ᠮᠠᠨ ᠤ ᠤᠷᠤᠨ ᠳᠤ ᠶᠡᠭᠡ ᠬᠢᠳᠠᠨ ᠥᠰᠥᠭ ᠲᠠᠢ ᠬᠠᠲᠠᠨ ᠰᠡᠶᠢᠯᠦᠮᠡᠯ ᠢ ᠢᠯᠡᠷᠡᠭᠦᠯᠪᠡ
ᠨᠡᠶᠢᠲᠡᠯᠡᠭᠰᠡᠨ ᠴᠠᠭ᠄
2021/5/11
     ᠰᠤᠷᠪᠤᠯᠵᠢᠯᠠᠭᠴᠢ ᠦᠪᠦᠷ ᠮᠤᠩᠭᠤᠯ ᠤᠨ ᠳᠡᠦᠭᠡ ᠶᠢᠨ ᠳᠤᠷᠠᠰᠬᠠᠯᠳᠤ ᠵᠦᠢᠯᠡᠰ ᠤᠨ ᠳᠤᠪᠴᠢᠶ᠎ᠠ ᠠᠴᠠ ᠤᠶᠢᠢᠯᠠᠭᠠᠭᠰᠠᠨ ᠢᠶᠠᠷ᠂ ᠯᠢᠶᠣᠤ ᠤᠯᠤᠰ ᠤᠨ ᠬᠢᠳᠠᠨ ᠰᠣᠶᠣᠯ ᠰᠤᠳᠤᠯᠭᠠᠨ ᠤ ᠡᠷᠳᠡᠮᠲᠡᠳ ᠤᠯᠠᠭᠠᠨᠬᠠᠳᠠ ᠬᠤᠲᠠ ᠶᠢᠨ ᠬᠠᠷᠠᠴᠢᠨ ᠬᠤᠰᠢᠭᠤᠨ ᠤ ᠬᠢᠯᠢ ᠲᠤᠳᠤᠷᠠᠬᠢ ᠠᠰᠬ᠎ᠠ ᠬᠠᠲᠠᠨ ᠠᠴᠠ ᠴᠢᠯᠠᠭᠤᠨ ᠰᠡᠶᠢᠯᠦᠮᠡᠯ ᠥᠰᠥᠭ ᠢ ᠢᠯᠡᠷᠡᠭᠦᠯᠵᠦ᠂ ᠥᠰᠥᠭ ᠪᠢᠴᠢᠭ ᠤᠨ ᠲᠤᠰᠬᠠᠶ ᠮᠡᠷᠭᠡᠵᠢᠯᠲᠡᠨ ᠠᠴᠠ ᠬᠢᠳᠠᠨ ᠤ ᠲᠣᠮᠣ ᠥᠰᠥᠭ ᠪᠣᠯᠬᠤ ᠶᠢ ᠠᠩᠬ᠎ᠠ ᠠᠯᠬᠤᠮ ᠳᠤᠳᠤᠯᠠᠵᠠᠢ᠃      ᠳᠤᠰ ᠬᠠᠳᠠᠨ ᠰᠡᠶᠢᠯᠦᠮᠡᠯ ᠢ ᠤᠯᠠᠭᠠᠨᠬᠠᠳᠠ ᠳᠡᠭᠡᠳᠦ ᠰᠤᠷᠭᠠᠭᠤᠯᠢ ᠶᠢᠨ ᠲᠡᠦᠬᠡ ᠶᠢᠨ ᠳᠤᠷᠠᠰᠬᠠᠯᠲᠤ ᠵᠦᠢᠯᠡᠰ ᠪᠣᠯᠤᠨ ᠮᠦᠽᠧᠶ ᠶᠢᠨ ᠲᠤᠰᠬᠠᠶ ᠮᠡᠷᠭᠡᠵᠢᠯ ᠤᠨ ᠡᠷᠳᠡᠮᠲᠡᠳ ᠠᠴᠠ ᠠᠩᠬ᠎ᠠ ᠢᠯᠡᠷᠡᠭᠦᠯᠵᠤ᠂ ᠲᠤᠰ ᠬᠠᠲᠠᠨ ᠰᠡᠶᠢᠯᠦᠮᠡᠯ ᠳᠡᠭᠡᠷ᠎ᠡ ᠪᠣᠰᠤᠭ᠎ᠠ ᠪᠠᠷ ᠵᠢᠭᠰᠠᠭᠠᠭᠳᠠᠭᠰᠠᠨ ᠬᠤᠶᠠᠷ ᠮᠥᠷ 20 ᠭᠠᠷᠤᠶ ᠥᠰᠥᠭ ᠲᠠᠢ ᠪᠠᠶᠢᠵᠤ ᠂ ᠮᠢᠩᠭᠠᠨ ᠵᠢᠯ ᠤᠨ ᠰᠠᠯᠬᠢ ᠪᠣᠷᠣᠭᠠᠨ ᠢ ᠲᠤᠭᠤᠯᠤᠬᠰᠡᠨ ᠪᠣᠯᠪᠠᠴᠤ ᠣᠯᠠᠩᠬᠢ ᠥᠰᠥᠭ ᠨᠢ ᠳᠤᠪ ᠲᠣᠳᠣᠷᠬᠠᠶ ᠬᠠᠷᠠᠭᠳᠠᠵᠤ᠂ ᠬᠢᠲᠠᠳ ᠥᠰᠥᠭ ᠲᠠᠢ ᠠᠳᠠᠯᠢᠪᠲᠤᠷ ᠦᠰᠦᠭ ᠤᠨ ᠪᠦᠳᠦᠴᠡ ᠲᠠᠢ ᠦᠰᠦᠭ ᠪᠢᠴᠢᠭ ᠪᠠᠶᠢᠪᠠ᠃ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠤᠮᠠᠷᠠᠲᠤ ᠶᠢᠨ ᠦᠨᠳᠦᠰᠦᠲᠡᠨ ᠤ ᠡᠷᠲᠡᠨ ᠤ ᠥᠰᠥᠭ ᠪᠢᠴᠢᠭ ᠰᠤᠳᠤᠯᠬᠤ ᠲᠤᠰᠬᠠᠶ ᠮᠡᠷᠭᠡᠵᠢᠯᠲᠡᠨ ᠤ ᠢᠯᠭᠠᠨ ᠳᠠᠨᠢᠬᠤ ᠪᠡ ᠵᠠᠳᠠᠯᠤᠯᠳᠠ ᠪᠠᠷ ᠳᠠᠮᠵᠢᠵᠤ᠂ ᠡᠨᠡ ᠨᠢ ᠬᠢᠳᠠᠨ ᠥᠰᠥᠭ ᠤᠨ ᠶᠡᠭᠡ ᠦᠰᠦᠭ ᠤᠨ ᠬᠠᠲᠠᠨ ᠰᠡᠶᠢᠯᠦᠮᠡᠯ ᠪᠣᠯᠬᠤ ᠶᠢ ᠠᠩᠬ᠎ᠠ ᠠᠯᠬᠤᠮ ᠨᠤᠲᠠᠯᠠᠭᠰᠠᠨ ᠪᠠᠶᠢᠨ᠎ᠠ᠃      ᠬᠢᠳᠠᠨ ᠦᠰᠦᠭ ᠲᠤ ᠶᠡᠭᠡ ᠦᠰᠦᠭ ᠪᠠᠭ᠎ᠠ ᠦᠰᠦᠭ ᠬᠡᠵᠤ ᠪᠠᠶᠢᠵᠤ᠂ ᠶᠡᠭᠡ ᠦᠰᠦᠭ ᠨᠢ ᠨᠡᠶᠢᠲᠡ ᠶᠢᠨ ᠤᠨ ᠲᠣᠭᠠᠯᠠᠯ ᠤᠨ 920 ᠣᠨ ᠳᠤ ᠬᠢᠳᠠᠳ ᠦᠰᠦᠭ ᠢᠶᠠᠷ ᠯᠠᠪᠯᠠᠯᠳᠠ ᠪᠤᠯᠭᠠᠨ ᠵᠣᠬᠢᠶᠠᠭᠳᠠᠵᠤ ᠪᠠᠷᠤᠭ 3000 ᠭᠠᠷᠤᠶ ᠦᠰᠦᠭ ᠪᠤᠢ᠃ ᠣᠳᠣᠬᠠᠨ ᠳᠤ ᠢᠯᠡᠷᠡᠭᠦᠯᠦᠭᠰᠡᠨ ᠬᠢᠳᠠᠨ ᠶᠡᠭᠡ ᠦᠰᠦᠭᠲᠦ ᠮᠠᠲ᠋ᠧᠷᠢᠶᠠᠯ ᠨᠢ ᠴᠢᠯᠠᠭᠤᠨ ᠰᠡᠶᠢᠯᠦᠮᠡᠯ ᠢᠶᠠᠷ ᠭᠤᠣᠯ ᠪᠣᠯᠭᠠᠵᠤ᠂ ᠪᠢᠴᠢᠯᠭᠡ ᠨᠢ ᠪᠤᠳᠤᠯᠢᠶᠠᠨᠲᠠᠶ᠂ ᠢᠯᠭᠠᠨ ᠲᠠᠨᠢᠬᠤ ᠳᠤ ᠲᠦᠪᠡᠭᠲᠡᠶ ᠪᠣᠯᠬᠤᠷ ᠣᠳᠣᠬᠠᠨ ᠳᠤ ᠲᠠᠶᠢᠯᠪᠤᠷᠢᠯᠠᠨ ᠤᠩᠰᠢᠭᠰᠠᠨ ᠠᠭᠤᠯᠭ᠎ᠠ ᠨᠢ ᠮᠠᠰᠢ ᠬᠢᠵᠠᠭᠠᠷ ᠲᠠᠢ ᠪᠠᠶᠢᠭᠰᠠᠭᠠᠷ ᠪᠢᠯᠡ᠃      ᠲᠤᠰ ᠬᠠᠳᠠᠨ ᠰᠡᠶᠢᠯᠦᠮᠡᠯ ᠢ ᠢᠯᠡᠷᠡᠭᠦᠯᠦᠭᠰᠡᠨ ᠡᠷᠳᠡᠮᠳᠡᠨ᠄ ︽ᠯᠢᠶᠣᠤ ᠤᠯᠤᠰ ᠤᠨ ᠦᠶ᠎ᠡ ᠶᠢᠨ ᠤᠮᠠᠷᠠᠲᠤ ᠶᠢᠨ ᠬᠢᠩᠭᠠᠨ ᠳᠠᠪᠠᠭ᠎ᠠ ᠶᠢᠨ ᠬᠡᠭᠡᠷ᠎ᠡ ᠲᠠᠯ᠎ᠠ ᠳᠤ᠂ ᠴᠢᠯᠠᠭᠤᠨ ᠰᠡᠶᠢᠯᠦᠮᠡᠯ ᠢᠶᠠᠷ ᠬᠡᠷᠡᠭ ᠶᠠᠪᠤᠳᠠᠯ ᠢ ᠲᠡᠮᠳᠡᠭᠯᠡᠬᠦ ᠳᠤ ᠮᠠᠰᠢ ᠪᠡᠷᠬᠡ ᠶᠤᠮ᠂ ᠡᠨᠡ ᠬᠦ ᠬᠢᠳᠠᠨ ᠶᠡᠭᠡ ᠦᠰᠦᠭᠲᠦ ᠬᠠᠳᠠᠨ ᠰᠡᠶᠢᠯᠦᠮᠡᠯ ᠪᠣᠯ ᠣᠳᠣᠬᠠᠨ ᠤ ᠴᠣᠷ ᠤᠨ ᠭᠠᠭᠴᠠ ᠢᠯᠡᠷᠡᠭᠦᠯᠦᠭᠰᠡᠨ ᠠᠰᠬ᠎ᠠ ᠬᠠᠳᠠ ᠶᠢᠨ ᠴᠢᠯᠠᠭᠤᠨ ᠰᠡᠶᠢᠯᠦᠮᠡᠯ ᠪᠤᠯᠬᠤᠷ ᠮᠠᠰᠢ ᠬᠤᠪᠤᠷ ᠨᠠᠨᠳᠢᠨ ᠳᠡᠦᠭᠡ ᠶᠢᠨ ᠮᠠᠲ᠋ᠧᠷᠢᠶᠠᠯ ᠪᠤᠯᠤᠭᠰᠠᠨ ᠪᠢᠯᠡ︾ ᠬᠡᠵᠤ ᠳᠠᠨᠢᠯᠴᠠᠭᠤᠯᠪᠠ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ