ᠪᠣᠷᠣᠳᠣᠬᠤᠢ ᠠᠴᠠ ᠭᠠᠷᠤᠭᠰᠠᠨ ︽ᠬᠤᠶᠠᠷ ᠬᠡᠰᠡᠭ ᠲᠣᠰᠣᠨ ᠪᠣᠭᠤᠷᠰᠤᠭ︾
ᠨᠡᠶᠢᠲᠡᠯᠡᠭᠰᠡᠨ ᠴᠠᠭ᠄
2022/12/13
      ︽ᠵᠥᠪ ᠵᠥᠭᠡᠯᠡᠬᠡᠨ ᠪᠣᠷᠣᠲᠣᠬᠤᠢ ᠶᠢᠨ ᠲᠣᠰᠣᠨ ᠪᠣᠭᠤᠷᠰᠤᠭ᠂ ᠪᠣᠷᠣᠲᠣᠬᠤᠢ ᠶᠢᠨ ᠬᠥᠮᠦᠨ ᠤ ᠠᠮᠲᠠᠲᠤ ᠢᠳᠡᠭᠡᠨ ᠤ ᠰᠦᠭ ᠰᠦᠨᠡᠰᠦ︾  ︽  ᠨᠢᠭᠡ ᠳᠠᠪᠬᠤᠷ ᠴᠠᠭᠠᠨ᠂ ᠨᠢᠭᠡ ᠳᠠᠪᠬᠤᠷ ᠰᠢᠷ᠎ᠠ᠂ ᠳᠡᠭᠡᠷ᠎ᠡ ᠨᠢ ᠭᠠᠪᠢᠷ᠎ᠠ ᠶᠢᠨ ᠰᠢᠬᠢᠷ ᠲᠠᠢ︾ ᠪᠣᠷᠣᠲᠣᠬᠤᠢ ᠶᠢᠨ ᠠᠮᠲᠠᠲᠤ ᠢᠳᠡᠭᠡᠨ ᠢ ᠳᠦᠷᠰᠦᠯᠡᠨ ᠪᠢᠴᠢᠭᠰᠡᠨ ᠡᠨᠡ ᠬᠤᠶᠠᠷ ᠥᠭᠦᠯᠡᠪᠦᠷᠢ ᠨᠢ ᠬᠠᠨ ᠯᠣᠣ ᠳ᠋ᠠ ᠶᠢᠨ ᠡᠯᠳᠡᠪ ᠠᠮᠤ ᠶᠢᠨ ᠺᠣᠮᠫᠠᠨᠢ ᠶᠢᠨ ︽ᠬᠤᠶᠠᠷ ᠬᠡᠰᠡᠭ  ᠲᠣᠰᠣᠨ ᠪᠣᠭᠤᠷᠰᠤᠭ︾ - ᠰᠢᠷ᠎ᠠ ᠪᠤᠳᠠᠭᠠᠨ ᠤ ᠲᠤᠰᠤᠨ ᠪᠣᠭᠤᠷᠰᠤᠭ᠂ ᠰᠢᠷ᠎ᠠ ᠪᠤᠳᠠᠭᠠᠨ ᠤ ᠬᠦᠢᠲᠡᠨ ᠨᠠᠩᠭᠢ ᠪᠣᠣᠪᠤ ᠶᠢ ᠲᠤᠰ ᠲᠤᠰ ᠬᠡᠯᠡᠵᠡᠢ᠃       ᠣᠶᠢᠷ᠎ᠠ ᠶᠢᠨ ᠬᠤᠶᠠᠷ ᠵᠢᠯ ᠳᠤ᠂ ᠮᠠᠰᠢ ᠣᠯᠠᠨ ᠢᠳᠡᠭᠡᠨ ᠤ ᠠᠵᠤ ᠠᠬᠤᠶᠢᠯᠠᠯ ᠤᠨ ᠬᠥᠮᠥᠰ ᠲᠤᠶᠢᠯ ᠢᠶᠠᠷ ᠬᠦᠴᠢᠷᠳᠡᠵᠦ ᠪᠠᠶᠢᠨ᠎ᠠ᠂ ᠭᠡᠪᠡᠴᠦ ︽ᠬᠠᠨ  ᠯᠣᠣ ᠳ᠋ᠠ ᠡᠯᠳᠡᠪ ᠠᠮᠤ︾ ᠶᠢᠨ ᠰᠢᠷ᠎ᠠ ᠪᠤᠳᠠᠭᠠᠨ ᠤ  ᠲᠣᠰᠣᠨ ᠪᠣᠭᠤᠷᠰᠤᠭ ᠪᠠ ᠰᠢᠷ᠎ᠠ ᠪᠤᠳᠠᠭᠠᠨ ᠤ ᠬᠦᠢᠲᠡᠨ ᠨᠠᠩᠭᠢ ᠪᠣᠣᠪᠤ ᠨᠢ ᠳᠠᠶᠢᠯᠠᠯᠭ᠎ᠠ ᠪᠠ ᠭᠡᠷ ᠪᠦᠯᠢ ᠶᠢᠨ ᠬᠤᠭᠤᠯᠠᠨ ᠰᠢᠷᠡᠭᠡᠨ ᠳᠡᠭᠡᠷ᠎ᠡ ᠪᠠᠶᠢᠨ ᠪᠠᠶᠢᠨ ᠢᠯᠡᠷᠡᠵᠦ᠂ ᠪᠣᠷᠣᠳᠣᠬᠤᠢ ᠠᠴᠠ ᠭᠠᠷᠴᠤ᠂ ᠪᠡᠭᠡᠵᠢᠩ᠂ ᠭᠤᠸᠠᠩᠵᠧᠦ᠂ ᠱᠧᠨᠵᠧᠨ᠂ ᠵᠦᠬᠠᠢ ᠵᠡᠷᠭᠡ ᠭᠠᠵᠠᠷ ᠢᠶᠠᠷ ᠶᠠᠪᠤᠵᠤ᠂ ᠤᠯᠤᠰ ᠤᠨ ᠳᠣᠲᠣᠭᠠᠳᠤ ᠶᠢᠨ ᠢᠳᠡᠭᠡᠨ ᠤᠮᠳᠠᠭᠠᠨ ᠤ ᠡᠲᠡᠭᠡᠳ ᠤᠨ ᠬᠢᠨ ᠤ ᠠᠩᠬᠠᠷᠤᠯ ᠢ ᠲᠠᠲᠠᠪᠠ᠃ ᠡᠨᠡ ᠵᠢᠯ᠂ ᠬᠠᠢ ᠳ᠋ᠢ ᠰᠢᠶᠦ᠋ᠨ᠂ ᠰᠢ ᠪᠧᠢ ᠪᠣᠯᠣᠨ ᠵᠢᠦ ᠮᠣᠣ ᠵᠢᠦ ᠵᠡᠷᠭᠡ ᠨᠠᠷᠠᠲᠤ ᠢᠳᠡᠭᠡᠨ ᠤᠮᠳᠠᠭᠠᠨ ᠤ ᠪᠦᠯᠦᠭᠯᠡᠯ ᠴᠦ ᠪᠠᠶᠠᠨᠨᠠᠭᠤᠷ ᠤᠨ ᠠᠵᠤ ᠠᠬᠤᠢ ᠮᠡᠷᠭᠡᠵᠢᠯ ᠤᠨ ᠨᠡᠭᠡᠭᠡᠨ ᠬᠥᠭᠵᠢᠭᠦᠯᠦᠯᠲᠡ ᠶᠢᠨ ᠲᠣᠭᠤᠷᠢᠭ ᠲᠤ ᠪᠠᠶᠢᠭ᠎ᠠ ᠬᠠᠨ ᠯᠣᠸ ᠳ᠋ᠠ ᠡᠯᠳᠡᠪ ᠠᠮᠤ ᠶᠢᠨ ᠺᠣᠮᠫᠠᠨᠢ ᠶᠢᠨ ︽ᠬᠤᠶᠠᠷ ᠬᠡᠰᠡᠭ  ᠲᠣᠰᠣᠨ ᠪᠣᠭᠤᠷᠰᠤᠭ︾ ᠢ ᠣᠨᠢᠯᠠᠪᠠ᠃ 
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ