭᠦᠭᠡᠨᠠᠭᠤᠷ ᠤᠨ ᠦᠡᠳᠣᠰᠣᠳᠠᠨ ᠤ ᠶᠡᠭᠡ ᠰᠣᠷᠭᠠᠭᠤᠯᠢ ᠶᠢᠨ ᠮᠣᠩᠭᠤᠯ ᠰᠣᠶᠣᠯ ᠰᠣᠳᠣᠯᠭᠠᠨ ᠤ ᠲᠦᠪ ᠤᠨ | ᠣᠡᠴᠠ ᠣᠷᠢᠭᠰᠠᠨ ᠰᠣᠳᠣᠯᠣᠭᠴᠢ᠂ ᠬᠦᠬᠡᠨᠠᠭᠤᠷ ᠮᠤᠵᠢ ᠶᠢᠨ ᠠᠷᠠᠳ ᠤᠨ ᠵᠠᠩ ᠣᠶᠢᠯᠨ ᠶᠢᠨ ᠰᠣᠳᠣᠯᠭᠠᠨ ᠤ ᠨᠠᠶᠢᠬᠡᠮᠯᠢᠭ ᠤᠨ ᠬᠠᠶᠢᠰᠢ ᠶᠢᠨ ᠵᠠᠩ ᠣᠶᠢᠯᠨ ᠶᠢᠨ | ᠭᠡᠭᠡᠷ᠎ᠠ ᠶᠢᠨ ᠰᠢᠨᠵᠢᠯᠡᠭᠡᠨ ᠤ ᠰᠠᠭᠤᠷᠢᠨ ᠭᠠᠵᠠᠷ ᠤᠨ ᠡᠷᠭᠢᠯᠡᠭᠴᠢ᠂ ᠳᠡᠭᠡᠳᠣ ᠮᠣᠩᠭᠤᠯ ᠤᠨ ᠰᠣᠶᠣᠯ ᠰᠣᠳᠣᠯᠭᠠᠨ ᠤ ᠨᠠᠶᠢᠬᠡᠮᠯᠢᠭ ᠤᠨ ᠪᠠᠶᠢᠡᠭᠭᠤ ᠶᠢᠨ ᠳᠡᠳ᠋ | ᠳᠠᠷᠤᠭ᠎ᠠ᠂ ᠬᠠᠶᠢᠰᠢ ᠵᠸᠣ ᠶᠢᠨ ᠴᠢᠳᠠᠪᠣᠷᠢᠳᠠᠨ ᠢ ᠳᠠᠭᠠᠭᠤᠯᠤᠭᠴᠢ ᠡᠷᠳᠡᠮᠳᠠᠨ᠂ ᠬᠠᠶᠢᠰᠢ ᠵᠸᠣ ᠶᠢᠨ ︽ᠨᠡᠷᠡᠳᠣ ᠪᠠᠭᠰᠢ᠂ ᠨᠡᠷᠡᠳᠣ ᠡᠮᠴᠢ᠂ ᠨᠡᠷᠡᠳᠣ ᠭᠦᠮᠣᠰ ᠤᠨ | ᠠᠵᠢᠯᠯᠠᠬᠤ ᠦᠷᠣᠭᠡ︾ ᠶᠢᠨ ᠲᠦᠷᠣᠭᠦᠯᠡᠭᠴᠢ ᠪᠠᠷ ᠠᠵᠢᠯᠯᠠᠵᠣ᠂ ᠳᠡᠭᠡᠳᠣ ᠮᠣᠩᠭᠤᠯ ᠤᠨ ᠠᠷᠠᠳ ᠤᠨ ᠠᠮᠠᠨ ᠵᠣᠭᠢᠶᠠᠯ ᠵᠠᠩ ᠰᠣᠶᠣᠯ ᠢ ᠭᠤᠣᠯᠴᠢᠯᠠᠨ ᠰᠣᠳᠣᠯᠵᠣ | ᠪᠠᠶᠢᠨ᠎ᠠ᠃ | ᠠᠳᠠ ᠪᠢᠳᠠ ᠡᠷᠳᠡᠮᠳᠠᠨ ᠵᠣᠭᠢᠶᠠᠯᠴᠢ ᠯ᠊ · ᠦᠰᠣᠷᠣᠩᠭᠦᠢ ᠪᠠᠭᠰᠢᠳᠠᠨ ᠤ ᠪᠠᠨ ︽ᠴᠢᠳᠠᠮᠣᠨᠢ ᠭᠤᠷᠪᠠᠨ︾ ᠨᠣᠮ ᠢ ᠳᠠᠶᠠᠭᠠᠷ ᠣᠯᠠᠨ ᠢᠶᠠᠷ ᠢᠶᠠᠨ ᠮᠢᠯᠢᠶᠠᠯᠠᠨ᠂ | ᠬᠤᠵᠢᠮ ᠬᠤᠶᠢᠰᠢᠳᠠ ᠳᠡᠭᠦᠨ ᠤ ᠣᠶᠣᠨ ᠣᠬᠠᠭᠠᠨ ᠠᠴᠠ ᠨᠡᠩ ᠠᠷᠪᠢᠨ ᠵᠣᠭᠢᠶᠠᠯ ᠪᠦᠳᠣᠭᠡᠯ ᠮᠡᠡᠳᠣᠯᠠᠨᠠ ᠭᠡᠳᠡᠭ ᠲᠤ ᠢᠳᠡᠭᠡᠯ ᠲᠥᠬᠦᠷᠡᠩ ᠪᠠᠶᠢᠨ᠎ᠠ᠃ | ᠨᠣᠮ ᠤᠨ ᠴᠠᠭᠠᠨ ᠪᠣᠶᠠᠨ ᠳᠡᠯᠭᠡᠷᠡᠭᠦ ᠪᠣᠯᠳᠣᠭᠠᠢ︖ | | | | | | | | | | | | | | | |