ᠴᠠᠬᠢᠷᠮ᠎ᠠ ᠲᠡᠯᠭᠡᠷᠡᠴᠢᠭᠡᠯᠡ᠃ ᠴᠠᠬᠢᠷᠮ᠎ᠠ ᠲᠡᠪᠰᠡᠭ ᠢ ᠪᠦᠷᠬᠦᠳᠡᠯ᠎ᠡ ᠲᠡᠯᠭᠡᠷᠡᠴᠢᠬᠡᠯᠡ᠃ ᠨᠤᠳᠤᠭ ᠤᠨ ᠮᠢᠨᠢ ᠠᠭᠤᠯᠠ ᠲᠠᠯ᠎ᠠ᠂ ᠭᠤᠤ ᠭᠠᠩᠭ᠎ᠠ ᠠᠯᠢ ᠪᠦᠬᠦᠨ ᠢ | ᠲᠡᠪᠵᠢᠬᠦᠯᠦᠭᠡᠳ ᠰᠡᠳᠬᠢᠯ ᠵᠢᠷᠦᠬᠡᠨ ᠤ ᠬᠦᠨ ᠳᠤ ᠲᠡᠯᠭᠡᠷᠡᠴᠢᠬᠡᠯᠡ᠃ ᠪᠢ ᠴᠠᠬᠢᠯᠳᠠᠭ ᠤᠨ ᠴᠡᠴᠡᠭ ᠤᠨ ᠲᠤᠮᠳᠠᠭᠤᠷ ᠴᠡᠬᠡᠵᠢ ᠪᠠᠨ ᠲᠡᠨᠢᠢᠯᠭᠡᠨ᠂ ᠬᠤᠶᠠᠷ ᠭᠠᠷ ᠢᠶᠠᠨ | ᠠᠯᠳᠠᠯᠠᠨ ᠬᠦᠭᠡ ᠴᠡᠩᠭᠡᠷ ᠤᠭᠳᠠᠷᠭᠤᠢ ᠶᠢᠨ ᠲᠤᠤᠭᠤᠷ᠂ ᠭᠦᠷᠢᠶᠡᠳᠦ ᠬᠠᠳᠤᠨ ᠨᠠᠷᠠᠨ ᠤ ᠰᠠᠴᠤᠷᠠᠭ ᠲᠡᠪᠡᠷᠢᠨ ᠲᠡᠪᠳᠡᠷᠢᠨ ᠲᠡᠪᠳᠡᠷᠢᠭᠰᠡᠭᠡᠷ᠂ ᠪᠤᠭᠱᠤᠤᠷᠭᠠ | ᠪᠤᠯᠵᠤᠮᠤᠷ ᠰᠢᠭ᠋ ᠡᠷᠬᠢᠯᠳᠦᠨ ᠲᠠᠭᠤᠯᠠᠵᠤ ᠪᠠᠶᠢᠨ᠎ᠠ᠃ | ︽ᠬᠠᠪᠤᠷ ᠤᠨ ᠤᠶᠠᠩᠭᠠᠨ ᠲᠠᠯ᠎ᠠ ᠲᠤᠮᠳᠠᠭᠤᠷ ᠡ | ᠬᠠᠶᠢᠷ᠎ᠠ ᠶᠢᠨ ᠴᠠᠬᠢᠷᠮ᠎ᠠ ᠲᠡᠯᠭᠡᠷᠡᠵᠡᠢ ᠬᠦᠢ | ᠬᠠᠭᠠᠨ ᠨᠤᠳᠤᠭ ᠤᠨ ᠰᠦᠯᠳᠡ ᠴᠡᠴᠡᠭ ᠨᠢ | ᠬᠠᠯᠠᠭᠤᠨ ᠵᠢᠷᠦᠬᠡᠨ ᠳᠤ ᠦᠨᠳᠦᠰᠦᠯᠡᠵᠡᠢ | ᠨᠤᠳᠤᠭ ᠢ ᠪᠦᠷᠬᠦᠨ ᠭᠠᠩᠭᠠᠷᠠᠨ᠎ᠠ ᠶᠡ | ᠨᠤᠭᠤᠨ ᠬᠦᠦ ᠰᠢᠭ ᠴᠤᠭ ᠲᠠᠢ ᠶᠠ︾ ᠭᠡᠵᠤ ᠬᠦᠭᠡᠷᠦᠨ ᠬᠦᠭᠰᠡᠨ ᠢᠨᠢᠶᠡᠭᠰᠡᠨ ᠳᠡᠭᠡᠨ ᠲᠤᠭᠳᠤᠯᠤᠭᠠᠳ ᠠᠮᠳᠠᠳᠦ ᠵᠡᠭᠦᠳᠦᠨ ᠠᠴᠠ ᠪᠠᠨ ᠰᠡᠷᠢᠴᠢᠬᠡᠪᠡ᠃ | ᠪᠠᠶᠠᠷᠳᠦ ᠵᠡᠭᠦᠳᠦ᠂ ᠡᠰᠡᠷᠡᠭ ᠤᠨ ᠰᠤᠪᠢᠩ ᠤᠨ ᠢᠶᠠᠨ ᠰᠡᠷᠮᠡᠬᠦᠨ ᠨᠤᠲ ᠢ ᠲᠠᠭᠠᠭᠠᠳ ᠪᠢ ᠪᠠᠭ᠎ᠠ ᠶᠢᠨ ᠨᠤᠳᠤᠭ ᠵᠦᠭ ᠢᠶᠠᠨ ᠨᠢᠰᠪᠡ᠃ ᠰᠡᠳᠬᠢᠯ ᠮᠢᠨᠢ ᠨᠠᠳᠠ ᠠᠴᠠ | ᠤᠷᠢᠳ ᠢᠶᠠᠷ ᠬᠦᠷᠴᠢᠭᠡᠭᠡᠳ ᠠᠶᠢᠯᠴᠢᠯᠠᠵᠤ ᠪᠠᠶᠢᠨ᠎ᠠ᠃ | ︽ᠲᠤᠭᠤᠯ ᠲᠤᠭᠤᠯ ᠲᠤᠷᠮᠤᠯᠵᠠᠵᠤ ᠪᠠᠶᠢᠨ᠎ᠠ | ᠲᠤᠭᠯᠠᠨ ᠲᠤᠩᠭᠤᠴᠢᠨ ᠲᠤᠷᠨᠢᠵᠤ ᠪᠠᠶᠢᠨ᠎ᠠ | ᠲᠤᠯᠭᠠᠨ ᠤ ᠤᠳᠤᠭ᠎ᠠ ᠤᠨᠢᠶᠠᠷᠳᠤᠵᠤ ᠪᠠᠶᠢᠨ᠎ᠠ | ᠲᠡᠨᠵᠢ ᠲᠡᠪᠰᠡᠭ ᠢᠶᠠᠷ ᠠᠯᠢᠶᠠᠯᠠᠵᠤ ᠪᠠᠶᠢᠨ᠎ᠠ | ᠴᠡᠬᠢᠷᠮᠠ ᠴᠡᠬᠢᠷᠮᠠ ᠴᠡᠯᠡᠭᠡᠷᠡᠨ ᠪᠠᠶᠢᠨ᠎ᠠ | ᠴᠡᠬᠢᠷᠮᠠ ᠶᠢᠨ ᠲᠡᠪᠰᠡᠭ ᠲᠤ ᠪᠤᠳᠠᠯᠠᠵᠤ ᠪᠠᠶᠢᠨ᠎ᠠ | ᠬᠤᠩᠭᠤᠷ ᠲᠤᠭᠤᠷᠴᠤᠭ ᠨᠢ ᠵᠡᠭᠦᠷᠮᠡᠭᠯᠡᠵᠦ ᠪᠠᠶᠢᠨ᠎ᠠ | ᠬᠦᠩᠬᠡᠨ ᠰᠠᠯᠬᠢᠨ ᠳᠤ ᠵᠠᠳᠠᠷᠠᠵᠤ ᠪᠠᠶᠢᠨ᠎ᠠ ᠁︾ ᠭᠡᠵᠤ ᠠᠮᠠᠨ ᠲᠠᠷᠨᠢ ᠪᠠᠨ ᠬᠢᠩᠰᠢᠭᠰᠡᠭᠡᠷ ᠲᠤᠭᠤᠯ ᠢᠶᠠᠨ ᠲᠠᠭᠤᠭᠠᠳ ᠴᠡᠬᠢᠷᠮᠠ ᠶᠢᠨ ᠲᠡᠪᠰᠡᠭ ᠲᠡᠭᠡᠷ᠎ᠡ | ᠪᠤᠯᠵᠤᠭᠰᠠᠨ ᠶᠤᠮ ᠰᠢᠭ᠋ ᠠᠭᠤᠯᠵᠠᠵᠠᠭᠠᠨᠠ᠃ | ᠮᠠᠨ ᠤ ᠭᠡᠷ ᠠᠴᠠ ᠤᠶᠢᠷᠠᠬᠠᠨ ᠬᠠᠷᠠᠭᠤᠤ ᠶᠢᠨ ᠭᠤᠤᠯ ᠤᠨ ᠬᠦᠪᠡᠭᠡᠨ ᠳᠤ ᠴᠠᠬᠢᠷᠮ᠎ᠠ ᠶᠢᠨ ᠲᠡᠪᠰᠡᠭ ᠭᠡᠵᠤ ᠪᠠᠶᠢᠳᠠᠭ᠃ ᠠᠳᠡ ᠨᠤᠳᠤᠭ ᠲᠠᠭᠠᠨ ᠠᠷᠭ᠎ᠠ | ᠦᠭᠡᠢ ᠡᠭᠡᠯᠢᠳᠡᠢ ᠦᠭᠡᠳᠡᠩ᠂ ᠰᠠᠷᠠᠯᠠᠩ᠂ ᠪᠡᠷᠢᠴᠡᠴᠡᠭ᠂ ᠪᠦᠪᠡᠭᠡᠯᠵᠢᠨ ᠴᠡᠴᠡᠭ ᠭᠡᠳ ᠦᠩᠭᠡ ᠮᠦᠴᠡᠭᠡᠷᠭᠡᠨ ᠲᠡᠯᠭᠡᠷᠡᠬᠦ ᠠᠴᠠ ᠠᠰᠳᠠᠭᠠᠨ ᠨᠢᠭᠡ ᠦᠨᠳᠦᠷᠬᠡᠨ ᠰᠢᠭ | ᠨᠢᠭᠡ ᠬᠡᠰᠡᠭ ᠭᠠᠵᠠᠷ ᠲᠤᠨᠢ ᠴᠠᠬᠢᠷᠮ᠎ᠠ ᠬᠠᠮᠤᠭ ᠠᠴᠠ ᠢᠯᠡᠬᠦᠦ ᠶᠠᠭᠰᠢᠷᠠᠨ ᠪᠤᠳᠠᠯᠠᠭᠰᠠᠨ ᠪᠤᠯᠬᠤᠷ ᠡᠷᠳᠡᠨ ᠠᠴᠠ ᠠᠪᠤᠭᠠᠳ ᠠᠶᠢᠯ ᠤᠰᠤᠨ ᠤ ᠬᠢᠨ ︽ | ᠴᠠᠬᠢᠷᠮ᠎ᠠ ᠶᠢᠨ ᠲᠡᠪᠰᠡᠭ︾ ᠭᠡᠵᠤ ᠨᠡᠷᠡᠯᠡᠭᠰᠡᠨ ᠪᠠᠶᠢᠬᠤ ᠶᠤᠮ᠃ ᠲᠡᠪᠰᠡᠭ ᠲᠡᠭᠡᠷ᠎ᠡ ᠲᠠᠪᠤᠨ ᠰᠠᠷ᠎ᠠ ᠠᠴᠠ ᠨᠠᠮᠤᠷ ᠤᠨ ᠲᠤᠮᠳᠠᠴᠢ ᠰᠠᠷ᠎ᠠ ᠪᠤᠯᠳᠠᠯ᠎ᠠ ᠴᠠᠬᠢᠷᠮ᠎ᠠ ᠴᠡᠴᠡᠭ | ᠪᠠᠳᠠᠷᠠᠨ ᠲᠡᠯᠭᠡᠷᠡᠭᠡᠳ ᠪᠤᠷᠤᠭᠵᠢᠭᠤᠨ ᠬᠦᠬᠡ ᠦᠩᠭᠡ ᠪᠠᠷ ᠢᠶᠠᠨ ᠨᠤᠳᠤᠭ ᠪᠠᠶᠢᠭᠠᠯᠢ ᠪᠠ ᠬᠦᠮᠦᠨ ᠵᠤᠨ ᠤ ᠪᠠᠨ ᠰᠡᠳᠬᠢᠯ ᠵᠢᠷᠦᠭᠡ ᠶᠢ ᠬᠦᠰᠡᠯᠵᠡᠬᠦᠯᠦᠨ ᠴᠢᠮᠡᠨ᠎ᠡ᠃ | ᠮᠦᠩᠬᠦᠨ ᠤᠳᠠᠰᠦ ᠰᠢᠭ᠋ ᠦᠶᠡᠯᠵᠡᠭᠰᠡᠨ ᠬᠠᠷᠠᠭᠤᠤ ᠶᠢᠨ ᠭᠤᠤᠯ ᠤᠨ ᠬᠦᠪᠡᠭᠡᠨ ᠳᠤ ᠴᠠᠬᠢᠷᠮ᠎ᠠ ᠬᠠᠪᠤᠷ ᠬᠠᠪᠤᠷ ᠡᠷᠳᠡᠯᠡᠨ ᠲᠡᠯᠭᠡᠷᠡᠳᠡᠭ ᠨᠢ ᠨᠤᠳᠤᠭ ᠤᠨ | ᠬᠦᠮᠦᠰ ᠲᠤ ᠶᠤᠰᠤᠳᠠᠢ ᠭᠠᠶᠢᠬᠠᠮᠰᠢᠭ ᠤᠨ ᠨᠢᠭᠡ ᠪᠤᠯᠤᠭᠠᠳ ᠢᠷᠡᠵᠡᠢ᠃ ᠮᠢᠨᠦ ᠤᠬᠠᠭᠠᠨ ᠪᠤᠳᠤᠯ ᠳᠤ ᠶᠠᠭ ᠯᠡ ᠤᠰᠤᠨ ᠤ ᠮᠡᠯᠡᠬᠡᠢ ᠭᠤᠸᠠᠭᠯᠠᠬᠤ ᠪᠦᠷᠢ | ᠲᠡᠭᠦᠨ ᠲᠠᠢ ᠤᠷᠤᠯᠳᠤᠨ ᠬᠡᠳᠦ ᠬᠡᠳᠦᠨ ᠬᠦᠢᠰᠦ ᠴᠠᠬᠢᠷᠮ᠎ᠠ ᠴᠡᠴᠡᠭ ᠲᠤᠷᠮᠦ᠋ᠢᠴᠢᠬᠠᠳᠠᠭ ᠰᠢᠭ᠋ ᠰᠠᠨᠠᠭᠳᠠᠵᠤ ᠪᠠᠶᠢᠭᠰᠠᠨ᠃ ᠨᠤᠳᠤᠭ ᠤᠨ ᠬᠦᠮᠦᠰ ᠴᠠᠬᠢᠷᠮ᠎ᠠ ᠠᠴᠠ | ᠡᠭᠡᠯ ᠪᠤᠷᠤᠭᠵᠢᠭᠤᠨ ᠦᠩᠭᠡ ᠬᠦᠷᠳᠡᠵᠤ᠂ ᠲᠠᠷᠤᠤ ᠭᠡᠭᠡᠨ ᠤᠬᠠᠭᠠᠨ ᠤᠯᠠᠮᠯᠠᠨ᠂ ᠠᠮᠢᠳᠤᠷᠠᠯ ᠤᠨ ᠲᠡᠰᠪᠦᠷᠢ ᠲᠤᠭᠳᠠᠪᠦᠷᠢᠳᠦ ᠠᠷᠠᠨᠰᠢᠨ ᠢ ᠦᠪᠯᠡᠨ ᠠᠪᠴᠦ | ᠪᠠᠶᠢᠭᠰᠠᠨ ᠪᠠᠶᠢᠵᠠᠢ ᠭᠡᠵᠤ ᠪᠢ ᠬᠤᠵᠢᠮ ᠨᠢ ᠰᠠᠶ᠋ᠢ ᠤᠬᠠᠭᠰᠠᠨ᠃ | ᠬᠠᠷᠠᠭᠤᠤ ᠶᠢᠨ ᠭᠤᠤᠯ ᠤᠨ ᠠᠷᠤ ᠡᠷᠬᠢ ᠲᠡᠨᠵᠢ᠂ ᠴᠠᠬᠢᠷᠮ᠎ᠠ ᠶᠢᠨ ᠲᠡᠪᠰᠡᠭ ᠤᠨ ᠬᠠᠪᠢ ᠤᠷᠴᠢᠨ ᠢᠶᠠᠷ ᠴᠠᠭᠠᠨ ᠰᠤᠳᠠᠰᠤ ᠲᠠᠢ ᠤᠯᠠᠭᠠᠨ ᠤᠬᠤᠷ | ᠦᠮᠦᠳᠦ ᠲᠠᠢ ᠬᠦᠦᠴᠤᠤᠯ ᠪᠤᠶᠤ ᠴᠡᠴᠡᠭᠡᠰ ᠤᠨ ᠲᠠᠯᠪᠢ ᠶᠢ ᠦᠨᠦᠷᠯᠡᠨ ᠲᠡᠪᠳᠡᠷᠢᠵᠤ ᠲᠡᠪᠵᠢᠭᠰᠡᠨ ᠵᠦᠭᠡᠢ ᠡᠷᠪᠡᠬᠡᠢ ᠰᠢᠭ ᠠᠯᠠᠭ ᠪᠠᠩᠵᠠᠯ ᠲᠠᠢ ᠵᠢᠭᠠᠯ ᠦᠬᠢᠳ | ᠲᠤᠭᠤᠯ ᠢᠶᠠᠨ ᠪᠡᠯᠴᠢᠭᠡᠬᠦ ᠳᠤ ᠴᠠᠬᠢᠷᠮ᠎ᠠ ᠶᠢᠨ ᠨᠠᠪᠴᠢ ᠪᠠᠷ ᠲᠠᠳᠠᠭᠤᠷ ᠪᠠᠭᠤᠪᠴᠢ ᠬᠦᠷᠦᠵᠦ ᠵᠡᠬᠦᠨ᠎ᠡ᠃ ᠴᠡᠴᠡᠭ ᠤᠨ ᠬᠢᠨᠢ ᠠᠯᠢ ᠢᠳᠡᠷᠡᠭᠦᠨ ᠪᠠᠳᠠᠷᠠᠭᠤᠨ ᠠᠴᠠ ᠨᠢ | ᠵᠤᠯᠭᠠᠭᠠᠨ ᠠᠪᠴᠦ ᠲᠠᠳᠠᠭᠤᠷ ᠲᠡᠭᠡᠷ᠎ᠡ ᠪᠠᠨ ᠵᠡᠬᠦᠨ᠎ᠡ᠃ ᠲᠡᠭᠦᠨ ᠢᠶᠠᠷ ᠨᠠᠭᠠᠳᠤᠭᠠᠳ ᠨᠠᠭᠠᠳᠤᠭᠠᠳ ᠬᠠᠨᠤᠰᠢ ᠦᠭᠡᠢ ᠶᠢᠨ ᠡᠷᠭᠡᠨ ᠳᠤ ᠪᠤᠯᠪᠠ ᠤᠤ︖ ᠭᠡᠷ ᠲᠡᠭᠡᠨ | ᠬᠠᠷᠢᠬᠤ ᠳᠠᠭᠠᠨ ᠴᠤ ᠦᠷᠭᠡᠨ ᠤᠷᠳᠦ ᠰᠢᠯᠤᠭᠤᠨ ᠨᠤᠭᠤᠭᠠᠨ ᠨᠠᠪᠴᠢᠨ ᠠᠴᠠ ᠨᠢ ᠠᠳᠬᠤ ᠲᠦᠭᠦᠷᠡᠩ ᠠᠪᠤᠭᠠᠳ ᠪᠤᠴᠠᠳᠠᠭ ᠪᠠᠶᠢᠭᠰᠠᠨ᠃ | ᠨᠢᠭᠡᠨ ᠦᠳᠡ ᠳᠤ ᠪᠢ ᠲᠠᠳᠠᠭᠤᠷ ᠪᠠᠭᠤᠪᠴᠢ ᠪᠠᠨ ᠵᠡᠭᠦᠴᠢᠬᠡᠭᠡᠳ ᠠᠪᠤ ᠪᠠᠷ ᠭᠤᠯᠢᠶ᠎ᠡ ᠶᠢᠨ ᠰᠢᠩᠭᠡᠯᠢᠭ ᠬᠦᠷᠦᠭᠦᠯᠭᠦ ᠭᠡᠵᠤ ᠬᠦᠯᠢᠶᠡᠵᠤ ᠶᠠᠳᠠᠬᠤ ᠳᠠᠭᠠᠨ | ᠰᠢᠷ᠎ᠡ ᠭᠡᠵᠢᠬᠡ ᠪᠠᠨ ᠡᠷᠪᠠᠶᠢᠯᠭᠡᠨ ᠡᠭᠦᠳᠡᠨ ᠬᠠᠳᠠᠪᠴᠢ ᠲᠡᠭᠡᠷ᠎ᠡ ᠵᠤᠭᠰᠤᠵᠤ ᠪᠠᠶᠢᠪᠠ᠃ ᠡᠮᠡᠭᠡ ᠦᠵᠡᠴᠢᠭᠡᠭᠡᠳ᠄ ︽ᠡᠬᠦᠳᠡᠨ ᠬᠠᠳᠠᠪᠴᠢᠨ ᠲᠡᠭᠡᠷ᠎ᠡ ᠵᠤᠭᠰᠤᠪᠠᠯ | ᠮᠠᠭᠤ ᠶᠤᠷᠤ ᠲᠠᠢ ᠭᠡᠵᠤ ᠬᠡᠯᠡᠭᠡᠳ ᠮᠡᠳᠡᠭᠦ ᠦᠭᠡᠢ ᠬᠡᠦᠬᠡᠳ ᠬᠦᠢ᠂ ᠴᠠᠬᠢᠷᠮ᠎ᠠ ᠶᠢ ᠪᠢᠳᠡᠬᠡᠢ ᠲᠡᠭᠡᠵᠤ ᠠᠷᠪᠢᠨ ᠲᠠᠰᠤᠳᠠ ᠭᠡᠵᠤ ᠬᠡᠴᠦᠨᠡᠨ ᠬᠡᠯᠡᠵᠤ ᠪᠠᠶᠢᠬᠤ ᠳᠤ᠂ | ᠪᠦᠷ ᠪᠠᠷᠠᠴᠢᠬᠠᠪᠠᠯ ᠶᠠᠭᠤ ᠪᠠᠨ ᠠᠪᠤᠨ᠎ᠠ ᠪᠤᠢ︖ ᠳᠠᠬᠡᠬᠦ ᠳᠤ ᠴᠠᠬᠢᠷᠮ᠎ᠠ ᠨᠤᠬᠠᠢ ᠶᠢᠨ ᠰᠢᠬᠡᠰᠦᠨ ᠤ ᠠᠮᠳᠠ ᠲᠠᠢ ᠬᠡᠳᠡᠭ ᠶᠤᠮ᠂ ᠰᠠᠶᠢᠨ ᠨᠠᠭᠠᠳ︾ ᠭᠡᠵᠤ ᠬᠡᠯᠡᠭᠡᠳ | ᠭᠡᠷ ᠲᠤ ᠤᠷᠤᠪᠠ᠃ ᠡᠮᠡᠭᠡ ᠶᠢᠨ ᠬᠡᠯᠡᠭᠰᠡᠨ ᠨᠢ ᠨᠢᠭᠡ ᠠᠴᠠ ᠬᠤᠶᠠᠷ ᠲᠤ᠂ ᠬᠤᠶᠠᠷ ᠠᠴᠠ ᠲᠦᠷᠪᠡ ᠳᠤ ᠲᠠᠮᠵᠢᠭᠰᠠᠭᠠᠷ ᠪᠠᠶᠢᠵᠤ ᠬᠡᠨ ᠨᠢ ᠴᠦ ᠲᠡᠭᠢᠵᠦ ᠲᠠᠰᠤᠳᠠᠵᠤ | ᠲᠠᠮᠤᠯᠠᠬᠤ ᠪᠠᠨ ᠪᠤᠯᠢᠭᠰᠠᠨ ᠪᠤᠯᠪᠠᠴᠦ ᠲᠡᠭᠦᠨ ᠤ ᠲᠤᠬᠠᠢ ᠰᠤᠨᠢᠭᠤᠴᠢ ᠰᠡᠳᠬᠢᠯᠭᠡ ᠨᠢ ᠤᠯᠠᠮ ᠦᠳᠭᠡᠷᠡᠭᠡᠳ ᠴᠠᠬᠢᠷᠮ᠎ᠠ ᠶᠢᠨ ᠲᠡᠪᠰᠡᠭ ᠤᠨ ᠤᠷᠴᠢᠨ ᠢᠶᠠᠷ ᠡᠷᠪᠡᠬᠡᠢ | ᠵᠦᠭᠡᠢ ᠰᠢᠭ ᠲᠠᠭᠤᠯᠠᠵᠤ ᠪᠦᠵᠢᠭᠯᠡᠵᠦ ᠯᠡ ᠪᠠᠶᠢᠳᠠᠭ ᠶᠤᠮ᠃ | ᠨᠠᠮᠤᠷ ᠤᠨ ᠰᠡᠭᠦᠯᠴᠢ ᠡᠪᠦᠯ ᠤᠨ ᠡᠬᠢ ᠪᠤᠯᠪᠠᠯ ᠡᠮᠡᠭᠡ ᠲᠠᠷᠠᠭ᠎ᠠ ᠵᠢᠯ ᠳᠡᠭᠡᠨ ᠲᠡᠪᠳᠦᠭᠡᠵᠤ ᠴᠢᠬᠢᠭᠳᠦᠬᠦᠯᠵᠦ ᠵᠦᠭᠡᠯᠡᠷᠡᠭᠦᠯᠵᠤ ᠪᠠᠶᠢᠭᠠᠳ ᠨᠠᠪᠴᠢᠨ ᠲᠠᠮᠠᠬᠢ | ᠪᠤᠭᠤᠬᠤ᠂ ᠬᠠᠳᠠᠭᠠᠭᠰᠠᠨ ᠨᠤᠭᠤᠭ᠎ᠠ ᠪᠤᠭᠤᠬᠤ ᠳᠤ ᠬᠡᠷᠡᠭᠯᠡᠬᠦ ᠭᠡᠵᠤ ᠨᠢᠭᠡᠨᠳᠡ ᠬᠠᠳᠠᠴᠢᠬᠠᠭᠰᠠᠨ ᠴᠠᠬᠢᠷᠮ᠎ᠠ ᠶᠢᠨ ᠨᠠᠪᠴᠢ ᠶᠢ ᠠᠪᠴᠢᠷᠠᠭᠤᠯᠤᠭᠠᠳ ᠬᠠᠳᠠᠭᠠᠯᠠᠳᠠᠭ᠃ | ᠪᠠᠰᠠ ᠲᠤᠮᠤ ᠬᠦᠮᠦᠨ ᠤ ᠬᠤᠷᠤᠭᠤ ᠭᠡᠮᠡᠷ ᠭᠤᠳᠦ᠋ᠢᠯᠵᠠᠨ ᠲᠤᠬᠢᠯᠵᠠᠵᠤ ᠪᠠᠶᠢᠭ᠎ᠠ ᠴᠠᠬᠢᠷᠮ᠎ᠠ ᠶᠢᠨ ᠦᠷ᠎ᠡ ᠠᠴᠠ ᠲᠡᠬᠦᠯᠭᠡᠨᠡ᠃ ᠤᠴᠢᠷ ᠢ ᠨᠢ ᠠᠰᠠᠭᠤᠪᠠᠯ᠂ ᠬᠦᠢᠳᠡᠨ | ᠡᠪᠡᠳᠴᠢᠨ ᠲᠠᠢ ᠬᠦᠮᠦᠨ ᠦᠷ᠎ᠡ ᠶᠢ ᠨᠢ ᠴᠢᠨᠠᠭᠠᠳ ᠰᠦᠮᠦᠰᠦ ᠶᠢ ᠨᠢ ᠤᠤᠭᠤᠪᠠᠯ ᠤᠨᠴᠠ ᠲᠤᠰᠠᠲᠠᠢ ᠭᠡᠨ᠎ᠡ᠃ ᠠᠶᠢᠯ ᠤᠰᠤᠨ ᠤ ᠬᠢᠨ ᠤ ᠬᠡᠨ ᠨᠢᠭᠡᠨ ᠳᠤᠨᠢ | ᠬᠡᠷᠡᠭᠴᠡᠭᠡ ᠲᠠᠢ ᠪᠤᠯᠪᠠᠯ ᠲᠡᠭᠦᠨ ᠳᠤ ᠲᠤᠰᠠᠯᠠᠬᠤ ᠳᠤ ᠪᠠᠯᠠᠨ ᠭᠡᠨ᠎ᠡ᠃ | ᠪᠤᠷᠬᠠᠨ ᠪᠤᠯᠤᠭᠰᠠᠨ ᠡᠮᠡᠭᠡ᠂ ᠬᠤᠮᠰᠠᠳᠠᠨ ᠴᠦᠬᠡᠬᠡᠷᠡᠭᠰᠡᠨ ᠴᠠᠬᠢᠷᠮ᠎ᠠ ᠁ ᠦᠨᠦᠳᠦᠷ ᠪᠢ ᠲᠡᠳᠡᠨ ᠤ ᠵᠦᠭ ᠨᠢᠰᠬᠦ ᠳᠤ᠂ ᠲᠡᠳᠡᠨ ᠬᠠᠷᠢᠨ ᠮᠢᠨᠦ ᠰᠡᠳᠬᠢᠯ | ᠵᠢᠷᠦᠬᠡᠨ ᠤ ᠠᠭᠠᠷ ᠮᠠᠨᠳᠠᠯ ᠲᠤᠮᠳᠠᠭᠤᠷ ᠭᠠᠵᠠᠷ ᠢᠶᠠᠨ ᠠᠪᠴᠦ ᠨᠠᠭᠠᠰᠢ ᠬᠠᠯᠢᠨ ᠨᠢᠰᠦᠭᠰᠡᠭᠡᠷ ᠪᠠᠶᠢᠵᠠᠢ ᠡ᠃ | ᠠᠩᠬ᠎ᠠ ᠲᠤᠮᠳᠠᠳᠦ ᠳᠤ ᠯ᠊ · ᠤᠳᠽᠠᠷ ᠪᠠᠭᠰᠢᠳᠠᠨ ᠤ ︽ᠴᠠᠬᠢᠯᠳᠠᠭ︾ ᠬᠡᠮᠡᠬᠦ ᠭᠤᠶᠤ ᠵᠤᠬᠢᠶᠠᠯ ᠢ ᠰᠤᠷᠤᠭᠰᠠᠨ ᠤ ᠲᠠᠷᠠᠭ᠎ᠠ᠂ ᠴᠠᠬᠢᠷᠮ᠎ᠠ ᠲᠠᠰᠤᠳᠠᠭᠠᠳ | ᠡᠮᠡᠭᠡ ᠳᠡᠭᠡᠨ ᠵᠠᠩᠨᠠᠭᠳᠠᠳᠠᠭ ᠪᠠ ᠡᠮᠡᠭᠡ ᠶᠢᠨ ᠶᠠᠷᠢᠭᠰᠠᠨ ᠦᠯᠢᠭᠡᠷ ᠵᠤᠭᠤᠭ ᠤᠨ ᠤᠴᠢᠷ ᠢ ᠠᠩᠬ᠎ᠠ ᠠᠯᠬᠤᠮ ᠤᠶᠢᠯᠠᠭᠠᠵᠤ ᠪᠢᠯᠡ᠃ ᠠᠵᠢᠯ ᠤᠨ ᠪᠠᠶᠢᠷᠢ ᠳᠤ | ᠭᠠᠷᠤᠭᠠᠳ ᠠᠩᠭ᠎ᠠ ᠰᠤᠷᠤᠭᠴᠢᠳ ᠲᠠᠭᠠᠨ ︽ᠴᠠᠬᠢᠯᠳᠠᠭ︾ ᠢ ᠲᠠᠶᠢᠯᠪᠦᠷᠢᠯᠠᠨ ᠵᠢᠭᠠᠭᠠᠳ ᠴᠠᠬᠢᠷᠮ᠎ᠠ ᠶᠢᠨ ᠲᠤᠬᠠᠢ ᠨᠡᠩ ᠬᠦᠨᠵᠡᠬᠡᠢ ᠲᠠᠨᠢᠵᠤ᠂ ᠴᠠᠬᠢᠯᠳᠠᠭ ᠮᠡᠳᠦ ᠶᠢᠨ | ᠵᠠᠩ ᠴᠢᠨᠠᠷ ᠲᠠᠢ ᠴᠡᠴᠡᠭ ᠮᠤᠳᠦ ᠪᠠᠷ ᠪᠡᠯᠭᠡᠳᠡᠯ ᠤᠨ ᠰᠢᠨᠵᠢ ᠲᠠᠢ ᠨᠠᠶᠢᠷᠠᠭᠤᠯᠤᠯ ᠪᠢᠴᠢᠳᠡᠭ ᠤᠨ ᠤᠴᠢᠷ ᠤᠬᠠᠭᠠᠨ ᠢ ᠴᠦ ᠲᠦᠰᠦᠭᠡᠯᠡᠬᠦ ᠰᠢᠤᠬᠠᠨ ᠪᠤᠯᠬᠤ ᠶᠢᠨ | ᠤᠯᠠᠮ ᠠᠴᠠ ᠦᠨᠦᠳᠦᠷ ᠪᠠᠭ᠎ᠠ ᠶᠢᠨ ᠨᠤᠳᠤᠭ ᠲᠠᠭᠠᠨ ᠦᠪ ᠦᠨᠡᠨ ᠬᠦ ᠨᠢᠰᠴᠦ ᠬᠦᠷᠦᠭᠡᠳ ᠴᠠᠬᠢᠷᠮ᠎ᠠ ᠶᠢᠨ ᠲᠡᠪᠰᠡᠭ ᠲᠠᠢ ᠪᠠᠨ ᠶᠠᠷᠢᠶ᠎ᠠ ᠬᠦᠭᠡᠷᠦᠬᠡ ᠲᠡᠯᠭᠡᠶᠡ᠂ | ᠤᠰᠤᠯ ᠴᠠᠯᠠᠭᠠᠢ ᠪᠠᠨ ᠨᠠᠮᠠᠨᠴᠢᠯᠠᠶ᠎ᠠ ᠭᠡᠵᠤ ᠪᠤᠳᠤᠭᠠᠳ ᠪᠠᠶᠢᠳᠠᠭ ᠪᠤᠯᠵᠠᠢ᠃ ᠪᠢ ᠬᠡᠳᠦ᠋ᠢᠪᠡᠷ ᠠᠪᠤᠨ ᠲᠤᠤᠷ᠎ᠠ ᠪᠠᠨ ᠬᠦᠷᠴᠦ ᠠᠮᠵᠢᠬᠤ ᠦᠭᠡᠢ ᠪᠤᠯᠪᠠᠴᠦ ᠨᠤᠳᠤᠭ ᠢ | ᠮᠢᠨᠢ ᠰᠠᠬᠢᠵᠤ ᠦᠯᠡᠳᠡᠭᠡᠳ ᠬᠤᠶᠢᠴᠢ ᠦᠶ᠎ᠡ ᠤᠳᠤᠮ ᠤᠭᠰᠠᠭ᠎ᠠ ᠶᠢᠨ ᠢᠶᠠᠨ ᠲᠦᠯᠦᠭᠡ ᠠᠮᠢ ᠴᠦᠯᠡᠨ ᠲᠡᠮᠡᠴᠡᠵᠤ ᠪᠠᠶᠢᠭ᠎ᠠ ᠴᠠᠬᠢᠷᠮ᠎ᠠ ᠮᠢᠨᠢ ᠪᠢᠳᠡᠭᠡᠢ ᠵᠤᠷᠢᠭ | ᠰᠢᠨᠳᠠᠷᠠᠭᠠᠷᠠᠢ ᠭᠡᠵᠤ ᠴᠡᠯᠮᠡᠭ ᠠᠭᠠᠷ ᠤᠨ ᠴᠡᠭᠡᠨ ᠲᠤᠯᠬᠢᠶᠠᠨ ᠢᠶᠠᠷ ᠢᠯᠡᠭᠡᠵᠦ ᠪᠠᠶᠢᠨ᠎ᠠ︕ ᠲᠤᠰᠴᠦ ᠠᠪᠤᠭᠠᠷᠠᠢ ᠳ᠋ᠡ᠃ | |