ᠲᠠᠰᠢᠭᠤ ᠭᠠᠵᠠᠷ ᠰᠡᠬᠦᠳᠡᠷ ᠲᠠᠰᠤᠷᠠᠬᠤ ᠦᠭᠡᠢ᠂ ᠲᠠᠪᠢ ᠭᠠᠷᠤᠭᠰᠠᠨ ᠬᠦᠮᠦᠨ ᠳᠤ ᠮᠦᠷᠦᠭᠡᠳᠦᠯ ᠲᠠᠰᠤᠷᠠᠬᠤ ᠦᠭᠡᠢ ᠭᠡᠵᠤ ᠦᠨᠡᠨ ᠪᠢᠯᠢᠤ ᠳ᠋ᠠ᠃ | ᠲᠡᠷᠭᠡᠯ ᠰᠠᠷᠠᠨ ᠵᠡᠬᠦᠨ ᠬᠦᠳᠦᠯ ᠲᠡᠭᠡᠬᠦᠷ ᠠᠯᠭᠤᠷᠬᠠᠨ ᠮᠠᠨᠳᠤᠪᠠ᠃ ᠰᠠᠷᠨ ᠲᠡᠷᠭᠡᠯᠰᠢᠵᠦ ᠬᠠᠪᠢᠷᠭᠠᠯᠠᠬᠤ ᠨᠢ ᠤᠳᠤᠨ ᠤᠷᠤᠨ ᠤ ᠵᠦᠢ ᠭᠡᠳᠡᠭ ᠪᠤᠯᠪᠠᠴᠤ | ᠰᠠᠷᠠᠨ ᠳᠤ ᠲᠡᠩᠳᠡᠬᠦᠤ ᠬᠠᠶᠢᠷᠠᠳᠠᠢ ᠪᠠᠶᠢᠳᠠᠭ ᠡᠵᠢ ᠶᠢᠨ ᠢᠶᠠᠨ ᠰᠡᠳᠬᠢᠯᠭᠡ ᠶᠢ ᠮᠦᠷᠳᠡᠬᠦ ᠭᠡᠵᠤ ᠠᠬᠢᠪᠠᠯ᠂ ᠨᠠᠳᠠ ᠳᠤ ᠨᠡᠷ᠎ᠡ ᠦᠭᠳᠡᠭ ᠬᠦᠨ ᠰᠠᠨᠠᠭ᠎ᠠ ᠶᠢ ᠨᠢ | ᠤᠶᠢᠯᠠᠭᠠᠬᠤ ᠪᠠᠷ ᠦᠨᠤ ᠦᠳᠡᠰᠢ ᠶᠢᠨ ᠰᠠᠷᠨ ᠶᠢ ᠪᠦᠬᠦᠯᠢ ᠬᠤᠶᠠᠷ ᠴᠠᠭ ᠬᠦᠯᠢᠶᠡᠪᠡ᠃ ᠰᠠᠷᠨ ᠲᠦᠪ ᠲᠦᠬᠦᠷᠢᠭ᠂ ᠨᠡᠭᠡᠷᠡᠨ ᠡᠵᠢ ᠶᠢᠨ ᠮᠢᠨᠢ ᠶᠠᠷᠢᠳᠠᠭ ᠦᠯᠢᠭᠡᠷ | ᠰᠢᠭ ᠲᠤᠳᠤᠷ᠎ᠠ ᠨᠢ ᠨᠠᠷᠠᠰᠤᠨ ᠮᠤᠳᠣ᠂ ᠴᠠᠩ ᠡᠧ ᠲᠠᠬᠢᠨᠢ᠂ ᠴᠠᠭᠠᠨ ᠲᠠᠤᠯᠠᠢ ᠪᠠᠶᠢᠬᠤ ᠴᠦ ᠶᠤᠮ ᠤᠤ ᠳ᠋ᠠ⁈ ᠰᠡᠷᠢᠬᠦᠨ ᠰᠠᠯᠬᠢ ᠰᠡᠷᠴᠢᠬᠢᠨᠡᠵᠦ ᠰᠡᠪᠡᠯᠭᠡ ᠮᠢᠨᠢ | ᠭᠡᠶᠢᠰᠴᠤ ᠲᠤᠳᠤᠷ᠎ᠠ ᠲᠤᠩ ᠴᠦ ᠤᠶᠢᠳᠬᠠᠷᠳᠠᠢ ᠰᠠᠨᠠᠭᠳᠠᠨ᠎ᠠ᠃ | ︽ᠪᠠᠰᠠ ᠨᠢᠭᠡᠨ ᠨᠠᠮᠦᠷ ᠪᠤᠯᠴᠢᠬᠠᠬᠤ ᠨᠢ ᠡ ᠡᠵᠢ ᠡ︾ ᠭᠡᠵᠤ ᠭᠠᠭᠴᠠᠭᠠᠷ ᠲᠦᠳᠦᠨᠡᠬᠦ ᠳᠤ ᠬᠠᠯᠠᠭᠤᠨ ᠨᠢᠯᠪᠤᠰᠤ ᠬᠠᠴᠠᠷ ᠢ ᠲᠠᠭᠠᠨ ᠣᠷᠣᠰᠴᠡᠢ᠃ ᠦᠷ᠎ᠡ | ᠭᠡᠤᠭᠡᠳ ᠤᠨ ᠢᠶᠠᠨ ᠲᠦᠯᠦᠭᠡ ᠢᠯᠡᠬᠦᠤ ᠰᠠᠨᠠᠭᠠᠰᠢᠷᠠᠬᠤ ᠪᠠᠷ ᠡᠵᠢ ᠶᠢᠨ ᠢᠶᠠᠨ ᠠᠴᠢ ᠶᠢ ᠤᠯᠠᠮ ᠢᠶᠠᠷ ᠮᠡᠳᠡᠷᠡᠵᠦ ᠰᠠᠨᠠᠬᠤ ᠪᠤᠯᠵᠠᠢ᠃ ᠠᠢ᠂ ᠰᠠᠨᠠᠬᠤ ᠦᠶ᠎ᠡ ᠳᠤ | ᠬᠠᠶᠢᠷ᠎ᠠ ᠶᠢᠨ ᠠᠮᠳᠠ ᠶᠢ ᠤᠬᠠᠵᠦ᠂ ᠰᠠᠯᠬᠤ ᠡᠷᠡᠨ ᠳᠤ ᠡᠩᠰᠡᠷᠡᠯ ᠤᠨ ᠭᠡᠴᠡᠬᠦᠤ ᠶᠢ ᠠᠮᠰᠠᠳᠠᠭ ᠪᠠᠶᠢᠵᠠᠢ᠃ ᠡᠵᠢ ᠮᠢᠨᠢ ᠪᠠᠶᠢᠭᠰᠠᠨ ᠪᠤᠯ ᠳ᠋ᠠ ᠁ | ᠡᠵᠢ ᠶᠢᠨ ᠢᠶᠠᠨ ᠲᠤᠬᠠᠢ ᠶᠠᠭᠤᠮ᠎ᠠ ᠪᠢᠴᠢᠬᠦ ᠶᠤᠮ ᠰᠠᠨ ᠭᠡᠵᠤ ᠤᠯᠠᠨ ᠤᠳᠠᠭ᠎ᠠ ᠪᠤᠳᠤᠭᠰᠠᠨ ᠴᠦ ᠶᠠᠭᠠᠬᠢᠵᠦ ᠡᠬᠢᠯᠡᠬᠦ ᠪᠠᠨ ᠮᠡᠳᠡᠭᠡ ᠦᠭᠡᠢ ᠶᠠᠪᠤᠭᠰᠠᠭᠠᠷ | ᠭᠡᠨᠡᠳᠳᠡ ᠨᠢᠭᠡ ᠭᠤᠶᠤ ᠭᠠᠷᠴᠠᠭ ᠤᠶᠤᠨ ᠪᠤᠳᠤᠯ ᠳᠤ ᠬᠢᠯᠠᠰᠬᠢᠨ ᠬᠠᠷᠪᠤᠬᠤ ᠪᠠᠷ ᠦᠪᠡᠷ ᠤᠨ ᠡᠷᠭᠡ ᠦᠭᠡᠢ ᠪᠢᠷ ᠢᠶᠠᠨ ᠪᠠᠷᠢᠯ᠎ᠠ᠃ ᠮᠢᠨᠤ ᠡᠵᠢ ᠬᠤᠷᠢᠨ | ᠨᠠᠰᠤᠳᠠᠢ ᠳᠠᠭᠠᠨ ᠠᠪᠤ ᠳᠤ ᠮᠤᠷᠳᠠᠵᠦ ᠢᠷᠡᠪᠡ᠃ ᠠᠪᠤ ᠠᠵᠢᠯ ᠠᠯᠪᠠ ᠲᠠᠢ ᠪᠤᠯᠬᠤᠷ ᠪᠠᠶᠢᠭᠤᠯᠭ᠎ᠠ ᠳᠠᠭᠠᠨ ᠶᠠᠪᠤᠴᠢᠬᠠᠳᠠᠭ᠃ ᠡᠵᠢ᠂ ᠬᠤᠯᠠᠳᠠᠭᠠᠳ ᠤᠳᠠᠭ᠎ᠠ ᠦᠭᠡᠢ | ᠨᠤᠳᠤᠭ ᠤᠰᠤᠨ ᠶᠤᠮ ᠪᠢᠯᠨ᠂ ᠰᠠᠳᠤᠨ ᠲᠦᠷᠦᠯ ᠢᠶᠠᠨ ᠡᠷᠢᠬᠦ ᠦᠭᠡᠢ ᠶᠠᠭᠠᠬᠢᠨ᠎ᠠ᠃ ᠬᠤᠩᠭᠤᠷ ᠵᠠᠶᠠᠭᠠᠨ ᠤ ᠪᠦᠰᠡᠬᠦᠢ᠂ ᠬᠤᠷᠢᠮᠯᠠᠭᠠᠳ ᠤᠳᠠᠭ᠎ᠠ ᠦᠭᠡᠢ ᠬᠠᠨᠢ | ᠶᠤᠮ ᠪᠢᠯᠨ ᠰᠠᠶᠢᠬᠠᠨ ᠨᠦᠬᠦᠷ ᠢᠶᠠᠨ ᠪᠤᠳᠤᠬᠤ ᠦᠭᠡᠢ ᠶᠠᠭᠠᠬᠢᠨ᠎ᠠ᠃ ᠡᠵᠢ ᠤᠶᠢᠳᠬᠤ ᠳᠠᠭᠠᠨ ᠰᠠᠷ᠎ᠠ ᠶᠢ ᠬᠠᠷᠠᠳᠠᠭ᠃ ᠲᠡᠷᠨ ᠨᠢ ᠶᠠᠭ ᠯᠨ ᠲᠦᠷᠦᠭᠰᠡᠨ ᠨᠤᠳᠤᠭ | ᠤᠯᠠᠭᠠᠨᠰᠦ᠋ᠮᠡ ᠶᠢᠨ ᠬᠢᠨᠢ ᠲᠡᠨᠳᠡ ᠠᠴᠠ ᠮᠠᠨᠳᠤᠳᠠᠭ ᠰᠢᠭ᠋ ᠰᠠᠨᠠᠭᠳᠠᠨ᠎ᠠ᠃ ᠰᠠᠨᠠᠬᠤ ᠶᠢᠨ ᠤᠯᠠᠮ ᠳᠤ ᠤᠬᠢᠯᠠᠳᠠᠭ ᠴᠦ ᠮᠦᠷᠦᠭᠡᠳᠬᠦ ᠶᠢᠨ ᠵᠡᠷᠭᠡ ᠳᠤ ᠰᠠᠶᠢᠨ ᠤ | ᠰᠤᠪᠢᠩ ᠶᠡᠷᠦ ᠲᠠᠰᠤᠷᠠᠭ᠎ᠠ ᠦᠭᠡᠢ᠃ ᠰᠠᠷᠨ ᠲᠡᠶᠢᠮᠤ ᠯᠨ ᠲᠦᠬᠦᠷᠢᠭ᠂ ᠲᠡᠶᠢᠮᠤ ᠯᠨ ᠰᠠᠷᠠᠭᠤᠯᠬᠠᠨ᠂ ᠰᠡᠬᠦᠯᠡᠷ ᠭᠡᠤᠭᠡᠨ ᠲᠠᠢ ᠪᠤᠯᠪᠠᠯ ︽ᠰᠠᠷᠠᠩᠭᠤᠸ᠎ᠠ︾ ᠭᠡᠵᠤ | ᠨᠡᠷ᠎ᠡ ᠦᠭᠬᠦ ᠶᠢ ᠰᠡᠳᠬᠢᠬᠦ ᠳᠤᠨᠢ ᠲᠤᠳᠤᠷ᠎ᠠ ᠨᠢ ᠲᠤᠭᠳᠤᠯᠵᠦ᠂ ᠴᠢᠷᠠᠢ ᠨᠢ ᠤᠯᠠᠪᠠᠯᠵᠠᠵᠦ᠂ ᠭᠡᠤᠭᠡᠳ ᠤᠨ ᠤᠬᠢᠯᠠᠬᠤ ᠲᠠᠭᠤᠨ ᠰᠤᠨᠤᠰᠳᠠᠭ᠎ᠠ ᠶᠤᠮ ᠰᠢᠭ᠋ | ᠪᠠᠶᠠᠰᠬᠤᠯᠠᠩ ᠲᠦᠷᠦᠨ᠎ᠡ ᠭᠡᠵᠢ᠃ ᠬᠠᠶᠢᠷ᠎ᠠ ᠭᠡᠳᠡᠭ ᠬᠦᠯᠢᠶᠡᠬᠦ ᠳᠤ ᠬᠦᠵᠢ ᠶᠢᠨ ᠤᠳᠤᠭ᠎ᠠ ᠰᠢᠭ᠋ ᠤᠳᠠᠭᠠᠨ ᠴᠦ ᠬᠦᠰᠡᠬᠦ ᠳᠤ ᠬᠦᠯᠦᠭ ᠤᠨ ᠬᠤᠷᠳᠤ ᠰᠢᠭ᠋ ᠲᠦᠷᠭᠡᠨ | ᠢᠷᠡᠳᠡᠭ ᠶᠤᠮ ᠪᠠᠶᠢᠵᠠᠢ᠃ ᠡᠵᠢ ᠠᠬ᠎ᠠ ᠶᠢᠨ ᠲᠠᠷᠠᠭ᠎ᠠ ᠨᠠᠮ᠎ᠠ ᠶᠢ ᠬᠦᠡᠭᠭᠡᠵᠢᠭᠡᠳ ᠵᠤᠷᠢᠯᠭ᠎ᠠ ᠪᠠᠨ ᠪᠠᠶᠡᠯᠡᠬᠦᠯᠪᠡ᠃ ᠨᠡᠷ᠎ᠡ ᠪᠤᠯ ᠨᠡᠷ᠎ᠡ ᠯᠨ ᠰᠢᠳᠡ ᠶᠠᠭᠤᠨ ᠳᠤ | ᠲᠡᠭᠡᠳᠡᠯ᠎ᠡ ᠪᠠᠶᠠᠷᠯᠠᠳᠠᠭ ᠶᠤᠮ ᠳ᠋ᠠ ᠡᠵᠢ ᠮᠢᠨᠢ᠃ | ᠪᠢ ᠦᠨᠳᠦᠷ ᠲᠤᠮᠳᠠᠳᠤ ᠪᠠᠨ ᠲᠡᠬᠦᠰᠭᠡᠭᠡᠳ ᠤᠶᠤᠳᠠᠨ ᠤ ᠡᠩᠨᠡᠭᠡ ᠠᠴᠠ ᠬᠤᠴᠤᠷᠴᠤ ᠭᠤᠨᠢᠬᠤ ᠳᠠᠭᠠᠨ ᠰᠡᠳᠬᠢᠯ ᠢᠶᠠᠨ ᠠᠷᠭᠠᠳᠠᠵᠦ ᠵᠢᠭᠠᠯ ᠵᠤᠭᠤᠯ ᠰᠤᠨᠢᠨ | ᠮᠡᠳᠡᠭᠡ᠂ ᠬᠢᠯᠪᠡᠭᠡᠨ ᠦᠬᠦᠯᠡᠯᠭᠡ ᠭᠡᠵᠤ ᠠᠪᠠᠷ ᠲᠠᠪᠠᠷ ᠶᠠᠭᠤᠮ᠎ᠠ ᠪᠢᠴᠢᠵᠦ ᠰᠠᠭᠤᠬᠤ ᠳᠤ ᠡᠵᠢ ᠮᠢᠨᠢ ᠬᠠᠵᠠᠭᠤ ᠠᠴᠠ ᠬᠠᠷᠠᠴᠢᠬᠠᠭᠠᠳ᠄ ︽ᠮᠢᠨᠤ ᠦᠬᠢᠨ | ᠨᠠᠭᠠᠴᠤ ᠪᠠᠨ ᠲᠠᠭᠤᠷᠢᠶᠠᠴᠢᠬᠠᠵᠠᠢ᠂ ᠬᠤᠶᠠᠳᠤᠭᠠᠷ ᠨᠠᠭᠠᠴᠤ ᠴᠢᠨᠢ ᠶᠡᠭᠡ ᠭᠡᠯᠡᠮᠦᠷᠴᠢ ᠠᠮᠠᠨ ᠪᠡᠯᠡᠭ ᠲᠠᠢ ᠬᠦᠮᠦᠨ ᠪᠠᠶᠢᠭᠰᠠᠨ᠂ ᠰᠡᠬᠦᠯᠡᠷ ᠮᠢᠨᠤ ᠦᠬᠢᠨ ᠵᠤᠬᠢᠶᠠᠯᠴᠢ | ᠪᠤᠯᠪᠠᠯ ᠡᠵᠢ ᠶᠢᠨ ᠢᠶᠠᠨ ᠴᠢᠮᠠᠳᠤ ᠨᠡᠷ᠎ᠡ ᠦᠭᠬᠦᠭᠰᠡᠨ ᠰᠠᠨᠠᠭ᠎ᠠ ᠶᠢ ᠰᠠᠶᠢᠬᠠᠨ ᠪᠢᠴᠢ ᠡ︾ ᠭᠡᠪᠡ᠃ | — ᠵᠤᠬᠢᠶᠠᠯᠴᠢ ᠪᠤᠯᠤᠨ᠎ᠡ ᠭᠡᠨ᠎ᠡ ᠡ︖ ᠭᠡᠳᠦᠢ ᠶᠡᠭᠡ ᠰᠠᠨᠠᠭ᠎ᠠ ᠲᠠᠢ ᠪᠤᠢ︖ ᠪᠢ ᠡᠵᠢ ᠪᠠᠨ ᠬᠠᠷᠠᠭᠠᠳ ᠫᠦᠰᠬᠢᠳᠠᠯᠠ ᠢᠨᠢᠶᠡᠪᠡ᠃ ᠮᠢᠨᠤ ᠨᠡᠷ᠎ᠡ | ᠲᠡᠶᠢᠮᠤ ᠰᠠᠶᠢᠬᠠᠨ ᠤᠤ︖ ᠪᠢ ᠡᠵᠢ ᠠᠴᠠ ᠵᠤᠷᠢᠭᠤᠳᠠ ᠠᠰᠠᠭᠤᠵᠦ ᠤᠷᠮ᠎ᠠ ᠶᠢ ᠨᠢ ᠬᠦᠭᠵᠢᠭᠡᠪᠡ᠃ ︽ᠰᠠᠷᠠᠨ ᠤ ᠭᠡᠷᠡᠯ ᠰᠦᠨᠢ ᠶᠢᠨ ᠳ᠋ᠧᠩ᠂ ᠰᠠᠶᠢᠬᠠᠨ ᠦᠷ᠎ᠡ | ᠬᠦᠮᠦᠨ ᠤ ᠳ᠋ᠧᠩ︾ ᠭᠡᠵᠤ ᠡᠵᠢ ᠮᠢᠨᠢ ᠰᠢᠯᠤᠭᠤᠬᠠᠨ ᠶᠠᠷᠢᠵᠦ ᠭᠠᠷᠬᠤ ᠳᠤ ᠠᠪᠤ ᠴᠦ ᠲᠡᠮᠵᠢᠵᠦ ᠡᠷᠡᠭᠡᠢ ᠬᠤᠷᠤᠭᠤ ᠭᠠᠷᠭᠠᠪᠠ᠃ ᠭᠡᠷ ᠲᠤ ᠨᠢᠭᠡ ᠬᠤᠷᠤᠮ ᠪᠠᠶᠠᠷ | ᠪᠠᠭ᠋ᠠᠳᠤᠯ ᠢᠶᠠᠷ ᠪᠢᠯᠬᠠᠪᠠ᠃ | ᠠᠯᠳᠠ ᠪᠠᠷ ᠰᠤᠯᠢᠰᠢ ᠦᠭᠡᠢ ᠴᠠᠭ ᠮᠦᠴᠨ ᠪᠤᠯ ᠠᠪᠤ ᠡᠵᠢ ᠲᠠᠢ ᠪᠠᠨ ᠪᠠᠶᠢᠭᠰᠠᠨ ᠡᠷᠡᠨ ᠬᠡᠳᠡᠭ ᠢ ᠤᠬᠠᠭᠠᠷᠠᠵᠦ ᠠᠮᠢᠳᠣᠷᠠᠬᠤ ᠬᠤᠷᠸ᠎ᠠ ᠶᠢᠨ ᠬᠠᠮᠤᠭ | ᠠᠩᠬᠠᠨ ᠤ ᠠᠭᠤᠯᠭ᠎ᠠ ᠠᠴᠠ ᠯᠨ ᠤᠩᠰᠢᠬᠤ ᠶᠤᠮ ᠳ᠋ᠠ᠃ ᠦᠷ᠎ᠡ ᠪᠠᠨ ᠰᠠᠨᠠᠬᠤ ᠪᠠᠷ ᠠᠯᠵᠢᠶᠠᠯ ᠨᠢ ᠲᠠᠶᠢᠯᠤᠭᠳᠠᠵᠦ᠂ ᠦᠭᠡᠳᠡ ᠶᠢ ᠨᠢ ᠬᠦᠰᠡᠬᠦ ᠪᠠᠷ ᠴᠢᠯᠡᠭᠡ ᠨᠢ | ᠮᠠᠷᠳᠠᠭᠳᠠᠳᠠᠭ ᠢ ᠡᠵᠢ ᠬᠦᠮᠦᠨ ᠭᠡᠳᠡᠭ ᠪᠢᠵᠨ⁈ ᠮᠢᠨᠤ ᠡᠵᠢ ᠭᠡᠵᠤ ᠲᠤᠮᠳᠠ ᠶᠢᠨ ᠪᠡᠶ᠎ᠡ ᠲᠠᠢ᠂ ᠲᠤᠩ ᠭᠤᠪᠠᠶᠢᠬᠠᠨ ᠬᠦᠮᠦᠨ ᠪᠠᠶᠢᠭᠰᠠᠨ᠃ ᠨᠤᠭᠤᠭᠠᠨ ᠲᠠᠯ᠎ᠠ ᠪᠠᠷ | ᠠᠶᠠᠯᠠᠬᠤ ᠳᠤ ᠴᠡᠴᠡᠭ ᠠᠴᠠ ᠤᠨᠳᠤᠤ ᠰᠠᠶᠢᠬᠠᠨ ᠦᠩᠭᠡ ᠬᠠᠮᠢᠭ᠎ᠠ ᠪᠠᠶᠢᠬᠤᠪ᠂ ᠨᠡᠷᠡᠳᠤ ᠶᠢᠨ ᠵᠠᠢ ᠳᠤ ᠠᠮᠢᠳᠤᠷᠠᠬᠤ ᠳᠤ ᠡᠵᠢ ᠠᠴᠠ ᠦᠭᠡᠷ᠎ᠡ ᠭᠤᠶᠤ ᠬᠦᠮᠦᠨ ᠭᠡᠨ | ᠪᠠᠶᠢᠬᠤᠪ᠃ ᠨᠠᠮ᠎ᠠ ᠶᠢ ᠮᠡᠳᠡᠭᠡ ᠤᠷᠤᠬᠤ ᠦᠶ᠎ᠡ ᠳᠤ ᠡᠵᠢ ᠮᠢᠨᠢ ᠲᠠᠩᠳᠠ ᠲᠤᠰᠤᠨ ᠳ᠋ᠧᠩ ᠤᠨ ᠲᠤᠤᠷ᠎ᠠ ᠱᠠᠬᠠᠢ ᠭᠤᠳᠤᠯ ᠰᠢᠷᠢᠴᠢᠭᠡᠭᠰᠡᠨ ᠡᠰᠡᠬᠦᠯ᠎ᠡ ᠬᠤᠪᠴᠠᠰᠤ | ᠬᠤᠨᠠᠷ ᠤᠶᠤᠴᠢᠬᠠᠭᠰᠠᠨ ᠰᠠᠭᠤᠳᠠᠭ᠃ ᠪᠢ ᠪᠠᠰᠠ ᠰᠤᠨᠢᠨ ᠶᠤᠮ᠂ ᠡᠵᠢ ᠶᠢᠨ ᠢᠶᠠᠨ ᠡᠪᠦᠳᠦᠭ ᠢ ᠲᠡᠷᠡᠯᠡᠵᠦ ︽ᠳ᠋ᠦᠩᠬᠦ᠋ᠸᠧ ᠰᠢᠶᠠᠨᠱᠧᠩ︾᠂ ︽ᠬᠤᠳᠠᠯᠴᠢ | ᠬᠦᠤ ᠶᠢᠨ ᠦᠯᠢᠭᠡᠷ︾᠂ ︽ᠴᠦᠢᠳᠧᠩ ᠬᠤᠳᠠᠯᠳᠤᠭᠴᠢ ᠭᠡᠤᠭᠡᠨ︾ ᠵᠡᠷᠬᠡ ᠦᠯᠢᠭᠡᠷ ᠢ ᠨᠢ ᠰᠤᠨᠤᠰᠤᠭᠰᠠᠭᠠᠷ ᠪᠠᠶᠢᠵᠦ ᠤᠨᠳᠠᠵᠦ ᠤᠷᠬᠢᠳᠠᠭ᠃ ᠮᠠᠷᠭᠠᠰᠢ | ᠦᠷᠯᠦᠭᠡ ᠨᠢ ᠪᠤᠰᠬᠤ ᠳᠤ ᠪᠤᠳᠠᠭ᠎ᠠ ᠨᠤᠭᠤᠭ᠎ᠠ ᠪᠦᠷ ᠬᠢᠴᠢᠭᠡᠭᠡᠳ ᠬᠠᠯᠠᠭᠤᠬᠠᠨ ᠲᠠᠯᠪᠢᠵᠦ ᠪᠠᠷᠢᠭᠠᠳᠠ ᠶᠢᠨ ᠠᠵᠢᠯ ᠳᠤ ᠶᠠᠪᠤᠳᠠᠭ᠃ | ᠲᠡᠷᠨ ᠦᠶ᠎ᠡ ᠳᠤ ᠬᠤᠪᠢ ᠤᠯᠭᠤᠵᠦ ᠵᠤᠨ ᠳᠠᠭᠠᠨ ᠰᠦ᠂ ᠵᠢᠯ ᠤᠨ ᠡᠴᠦᠰ ᠠᠮᠤ ᠪᠤᠳᠠᠭ᠎ᠠ᠂ ᠦᠭᠡᠷ ᠬᠤᠨᠢᠨ ᠤ ᠮᠢᠬ᠎ᠠ ᠬᠤᠪᠢᠶᠠᠳᠠᠭ᠃ ᠡᠳᠦᠷ ᠤᠨ | ᠬᠦᠯᠦᠰᠤᠨ ᠮᠦᠩᠬᠦ ᠬᠠᠮᠤᠭ ᠰᠠᠶᠢᠨ ᠨᠢ ᠠᠷᠪᠠᠨ ᠬᠤᠪᠢ᠃ ᠡᠵᠢ ᠪᠦᠳᠦᠨ ᠬᠤᠪᠢ ᠤᠯᠬᠤ ᠭᠡᠵᠤ ᠡᠷᠳᠡᠯᠡᠨ ᠶᠠᠪᠤᠵᠦ ᠤᠷᠦ᠋ᠢᠬᠠᠨ ᠬᠠᠷᠢᠵᠦ ᠢᠷᠡᠳᠡᠭ᠃ ᠨᠢᠭᠡ | ᠭᠡᠷ ᠤᠨ ᠨᠠᠶᠢᠮᠠᠨ ᠠᠮᠨ ᠪᠠᠭ᠎ᠠ ᠲᠤᠭ᠎ᠠ ᠤᠤ︖ ᠡᠵᠢ ᠢᠯᠡᠬᠦᠤ ᠲᠤᠭ᠎ᠠ ᠨᠤᠷᠮ᠎ᠡ ᠤᠯᠬᠤ ᠭᠡᠵᠤ ᠰᠦᠨᠢ ᠴᠦ ᠠᠵᠢᠯᠯᠠᠳᠠᠭ᠃ ᠰᠠᠭᠠᠭ ᠬᠦᠪᠢᠬᠦ᠂ ᠰᠢᠰᠢ ᠱᠠᠭᠠᠯᠠᠬᠤ᠂ | ᠨᠠᠷᠢᠮᠤ ᠶᠢᠨ ᠲᠤᠯᠤᠭᠠᠢ ᠴᠠᠪᠴᠢᠬᠤ ᠵᠡᠷᠭᠡ ᠳᠤ ᠠᠯᠳᠠᠯ ᠦᠭᠡᠢ ᠤᠷᠤᠯᠴᠠᠳᠠᠭ᠃ ᠪᠢ ᠵᠠᠷᠢᠮ ᠰᠦᠨᠢ ᠳᠡᠭᠡᠨ ᠡᠵᠢ ᠪᠠᠨ ᠲᠠᠭᠠᠵᠦ ᠦᠳᠦᠷᠮ᠎ᠡ ᠲᠡᠭᠡᠷ᠎ᠡ ᠤᠴᠢᠵᠦ | ᠵᠠᠬ᠎ᠠ ᠳᠤᠨᠢ ᠰᠠᠭᠤᠳᠠᠭ᠃ ᠤᠯᠠᠨ ᠬᠦᠮᠦᠨ ᠬᠠᠳᠤᠵᠦ ᠪᠤᠭᠤᠵᠢᠯᠠᠭᠰᠠᠨ ᠪᠤᠯᠬᠤᠷ ᠨᠠᠷᠢᠮᠤ ᠶᠢᠨ ᠭᠡᠮᠵᠢᠶ᠎ᠡ ᠨᠢ ᠶᠡᠭᠡ ᠪᠠᠭ᠎ᠠ ᠲᠠᠢ᠃ ᠲᠠᠷᠤᠭ᠎ᠠ᠂ ᠰᠠᠳᠤᠨ ᠳᠠᠭᠠᠨ ᠪᠠᠭ᠎ᠠ | ᠪᠤᠭᠤᠵᠢ ᠶᠢ ᠰᠤᠩᠭᠤᠨ ᠦᠭᠴᠤ ᠡᠵᠢ ᠳᠤ ᠪᠦᠳᠦᠬᠦᠨ ᠪᠦᠳᠦᠬᠦᠨ ᠢ ᠦᠭᠬᠦᠨ᠎ᠡ᠃ ᠲᠡᠳᠡᠨᠤᠰ ᠡᠷᠳᠡ ᠪᠠᠷᠠᠭᠠᠳ ᠶᠠᠪᠤᠴᠢᠬᠠᠨ᠎ᠠ᠂ ᠡᠵᠢ ᠬᠠᠮᠤᠭ ᠰᠡᠬᠦᠯ ᠳᠤ | ᠲᠠᠭᠤᠰᠬᠠᠴᠢᠬᠠᠭᠠᠳ ᠬᠠᠷᠢᠨ᠎ᠠ᠃ ᠪᠠᠰᠠ ᠨᠠᠮ᠎ᠠ ᠶᠢ ᠲᠠᠭᠠᠷᠠᠬᠤ ᠠᠴᠠ ᠠᠶᠤᠵᠦ ᠬᠤᠪᠴᠠᠰᠤ ᠪᠠᠨ ᠲᠠᠶᠢᠯᠵᠦ ᠳᠠᠪᠬᠤᠯᠠᠨᠠ᠃ | — ᠡᠵᠢ ᠡ᠂ ᠲᠠᠷᠨ ᠲᠠᠷᠤᠭ᠎ᠠ ᠶᠠᠭᠤᠨ ᠳᠤ ᠴᠢᠮᠠᠳᠤ ᠶᠡᠭᠡ ᠶᠡᠭᠡ ᠪᠤᠭᠤᠵᠢ ᠦᠭᠳᠡᠭ ᠪᠤᠢ︖ ᠦᠨᠡᠨᠳᠡᠭᠡᠨ ᠪᠢ ᠤᠬᠠᠭᠠᠨ ᠤᠷᠤᠴᠢᠬᠠᠭᠰᠠᠨ ᠭᠡᠬᠦ ᠳᠤ | ᠪᠤᠯᠤᠨ᠎ᠡ᠃ ᠡᠵᠢ ᠶᠢᠨ ᠢᠶᠠᠨ ᠲᠦᠯᠦᠭᠡ ᠲᠤᠭᠤᠶᠢᠬᠠᠨ ᠤᠬᠢᠯᠠᠵᠦ ᠶᠠᠪᠤᠭᠰᠠᠨ ᠢ ᠲᠡᠷᠡᠬᠦ ᠰᠠᠷᠨ ᠲᠠᠢ ᠰᠦᠨᠢ ᠶᠢᠨ ᠲᠡᠭᠷᠢ ᠭᠡᠷᠡᠴᠢᠯᠡᠨ᠎ᠡ᠃ ᠲᠤᠷᠤᠮᠵᠢᠯᠠᠯ ᠭᠡᠳᠡᠭ | ᠦᠭᠡ ᠶᠢᠨ ᠤᠬᠠᠭᠳᠠᠬᠤᠨ ᠢ ᠪᠢ ᠲᠡᠷᠨ ᠦᠶᠡᠰ ᠠᠴᠠ ᠬᠦᠨ ᠤᠶᠢᠯᠠᠭᠠᠭᠰᠠᠨ᠃ | — ᠬᠠᠮᠢᠶ᠎ᠠ ᠦᠭᠡᠢ ᠬᠦᠤ ᠮᠢᠨᠢ᠂ ᠡᠵᠢ ᠨᠢ ᠴᠢᠬᠢᠷᠠᠭ ᠦᠰᠦᠭᠰᠡᠨ ᠰᠢᠤ ᠭᠡᠵᠤ ᠡᠵᠢ ᠨᠠᠮ᠎ᠠ ᠶᠢ ᠠᠷᠭᠠᠳᠠᠨ᠎ᠠ᠃ ᠲᠡᠶᠢᠮᠤ︕ ᠮᠢᠨᠤ ᠡᠵᠢ ᠶᠢᠨ ᠪᠡᠶ᠎ᠡ | ᠴᠤᠭᠴᠠᠰ ᠡᠷᠡᠬᠦᠯ᠂ ᠪᠤᠳᠤᠯ ᠰᠡᠳᠬᠢᠯ ᠨᠢ ᠴᠦ ᠰᠠᠷᠠᠭᠤᠯ︕ ᠲᠡᠷᠡ ᠦᠶ᠎ᠡ ᠳᠤ ᠪᠠᠰᠠ ᠠᠵᠢᠯ ᠤᠨ ᠠᠬᠢᠴᠨ ᠪᠠᠨ ᠲᠦᠷᠭᠡᠳᠭᠡᠬᠦ ᠤᠬᠠᠭᠠᠨ ᠴᠦ ᠶᠤᠮ ᠤᠤ ᠤᠯᠠᠭᠠᠨ | ᠰᠢᠰᠢ ᠬᠠᠳᠤᠵᠦ ᠣᠷᠣᠯᠳᠣᠭᠤᠯᠳᠠᠭ᠃ ᠲᠦᠷᠦᠬᠦᠯᠡᠭᠰᠡᠨ ᠳᠤᠨᠢ ᠨᠢᠭᠡ ᠵᠢᠩ ᠶᠧᠪᠢᠩ᠃ ᠪᠤᠷᠤ ᠴᠠᠭᠠᠰᠤᠨ ᠲᠤᠳᠤᠷ᠎ᠠ ᠪᠠᠭᠯᠠᠭᠰᠠᠨ ᠵᠢᠷᠭᠤᠭᠠᠨ ᠭᠡᠰᠡᠭ ᠪᠤᠤᠪᠤ ᠶᠢ | ᠡᠵᠢ ᠮᠢᠨᠢ ᠠᠪᠤᠭᠠᠳ ᠢᠷᠡᠬᠦ ᠦᠶᠡᠰ ᠮᠠᠨ ᠤ ᠪᠠᠶᠠᠷᠯᠠᠭᠰᠠᠨ ᠬᠡᠵᠢ᠂ ᠪᠦᠷ ᠲᠡᠭᠡᠷ᠎ᠡ ᠲᠡᠭᠡᠷ᠎ᠡ ᠦᠰᠦᠷᠦᠭᠰᠡᠨ᠂ ᠲᠡᠬᠦᠨ ᠤ ᠠᠮᠳᠠ ᠤᠳᠤ ᠴᠦ ᠲᠠᠮᠰᠢᠶᠠᠯᠠᠭᠳᠠᠨᠠ᠃ | ᠠᠶᠢᠯ ᠤᠨ ᠰᠤᠷᠭᠠᠭᠤᠯᠢ ᠠᠴᠠ ᠪᠠᠨ ᠲᠠᠪᠰᠢᠵᠦ ᠲᠤᠮᠳᠠᠳᠤ ᠰᠤᠷᠭᠠᠭᠤᠯᠢ ᠳᠤ ᠤᠷᠤᠪᠠ ᠪᠢ᠃ ᠡᠵᠢ ᠶᠢᠨ ᠮᠢᠨᠢ ᠪᠠᠶᠠᠷᠯᠠᠭᠰᠠᠨ ᠭᠡᠵᠤ ᠰᠦᠷᠡᠭᠡᠢ᠃ ᠶᠠᠭ ᠯᠨ | ᠲᠠᠷᠤᠭ᠎ᠠ ᠪᠤᠯᠵᠦ ᠪᠠᠶᠢᠭ᠎ᠠ ᠰᠢᠭ᠋᠂ ᠴᠠᠯᠢᠩ ᠠᠪᠳᠠᠭ ᠨᠤᠶᠠᠨ ᠪᠤᠯᠵᠦ ᠪᠠᠶᠢᠭ᠎ᠠ ᠴᠦ ᠶᠤᠮᠰᠢᠭ᠃ ᠭᠠᠷᠠᠭ ᠭᠠᠷᠠᠭ ᠬᠠᠷᠢᠬᠤ ᠳᠤ ᠪᠤᠭᠴᠤ ᠪᠤᠭᠴᠤ ᠬᠦᠨᠡᠰᠤ | ᠲᠠᠪᠤᠰᠤ ᠲᠠᠢ ᠨᠤᠭᠤᠭ᠎ᠠ᠂ ᠬᠠᠭᠤᠷᠤᠭᠰᠠᠨ ᠠᠮᠤ ᠭᠡᠳ ᠶᠢᠰᠤᠨ ᠵᠦᠢᠯ ᠢᠶᠠᠷ ᠨᠠᠶᠢᠷᠠᠭᠤᠯᠤᠨ ᠬᠦᠪ ᠬᠦᠨᠳᠣ ᠡᠬᠦᠷᠭᠡ᠃ ᠭᠤᠴᠢᠨ ᠭᠠᠵᠠᠷ ᠤᠨ ᠵᠠᠢ ᠲᠠᠢ ᠶᠤᠮ ᠪᠢᠯᠨ | ᠲᠤᠩ ᠵᠦᠳᠡᠷᠡᠯᠳᠠᠢ᠂ ᠤᠳᠤ ᠪᠤᠳᠤᠬᠤ ᠳᠤ ᠡᠵᠢ ᠶᠢᠨ ᠮᠢᠨᠢ ᠢᠳᠡᠭᠡᠯ ᠨᠠᠶᠢᠳᠠᠪᠤᠷᠢ ᠬᠦᠰᠡᠯ ᠱᠠᠭᠠᠷᠳᠠᠯᠭ᠎ᠠ ᠭᠡᠴᠢᠨᠡᠨ ᠶᠡᠭᠡ ᠬᠦᠨᠳᠤ ᠪᠠᠶᠢᠭᠰᠠᠨ ᠪᠢᠯᠨ︖ ᠦᠨᠳᠦᠷ | ᠲᠤᠮᠳᠠᠳᠤ ᠳᠤ ᠶᠠᠪᠤᠭᠰᠠᠨ ᠪᠠᠶᠢᠳᠠᠯ᠎ᠠ ᠪᠠᠰᠠᠯᠨ ᠭᠡᠤᠳᠠᠢ ᠭᠡᠤᠳᠠᠢ ᠰᠢᠯᠦᠭᠡᠢ ᠶᠢᠨ ᠪᠤᠤᠪᠤ᠂ ᠰᠠᠭᠠᠭ ᠤᠨ ᠭᠤᠯᠢᠷ ᠤᠨ ᠦᠭᠡᠷ ᠪᠠᠩᠰᠢ᠂ ᠶᠤᠤ ᠶᠤᠬᠤ︕ ᠪᠢ ᠲᠤᠮᠤ | ᠭᠡᠤᠭᠡᠨ ᠪᠤᠯᠴᠢᠬᠠᠭᠰᠠᠨ ᠰᠢᠤ᠂ ᠶᠠᠭᠤᠨ ᠳᠤ ᠰᠠᠨᠠᠭ᠎ᠠ ᠪᠤᠯᠤᠭᠠᠳ ᠪᠠᠶᠢᠨ᠎ᠠ ᠪᠤᠢ︖ | ︽ᠡᠭᠡ ᠶᠢᠨ ᠰᠠᠨᠠᠭ᠎ᠠ ᠦᠷ᠎ᠡ ᠳᠤ᠂ ᠦᠷ᠎ᠡ ᠶᠢᠨ ᠰᠠᠨᠠᠭ᠎ᠠ ᠠᠭᠤᠯᠠᠨ ᠳᠤ︾ ᠭᠡᠭᠴᠢ ᠪᠠᠷ ᠬᠤᠶᠠᠷ ᠦᠭᠡ ᠪᠠᠨ ᠲᠠᠪᠳᠠᠬᠤ ᠶᠢ ᠨᠢ ᠶᠠᠩᠰᠢᠶ᠎ᠠ ᠭᠡᠵᠤ᠂ | ᠬᠤᠶᠢᠨ᠎ᠡ ᠠᠴᠠ ᠵᠤᠪᠠᠳᠠᠭ ᠰᠡᠳᠬᠢᠯ ᠢ ᠨᠢ ᠢᠯᠡᠬᠦᠴᠨ ᠭᠡᠰᠡᠨ ᠮᠠᠨᠢ ᠭᠡᠵᠢᠶ᠎ᠡ ᠴᠦ ᠪᠤᠴᠠᠭᠠᠵᠦ ᠴᠢᠳᠠᠬᠤ ᠦᠭᠡᠢ ᠭᠡᠮᠰᠢᠯ᠂ ᠭᠡᠴᠢᠨᠡᠨ ᠡᠳᠦᠷ ᠤᠨ ᠲᠠᠷᠠᠭ᠎ᠠ ᠪᠢᠴᠢᠭᠰᠡᠨ | ᠲᠤᠷᠠᠳᠬᠠᠯ ᠲᠡᠭᠡᠷ᠎ᠡ ᠲᠤᠰᠤᠯᠠᠭᠰᠠᠨ ᠨᠢᠯᠪᠤᠰᠤ ᠪᠤᠯᠪᠠ᠃ ᠡᠵᠢ ᠶᠢᠨ ᠢᠶᠠᠨ ᠡᠷᠳᠡᠯᠡᠵᠦ ᠤᠷᠦ᠋ᠢᠯᠠᠨ ᠢᠩ ᠲᠡᠭᠡᠷᠮ᠎ᠡ ᠡᠷᠢᠵᠦ ᠭᠤᠯᠢᠷ ᠭᠠᠷᠭᠠᠨ ᠬᠦᠨᠡᠰᠤ ᠲᠤᠭᠤᠰᠤ | ᠬᠢᠭᠰᠡᠨ ᠬᠦᠰᠡᠯ ᠢ ᠪᠢ ᠲᠠᠯᠠᠭᠠᠷᠳᠠᠭᠤᠯᠪᠠ᠃ ᠭᠡᠳᠦᠨ ᠬᠤᠪᠢ ᠶᠢᠨ ᠵᠦᠷᠢᠶ᠎ᠡ ᠨᠢ ᠮᠢᠨᠤ ᠬᠤᠪᠢ ᠪᠤᠶᠠᠨ ᠢ ᠦᠭᠡᠷᠡᠳᠡᠬᠦᠯᠵᠦ ᠮᠠᠯᠴᠢᠨ ᠵᠠᠶᠠᠭ᠎ᠠ ᠲᠦᠰᠢᠬᠦᠯᠪᠡ᠃ ᠪᠢ | ᠤᠬᠢᠯᠠᠨ᠎ᠠ᠃ ᠡᠵᠢ ᠠᠷᠭ᠎ᠠ ᠪᠠᠷᠠᠭᠳᠠᠵᠦ᠄ ︽ᠬᠦᠳᠡᠭᠡ ᠪᠤᠯ ᠬᠦᠳᠡᠭᠡ ᠰᠢᠳᠡ᠂ ᠡᠪᠡᠳᠴᠢᠨ ᠦᠭᠡᠢ ᠰᠠᠶᠢᠬᠠᠨ ᠠᠮᠢᠳᠤᠷᠠᠪᠠᠯ ᠪᠤᠯᠤᠯ᠎ᠠ ᠰᠢᠳᠡ︾ ᠭᠡᠵᠤ | ᠲᠠᠶᠢᠳᠬᠤᠷᠠᠭᠤᠯᠤᠨ᠎ᠠ᠃ ᠪᠢ ᠶᠤᠰᠤᠳᠠᠢ ᠡᠵᠢ ᠪᠠᠨ ᠵᠤᠪᠠᠭᠠᠬᠤ ᠰᠦᠨᠡᠰᠤ ᠡ᠃ ᠡᠵᠢ ᠠᠮᠳᠠᠳᠠᠢ ᠪᠤᠳᠠᠭ᠎ᠠ ᠬᠢᠭᠡᠳ ︽ᠢᠳᠡ ᠤᠤᠭᠤ︾ ᠭᠡᠵᠤ ᠱᠠᠯᠠᠨ᠎ᠠ᠃ | ᠡᠵᠢ ᠶᠢᠨ ᠮᠢᠨᠢ ᠵᠤᠷᠢᠭᠵᠢᠭᠤᠯᠤᠯ ᠤᠨ ᠦᠭᠡ ᠴᠢᠬᠢᠨ ᠳᠤ ᠬᠤᠩᠬᠤ ᠪᠤᠯᠵᠦ ᠴᠡᠭᠡᠵᠢᠨ ᠳᠤ ᠴᠤᠩᠬᠤ ᠪᠤᠯᠪᠠ᠂ ᠪᠢ ᠨᠢᠯᠪᠤᠰᠤ ᠪᠠᠨ ᠠᠷᠴᠢᠵᠦ ᠪᠤᠰᠪᠠ᠃ | ᠴᠢᠯᠦᠭᠡ ᠪᠠᠷ ᠢᠶᠠᠨ ᠰᠤᠮᠤᠨ ᠲᠦᠪ᠂ ᠰᠤᠷᠭᠠᠭᠤᠯᠢ ᠪᠠᠷ ᠬᠦᠷᠴᠤ᠂ ᠰᠤᠨᠢᠨ ᠰᠡᠳᠬᠦᠯ ᠡᠷᠬᠢᠬᠦᠯᠵᠦ᠂ ᠨᠤᠮ ᠵᠠᠬᠢᠶᠠᠯᠠᠵᠦ ᠤᠩᠰᠢᠪᠠ᠃ ᠤᠶᠤᠨ ᠪᠤᠳᠤᠯ ᠢᠶᠠᠨ | ᠴᠢᠯᠦᠭᠡᠯᠡᠵᠦ ᠠᠮᠢᠳᠤᠷᠠᠬᠤ ᠳᠤ ᠨᠤᠮ ᠪᠤᠯ ᠨᠢᠭᠡ ᠶᠤᠰᠤᠨ ᠤ ᠬᠠᠨᠢ ᠨᠦᠬᠦᠷ᠃ ᠪᠢ ᠪᠠᠭ᠎ᠠ ᠰᠠᠭ᠎ᠠ ᠶᠠᠭᠤᠮ᠎ᠠ ᠪᠢᠴᠢᠵᠦ ᠤᠷᠤᠯᠳᠤᠬᠤ ᠳᠤ ᠡᠵᠢ ᠮᠢᠨᠢ | ᠲᠠᠶᠢᠪᠤᠰᠢᠷᠠᠭᠰᠠᠨ ᠪᠤᠯᠤᠯᠳᠠᠢ ᠲᠤᠯᠤᠭᠠᠢ ᠶᠢ ᠢᠯᠢᠵᠦ ᠦᠭᠡᠳᠡ ᠠᠴᠠ ᠢᠨᠢᠶᠡᠮᠰᠦᠭᠯᠡᠨ᠎ᠡ᠃ ᠦᠪᠡᠷ ᠢ ᠲᠦᠷᠦᠭᠰᠡᠨ ᠦᠨᠡᠨ ᠪᠤᠷᠬᠠᠨ ᠪᠠᠶᠢᠬᠤ ᠳᠤ ᠦᠷᠦᠭᠡᠯ ᠤᠨ | ᠱᠤᠭᠤᠭᠰᠠᠨ ᠪᠠᠷᠢᠮᠠᠯ ᠪᠤᠷᠬᠠᠨ ᠢᠶᠠᠷ ᠶᠠᠭᠠᠬᠢᠬᠤ ᠶᠤᠮ ᠪᠤᠢ᠂ ᠦᠨᠢᠳᠡ ᠶᠢᠨ ᠵᠢᠷᠭᠠᠯ ᠢ ᠲᠠᠭᠠᠳᠬᠠᠳᠠᠭ ᠵᠢᠩᠬᠢᠨᠢ ᠪᠤᠷᠬᠠᠨ ᠪᠠᠶᠢᠬᠤ ᠳᠤ ᠦᠭᠡ ᠦᠭᠡᠢ ᠮᠡᠯᠴᠡᠶᠢᠳᠡᠭ | ᠰᠦᠮ᠎ᠡ ᠶᠢᠨ ᠪᠤᠷᠬᠠᠨ ᠢᠶᠠᠷ ᠶᠠᠭᠠᠬᠢᠬᠤ ᠶᠤᠮ ᠪᠤᠢ᠃ | ᠮᠢᠨᠤ ᠡᠳᠦᠢ ᠲᠡᠳᠦᠢ ᠰᠤᠨᠢᠨ ᠮᠡᠳᠡᠭᠡ ᠪᠢᠴᠢᠭᠰᠡᠨ ᠨᠢ ᠢᠷᠡᠭᠡᠳᠦᠢ ᠶᠢᠨ ᠬᠠᠨᠢ ᠨᠦᠬᠦᠷ ᠲᠠᠢ ᠪᠤᠯᠬᠤ ᠤᠷᠢᠳᠠᠯ ᠶᠤᠮᠰᠢᠭ ᠪᠠᠭᠠᠷᠢᠨ ᠵᠠᠯᠠᠭᠤ ᠲᠠᠢ ᠲᠠᠨᠢᠯᠴᠠᠪᠠ᠃ | — ᠲᠡᠶᠢᠮᠤ ᠬᠤᠯᠨ ᠠᠴᠠ ᠴᠢ ᠢᠷᠡᠬᠦ ᠠᠮᠠᠷ ᠦᠭᠡᠢ᠂ ᠲᠡᠷᠨ ᠭᠠᠵᠠᠷ ᠲᠤ ᠴᠢᠨᠢ ᠪᠢ ᠶᠠᠪᠤᠵᠦ ᠴᠢᠳᠠᠬᠤ ᠦᠭᠡᠢ᠃ ᠡᠵᠢ ᠮᠠᠰᠢ ᠵᠤᠪᠠᠭᠰᠠᠨ ᠪᠠᠶᠢᠷᠢ ᠲᠠᠢ | ᠶᠠᠷᠢᠨ᠎ᠠ᠃ ᠠᠭᠠᠬᠢᠮ᠎ᠠ ᠵᠠᠯᠠᠭᠤ ᠨᠠᠰᠤᠨ ᠤ ᠠᠭᠠᠭ ᠲᠠᠢ ᠲᠤᠷᠠᠯᠠᠯ ᠭᠡᠭᠴᠢ ᠨᠢ ᠲᠡᠷᠨ ᠶᠤᠮ ᠤᠤ ᠳ᠋ᠠ᠂ ᠠᠮᠢᠳᠤᠷᠠᠯ ᠤᠨ ᠠᠳᠠᠷᠡᠮᠠ ᠶᠢ ᠲᠠᠨᠢᠭ᠎ᠠ ᠦᠭᠡᠢ ᠪᠢ ᠠᠬ᠎ᠠ | ᠲᠡᠬᠦᠤ ᠰᠠᠳᠤᠨ ᠦᠭᠡᠢ ᠬᠠᠮᠢᠭ᠎ᠠ ᠬᠤᠯᠠᠬᠢ ᠪᠠᠭᠠᠷᠢᠨ ᠢ ᠵᠤᠷᠢᠪᠠ᠃ ᠠᠶᠠᠯᠠᠨ ᠪᠠᠶᠢᠵᠦ ᠬᠦᠯ ᠤᠨ ᠴᠢᠯᠡᠭᠡ ᠶᠢ ᠮᠡᠳᠡᠨ᠎ᠡ᠂ ᠠᠮᠢᠳᠤᠷᠠᠨ ᠪᠠᠶᠢᠵᠦ ᠬᠦᠮᠦᠨ ᠤ ᠬᠦᠴᠢᠷ ᠢ | ᠮᠡᠳᠡᠨ᠎ᠡ ᠭᠡᠳᠡᠭ ᠪᠤᠯᠵᠦ ᠡᠵᠢ ᠶᠢᠨ ᠢᠶᠠᠨ ᠲᠦᠷᠬᠦᠮ ᠲᠦᠷᠦᠯ ᠢᠶᠠᠨ ᠰᠠᠨᠠᠳᠠᠭ ᠤᠨ ᠰᠢᠨᠠᠯᠭᠠᠯ ᠢ ᠤᠶᠢᠯᠠᠭᠠᠪᠠ᠃ ᠡᠵᠢ ᠠᠪᠤ ᠪᠠᠨ ᠰᠠᠨᠠᠨ᠎ᠠ᠂ ᠠᠬ᠎ᠠ ᠲᠡᠬᠦᠤ ᠨᠠᠷ ᠢᠶᠠᠨ | ᠰᠠᠨᠠᠨ᠎ᠠ᠃ ᠬᠠᠷᠢᠭᠠᠳ ᠬᠠᠷᠢᠭᠠᠳ ᠤᠴᠢᠮᠠᠷ ᠰᠠᠨᠠᠨ᠎ᠠ᠃ ᠲᠡᠭᠡᠭᠡᠳ ᠭᠡᠷ ᠲᠡᠭᠡᠨ ᠬᠠᠷᠢᠳᠠᠭ ᠶᠤᠮ ᠪᠢᠯᠨ᠃ ᠰᠠᠨᠠᠭᠠᠳ ᠶᠠᠪᠤᠬᠤ ᠳᠤ ᠰᠠᠳᠤᠨ ᠤᠶᠢᠷ᠎ᠠ᠂ ᠰᠠᠵᠢᠯᠠᠭᠠᠳ | ᠬᠦᠷᠬᠦ ᠳᠤ ᠨᠤᠳᠤᠭ ᠤᠶᠢᠷ᠎ᠠ ᠭᠡᠳᠡᠭ ᠢᠶᠠᠷ ᠡᠭᠡᠯᠵᠢ ᠶᠢᠨ ᠮᠠᠰᠢᠨ ᠳᠤ ᠰᠠᠭᠤᠳᠠᠭ ᠴᠦ ᠡᠳᠦᠷ ᠲᠡᠭᠡᠨ ᠬᠦᠷᠳᠡᠭ᠃ | ︽ᠰᠠᠷᠠᠭᠤᠯ ᠰᠠᠶᠢᠬᠠᠨ ᠲᠠᠯ᠎ᠠ ᠪᠠᠶᠢᠨ᠎ᠠ | ᠰᠠᠨᠠᠭ᠎ᠠ ᠪᠠᠷ ᠢᠶᠠᠨ ᠲᠤᠪᠳᠤᠯ ᠳ᠋ᠠ ᠲᠡᠷᠭᠡ ᠮᠢᠨᠢ | ᠰᠠᠯᠤᠭᠠᠳ ᠤᠳᠠᠭᠰᠠᠨ ᠨᠤᠳᠤᠭ ᠲᠤ ᠮᠢᠨᠢ | ᠰᠠᠭᠠᠳ ᠦᠭᠡᠢ ᠲᠦᠷᠭᠡᠨ ᠬᠦᠷᠦᠬᠦᠯ ᠳ᠋ᠠ︾ | ᠦᠨᠡᠨ᠂ ᠲᠤᠪᠳᠤᠯᠤᠭᠰᠠᠨ ᠨᠢ ᠬᠤᠷᠳᠤᠨ ᠤ ᠬᠢ ᠴᠦ ᠶᠤᠮ ᠤᠤ᠂ ᠲᠤᠭᠳᠤᠯᠤᠭᠰᠠᠨ ᠤ ᠶᠡᠭᠡ ᠶᠢᠨ ᠬᠢ ᠴᠦ ᠶᠤᠮ ᠤᠤ᠂ ᠨᠤᠳᠤᠭ ᠤᠨ ᠵᠠᠬ᠎ᠠ ᠤᠷᠤᠬᠤ ᠳᠤ | ᠨᠢᠳᠤ ᠪᠦᠷᠦᠯᠵᠡᠭᠡᠳ ᠨᠢᠯᠪᠤᠰᠤ ᠭᠤᠭᠤᠵᠢᠭᠠᠳ ᠯᠨ᠂ ᠤᠷᠢᠳᠤ ᠠᠭᠤᠯᠨ ᠮᠢᠨᠢ ᠦᠰᠴᠢᠭᠡᠭᠰᠡᠨ᠂ ᠤᠯᠤᠰ ᠤᠳ ᠨᠢ ᠤᠯᠠᠮ ᠵᠠᠯᠠᠭᠤᠵᠢᠴᠢᠬᠠᠭᠰᠠᠨ᠂ ᠪᠠᠶᠢᠰᠢᠩ | ᠭᠡᠷ ᠤᠳ ᠨᠢ ᠬᠢᠯᠠᠶᠢᠴᠢᠬᠠᠭᠰᠠᠨ᠂ ᠪᠠᠭ᠎ᠠ ᠶᠢᠨ ᠬᠦᠶᠦᠳᠡᠭ ᠵᠦᠷᠢᠭ ᠲᠤᠷᠠᠶᠢᠴᠢᠬᠠᠭᠰᠠᠨ ᠬᠠᠷᠠᠭᠳᠠᠨ᠎ᠠ᠃ ᠬᠦᠭᠡᠷᠦᠬᠦᠢ ᠡᠵᠢ ᠮᠢᠨᠢ ᠬᠠᠷᠢᠬᠤ ᠪᠤᠯᠭᠠᠨ ᠳᠤ ᠬᠤᠯᠨ ᠠᠴᠠ | ᠲᠤᠰᠤᠨ᠎ᠠ᠃ ᠲᠡᠮᠡᠦᠯᠤᠭᠡᠳ ᠤᠴᠢᠭᠰᠠᠨ ᠨᠤᠳᠤᠭ ᠮᠢᠨᠢ ᠰᠠᠶᠢᠬᠠᠨ᠂ ᠲᠡᠪᠡᠷᠢᠭᠡᠳ ᠠᠪᠤᠭᠰᠠᠨ ᠡᠵᠢ ᠮᠢᠨᠢ ᠬᠠᠯᠠᠭᠤᠬᠠᠨ᠃ ᠬᠤᠶᠠᠷ ᠬᠦᠤ ᠪᠠᠨ ᠬᠤᠶᠢᠨ᠎ᠡ ᠪᠠᠨ | ᠬᠠᠶᠠᠵᠦ ᠪᠢ᠂ ᠡᠵᠢ ᠪᠠᠨ ᠵᠦᠭᠯᠡᠵᠦ ᠠᠯᠬᠤᠬᠤ ᠳᠤ ᠬᠤᠷᠸ᠎ᠠ ᠮᠢᠨᠤ ᠯᠨ ᠶᠤᠮ ᠰᠢᠭ᠋ ᠭᠤᠶᠤ ᠪᠠᠶᠢᠭᠰᠠᠨ ᠡ᠃ ᠡᠵᠢ ᠬᠤᠷᠢᠶᠠᠨ ᠨᠦᠭᠡᠴᠡᠯᠡᠭᠰᠡᠨ ᠢᠳᠡᠭᠡᠨ | ᠤᠮᠳᠠᠭᠠᠨ ᠢᠶᠠᠨ ᠪᠦᠬᠦᠨ ᠢ ᠭᠠᠷᠭᠠᠨ ᠲᠠᠶᠢᠯᠠᠳᠠᠭ᠃ ᠮᠠᠯ ᠬᠠᠷᠠᠬᠠᠨ ᠭᠡᠵᠢᠭᠡ ᠲᠠᠢ ᠡᠵᠢ ᠶᠢ ᠪᠠᠨ ᠪᠤᠭᠤᠷᠤᠯ ᠪᠤᠯᠤᠨ᠎ᠡ ᠭᠡᠵᠤ ᠪᠤᠳᠤᠭ᠎ᠠ ᠦᠭᠡᠢ᠂ ᠮᠡᠨᠳᠤᠭᠡᠨ | ᠬᠢᠯᠠᠷᠠᠳᠠᠭ ᠨᠠᠰᠤ ᠶᠢ ᠨᠢ ᠵᠤᠭᠰᠤᠨᠡ ᠭᠡᠵᠤ ᠰᠠᠨᠠᠭ᠎ᠠ ᠴᠦ ᠦᠭᠡᠢ᠃ ᠤᠨ ᠵᠢᠯ ᠤᠨ ᠤᠳᠠᠭᠠᠨ ᠳᠤ ᠪᠡᠶ᠎ᠡ ᠶᠢᠨ ᠡᠷᠬᠢ ᠱᠤᠷᠠᠭ ᠨᠢ ᠡᠯᠡᠭᠳᠡᠵᠦ᠂ ᠬᠦᠢᠳᠡᠨ | ᠨᠦᠢᠳᠠᠨ ᠳᠤ ᠲᠠᠭᠠᠷᠠᠵᠦ ᠬᠦᠨᠳᠤ ᠬᠦᠳᠡᠯᠮᠦᠷᠢ ᠳᠤ ᠴᠢᠯᠡᠭᠰᠡᠨ ᠨᠢ ᠡᠪᠡᠳᠴᠢᠨ ᠤ ᠵᠠᠢ ᠠᠪᠴᠤ ᠤᠷᠳᠤ ᠨᠠᠰᠤᠯᠠᠬᠤ ᠴᠠᠭ ᠬᠤᠭᠤᠴᠠᠭ᠎ᠠ ᠶᠢ ᠨᠢ ᠵᠠᠯᠬᠢᠪᠠ᠃ | ᠬᠤᠶᠠᠷ ᠮᠢᠩᠭᠠᠨ ᠤᠨ ᠤ ᠡᠬᠢ ᠪᠠᠷ ᠠᠬ᠎ᠠ ᠠᠴᠠ ᠪᠠᠴᠢᠮ ᠮᠡᠳᠡᠭᠡ ᠢᠷᠡᠪᠡ᠃ ᠪᠢ ᠡᠭᠡᠷ ᠲᠠᠳᠠᠨ ᠤᠬᠢᠯᠠᠵᠦ ᠶᠠᠭᠠᠷᠡᠤ ᠬᠠᠷᠢᠯ᠎ᠠ᠃ ᠪᠠᠭ᠎ᠠ ᠰᠠᠭ᠎ᠠ ᠡᠪᠡᠳᠴᠤ | ᠡᠮ ᠲᠠᠩ ᠤᠤᠭᠤᠭᠠᠳ ᠠᠶᠠᠳᠠᠴᠢᠬᠠᠳᠠᠭ ᠪᠠᠶᠢᠭᠰᠠᠨ᠂ ᠶᠠᠭᠠᠬᠢᠬᠤ ᠳᠠᠭᠠᠨ ᠡᠶᠢᠮᠤ ᠲᠤᠮᠤ ᠠᠶᠤᠯ ᠬᠦᠮᠦᠷᠢᠴᠢᠭᠡᠪᠡ︖ ᠡᠵᠢ ᠡᠮ ᠶᠡᠬᠦᠯᠡᠬᠦᠯᠵᠦ ᠨᠠᠮ ᠨᠠᠮ | ᠰᠦᠢᠯᠡᠭᠡᠯᠡᠨ ᠤᠨᠳᠠᠵᠦ ᠪᠠᠶᠢᠪᠠ᠃ ᠲᠠᠯ᠎ᠠ ᠳᠤᠨᠢ ᠤᠴᠢᠭᠠᠳ ᠪᠢ ᠶᠠᠭᠤ ᠴᠦ ᠭᠡᠯᠡᠵᠦ ᠴᠢᠳᠠᠭ᠎ᠠ ᠦᠭᠡᠢ᠂ ᠲᠠᠰᠤ ᠲᠡᠪᠡᠷᠢᠭᠡᠳ ᠤᠬᠢᠯᠠᠶ᠎ᠠ ᠯᠨ ᠭᠡᠵᠤ ᠪᠤᠳᠤᠭᠰᠠᠨ᠃ | ᠠᠯᠭᠤᠷ ᠨᠢᠳᠤ ᠪᠠᠨ ᠨᠡᠭᠡᠭᠡᠵᠦ ᠨᠠᠳᠠ ᠶᠢ ᠬᠠᠷᠠᠴᠢᠬᠠᠭᠠᠳ᠄ ︽ᠮᠢᠨᠤ ᠰᠠᠷᠨ ᠢᠷᠡᠴᠢᠭᠡᠪᠡ ᠤᠤ︖︾ ᠭᠡᠪᠡ᠃ ᠲᠡᠷᠨ ᠨᠢᠭᠡ ᠪᠠᠶᠠᠷᠯᠠᠵᠦ ᠲᠤᠶᠠᠭ᠎ᠠ ᠲᠠᠳᠠᠭᠰᠠᠨ | ᠴᠢᠷᠠᠢ ᠳᠤ ᠭᠡᠴᠢᠨᠡᠨ ᠶᠡᠭᠡ ᠡᠷᠡᠮᠡᠯᠵᠡᠯ ᠨᠢᠭᠤᠭᠳᠠᠵᠦ ᠪᠠᠶᠢᠭᠰᠠᠨ ᠪᠤᠯ︖ | — ᠲᠡᠶᠢᠮᠤ ᠡ ᠡᠵᠢ ᠡ︕ ᠪᠢ ᠨᠢᠯᠪᠤᠰᠤ ᠪᠠᠨ ᠴᠢᠳᠠᠨ ᠶᠠᠳᠠᠨ ᠬᠤᠷᠢᠪᠠ᠃ ᠶᠠᠭᠤ ᠨᠢᠭᠡ ᠡᠵᠢ ᠶᠢ ᠪᠤᠯᠢᠶᠠᠭᠠᠳ ᠶᠠᠪᠤᠮᠠᠷ ᠰᠢᠭ᠋ ᠰᠠᠨᠠᠭᠳᠠᠭᠠᠳ ᠪᠢ | ᠭᠠᠷ ᠢ ᠨᠢ ᠠᠳᠬᠤᠪᠠ᠃ ᠲᠦᠷᠢᠶᠡᠰᠤᠨ ᠲᠡᠷᠭᠡ ᠲᠠᠭᠤᠳᠠᠬᠤ ᠪᠠᠷ ᠭᠠᠷᠤᠭᠰᠠᠨ ᠠᠬ᠎ᠠ ᠤᠷᠤᠵᠦ ᠢᠷᠡᠭᠡᠳ᠂ ᠮᠠᠨᠤᠰ ᠡᠵᠢ ᠪᠠᠨ ᠠᠪᠴᠤ ᠭᠡᠷ ᠤᠷᠤᠭᠤ ᠪᠠᠨ ᠪᠤᠴᠠᠪᠠ᠃ | ᠬᠠᠮᠤᠭ ᠰᠡᠬᠦᠯᠴᠢ ᠶᠢᠨ ᠬᠠᠮᠳᠤ ᠶᠢᠨ ᠠᠶᠠᠯᠠᠯ᠃ ᠡᠮᠴᠢ ᠶᠢᠨ ᠦᠭᠡ ᠶᠢ ᠰᠤᠨᠤᠰᠤᠭ᠎ᠠ ᠦᠭᠡᠢ ᠶᠤᠮ ᠴᠢᠨᠢ ᠡᠵᠢ ᠭᠡᠷᠬᠢᠨ ᠮᠡᠳᠡᠬᠦᠪ ᠳ᠋ᠧ᠂ ᠮᠠᠨ ᠤ ᠠᠬ᠎ᠠ ᠦᠬᠢᠨ | ᠲᠡᠬᠦᠤ ᠵᠢᠷᠭᠤᠭᠤᠯᠨ ᠵᠦᠭ ᠵᠦᠭ ᠠᠴᠠ ᠬᠦᠷᠦᠯᠴᠡᠨ ᠢᠷᠡᠭᠰᠡᠨ ᠳᠤ ᠮᠠᠰᠢ ᠪᠠᠶᠠᠷᠯᠠᠵᠦ ︽ᠦᠷ᠎ᠡ ᠲᠠᠢ ᠬᠦᠮᠦᠨ ᠵᠢᠷᠭᠠᠨ᠎ᠠ᠂ ᠦᠨᠳᠦᠰᠤ ᠲᠠᠢ ᠮᠤᠳᠤ ᠱᠤᠤᠬᠢᠨ᠎ᠠ | ᠭᠡᠵᠤ ᠬᠠᠰᠢᠯᠨ ᠰᠠᠶᠢᠬᠠᠨ ᠡ᠂ ᠡᠨᠡ ᠤᠳᠠᠭ᠎ᠠ ᠢᠯᠡᠬᠦᠤ ᠭᠡᠳᠤ ᠬᠤᠨᠤᠭᠠᠳ ᠶᠠᠪᠤ ᠡ᠂ ᠡᠵᠢ ᠨᠢ ᠡᠳᠡᠭᠡᠴᠢᠭᠡᠭᠡᠳ ᠰᠠᠶᠢᠨ ᠬᠤᠭᠤᠯᠨ ᠬᠢᠵᠦ ᠢᠳᠡᠬᠦᠯᠦᠶᠡ︾ ᠭᠡᠨ᠎ᠡ᠃ | ᠭᠡᠨ ᠴᠦ ᠲᠤᠤᠭᠠᠷᠴᠤ ᠴᠢᠳᠠᠭ᠎ᠠ ᠦᠭᠡᠢ ᠵᠢᠷᠦᠭᠡ ᠰᠡᠳᠬᠢᠯ ᠳᠡᠭᠡᠨ ᠮᠡᠭᠰᠢᠵᠦ ᠶᠠᠪᠤᠨ᠎ᠠ᠃ | ᠡᠷᠳᠡᠨᠢ ᠶᠢᠨ ᠤᠰᠤ ᠴᠦ ᠪᠠᠶᠢᠶ᠎ᠠ ᠳ᠋ᠠ | ᠡᠵᠢ ᠪᠠᠨ ᠠᠪᠤᠷᠠᠵᠦ ᠠᠪᠬᠤ ᠶᠤᠮᠰᠠᠨ | ᠡᠷᠬᠢᠴᠡᠬᠦᠯᠵᠦ ᠴᠢᠳᠠᠭᠰᠠᠨ ᠦᠭᠡᠢ ᠤᠰᠤᠯ ᠢᠶᠠᠨ | ᠡᠬᠢᠯᠡᠵᠦ ᠨᠦᠬᠦᠵᠦ ᠬᠦᠢᠴᠡᠭᠡᠬᠦ ᠶᠤᠮ ᠰᠠᠨ᠃ ᠡᠵᠢ ᠮᠢᠨᠢ ᠮᠠᠨ ᠠᠴᠠ ᠦᠨᠢᠳᠡ ᠠᠶᠠᠷᠯᠠᠪᠠ᠃ ᠠᠪᠤ ᠬᠢᠭᠡᠳ ᠮᠠᠨ ᠤ ᠠᠬ᠎ᠠ ᠲᠡᠬᠦᠤ ᠵᠢᠷᠭᠤᠭᠤᠯᠨ ᠶᠢ | ᠡᠩᠰᠡᠷᠡᠬᠦᠯᠵᠦ ᠠᠯᠵᠢᠶᠠᠯ ᠢᠶᠠᠨ ᠲᠠᠶᠢᠯᠬᠤ ᠭᠡᠰᠡᠨ ᠰᠢᠭ ᠲᠡᠷᠨ ᠬᠤᠯᠨ ᠬᠦᠮᠦᠨ ᠬᠦᠷᠳᠡᠭ ᠴᠦ ᠪᠤᠴᠠᠵᠦ ᠢᠷᠡᠳᠡᠭ ᠦᠭᠡᠢ ᠬᠠᠮᠢᠭ᠎ᠠ ᠭᠡᠳᠡᠭ ᠬᠠᠶ᠋ᠢᠭ ᠦᠭᠡᠢ ᠭᠠᠵᠠᠷ | ᠶᠠᠪᠤᠪᠠ᠃ ᠬᠤᠷᠸ᠎ᠠ ᠳᠤ ᠰᠠᠷᠨ ᠦᠭᠡᠢ ᠰᠦᠨᠢ ᠬᠠᠷᠠᠩᠭᠤᠢ ᠪᠢᠰᠢ᠂ ᠰᠠᠶᠢᠬᠠᠨ ᠡᠵᠢ ᠪᠠᠨ ᠠᠯᠳᠠᠵᠦ ᠦᠨᠦᠴᠢᠷᠡᠬᠦ ᠯᠨ ᠬᠠᠮᠤᠭ ᠬᠠᠷᠠᠩᠭᠤᠢ ᠪᠠᠶᠢᠳᠠᠭ ᠢ | ᠤᠶᠢᠯᠠᠭᠠᠭᠰᠠᠨ ᠮᠠᠨᠢ ᠤᠷᠦ᠋ᠢᠳᠠᠭᠰᠠᠨ ᠢ ᠶᠠᠭᠠᠬᠢᠨ᠎ᠠ᠃ ᠡᠳ᠋ ᠢᠶᠠᠷ ᠭᠠᠯᠬᠢᠭᠤᠯᠵᠦ ᠪᠠᠶᠠᠷᠬᠠᠨ ᠶᠠᠪᠤᠳᠠᠭ ᠢ ᠪᠢ ᠲᠡᠭᠡᠵᠦ ᠶᠡᠭᠡ ᠲᠤᠭᠤᠳᠠᠭ ᠦᠭᠡᠢ᠂ ᠡᠵᠢ ᠲᠠᠢ ᠪᠠᠨ | ᠪᠠᠶᠢᠯᠴᠠᠵᠦ ᠢᠨᠢᠶᠡᠨ ᠵᠤᠭᠤᠭᠳᠠᠳᠠᠭ ᠬᠦᠮᠦᠰ ᠢ ᠬᠠᠷᠠᠬᠤ ᠳᠠᠭᠠᠨ ᠲᠤᠩ ᠠᠳᠠᠭ᠎ᠠ ᠬᠦᠳᠡᠯᠳᠡᠭ ᠢᠶᠠᠨ ᠨᠢᠭᠤᠬᠤ ᠦᠭᠡᠢ ᠡ᠃ | ᠤᠶᠤᠨᠳᠤ ᠭᠠᠷ ᠤᠳᠠᠰᠤ ᠲᠦᠭᠡᠮᠡᠯᠵᠢᠭᠰᠡᠨ ᠴᠠᠭ ᠲᠤ᠂ ᠡᠵᠢ ᠲᠠᠢ ᠪᠠᠨ ᠵᠢᠰᠤ ᠵᠢᠰᠤ ᠪᠠᠨ ᠦᠵᠡᠵᠦ ᠵᠣᠭᠤᠭᠳᠠᠭᠰᠠᠨ ᠪᠤᠯ ᠶᠠᠭᠤᠳᠠᠢ ᠰᠠᠶᠢᠬᠠᠨ ᠪᠤᠢ︖ | ᠡᠵᠢ ᠮᠢᠨᠢ᠂ ᠪᠤᠭᠤᠷᠤᠯ ᠭᠡᠵᠢᠭᠡ ᠶᠢ ᠴᠢᠨᠢ ᠲᠡᠬᠢᠵᠦ ᠰᠠᠮᠨᠠᠵᠦ ᠴᠢᠳᠠᠭ᠎ᠠ ᠦᠭᠡᠢ᠂ ᠪᠤᠷᠤᠭᠰᠢᠭᠰᠠᠨ ᠬᠤᠪᠴᠠᠰᠤ ᠶᠢ ᠴᠢᠨᠢ ᠡᠷᠬᠢᠵᠦ ᠤᠬᠢᠶᠠᠵᠦ ᠲᠡᠶᠢᠯᠦᠭᠡ ᠦᠭᠡᠢ᠂ | ᠪᠤᠯᠤᠭᠰᠠᠨ ᠪᠤᠳᠠᠭ᠎ᠠ ᠨᠤᠭᠤᠭ᠎ᠠ ᠶᠢ ᠴᠢᠨᠢ ᠠᠮᠳᠠᠷᠬᠠᠵᠦ ᠬᠠᠨᠤᠭ᠎ᠠ ᠦᠭᠡᠢ᠂ ᠪᠠᠶᠢᠨ ᠲᠠᠬᠢᠨ ᠶᠠᠷᠢᠳᠠᠭ ᠦᠯᠢᠭᠡᠷ ᠢ ᠴᠢᠨᠢ ᠪᠦᠷᠢᠨ ᠰᠤᠨᠤᠰᠴᠤ ᠠᠮᠵᠢᠭ᠎ᠠ ᠦᠭᠡᠢ ᠪᠠᠷ | ᠠᠯᠳᠠᠴᠢᠬᠠᠬᠤ ᠨᠢ᠃ ᠪᠢ ᠶᠠᠭᠠᠬᠢᠬᠤ ᠶᠢᠨ ᠠᠷᠭ᠎ᠠ ᠦᠭᠡᠢ ᠶᠡᠭᠡ ᠦᠷᠢᠳᠦᠪᠡ᠃ ᠦᠪᠡᠷ ᠢᠶᠠᠨ ᠬᠤᠮᠰᠠ ᠪᠠᠶᠢᠭᠠᠳ ᠬᠦᠮᠦᠨ ᠢ ᠦᠷᠦᠪᠳᠦᠬᠦ ᠲᠤᠷᠠᠳᠠᠢ᠂ | ᠬᠠᠷᠮᠠᠨ ᠳᠠᠭᠠᠨ ᠮᠦᠩᠬᠦ ᠦᠭᠡᠢ ᠪᠠᠶᠢᠭᠠᠳ ᠪᠤᠰᠤᠳ ᠠᠴᠠ ᠵᠢᠭᠡᠯᠡᠵᠦ ᠦᠭᠬᠦ ᠲᠤᠷᠠᠳᠠᠢ ︽ᠢᠯᠡᠬᠦᠤ ᠬᠠᠶᠢᠷ᠎ᠠ︾ ᠶᠢᠨ ︽ᠠᠤᠭ᠎ᠠ ᠬᠦᠮᠦᠨ︾ ᠲᠠᠨ ᠢ | ᠨᠤᠳᠤᠭ ᠲᠠᠭᠠᠨ ᠮᠦᠩᠭᠡ ᠨᠦᠢᠷᠰᠤᠬᠤ ᠦᠶ᠎ᠡ ᠳᠤ ᠬᠦᠭᠰᠢᠨ ᠵᠠᠯᠠᠭᠤ ᠦᠬᠡᠢ ᠤᠯᠠᠨ ᠬᠦᠮᠦᠨ ᠤᠬᠢᠯᠠᠭᠰᠠᠨ᠂ ᠬᠦᠮᠦᠨ ᠵᠤᠨ ᠳᠠᠭᠠᠨ ᠲᠤᠷᠠᠰᠤᠯ ᠲᠠᠢ ᠶᠠᠪᠤᠭᠰᠠᠨ ᠲᠠ | ᠦᠯᠢᠳᠭᠡᠰᠢ ᠦᠭᠡᠢ ᠠᠭᠤᠤ ᠶᠡᠭᠡ ᠡ᠃ | |