︽ᠲᠤᠮᠳᠠᠳᠤ ᠤᠯᠤᠰ︾ ᠭᠡᠬᠦ ᠨᠡᠷ᠎ᠡ ᠶᠢᠨ ᠢᠷᠡᠯᠲᠡ
ᠨᠡᠶᠢᠲᠡᠯᠡᠭᠰᠡᠨ ᠴᠠᠭ᠄
2023/10/12
      ᠲᠡᠦᠬᠡᠨ ᠳᠡᠭᠡᠷ᠎ᠡ ︽ᠲᠤᠮᠳᠠᠳᠤ ᠤᠯᠤᠰ︾ ᠭᠡᠳᠡᠭ  ᠨᠢ ︽  ᠬᠤᠳᠠ︾ ᠭᠡᠬᠦ  ᠦᠭᠡ ᠶᠢᠨ ᠤᠳᠬ᠎ᠠ ᠲᠠᠢ ᠪᠠᠶᠢᠵᠠᠢ᠃ ︽ᠲᠤᠮᠳᠠᠳᠤ ᠤᠯᠤᠰ︾ ᠭᠡᠳᠡᠭ  ᠨᠢ ︽ᠲᠤᠮᠳᠠᠳᠤ ᠬᠤᠳᠠ︾ ᠭᠡᠬᠦ ᠦᠭᠡ ᠲᠠᠢ ᠤᠶᠢᠷᠠᠯᠴᠠᠭ᠎ᠠ ᠪᠠᠶᠢᠳᠠᠭ᠃ ᠵᠧᠦ ᠤᠯᠤᠰ ᠤᠨ ᠦᠶ᠎ᠡ ᠳᠤ ︽ᠲᠤᠮᠳᠠᠳᠤ ᠤᠯᠤᠰ︾ ᠭᠡᠳᠡᠭ ᠨᠢ ᠬᠠᠷᠢᠨ ᠲᠠᠪᠤᠨ ᠵᠦᠢᠯ ᠤᠨ ᠤᠳᠬ᠎ᠠ ᠲᠠᠢ  ᠪᠠᠶᠢᠳᠠᠭ᠃ ᠳᠠᠷᠤᠢ᠄ 1. ︵ᠨᠡᠶᠢᠰᠯᠡᠯ︶᠂ 2. ︵ᠰᠢᠭᠤᠳ ᠨᠣᠶᠠᠷᠬᠠᠵᠤ ᠪᠠᠶᠢᠭᠰᠠᠨ ᠬᠠᠭᠠᠨᠲᠤ ᠤᠯᠤᠰ︶ 3. ︵ᠲᠤᠮᠳᠠᠳᠤ ᠲᠠᠯ᠎ᠠ ᠭᠠᠵᠠᠷ︶᠂ 4. ︵ᠤᠯᠤᠰ ᠭᠦᠷᠦᠨ ᠤ ᠳᠣᠲᠣᠭᠠᠳᠤ︶᠂ 5. ︵ᠬᠢᠲᠠᠳ ᠦᠨᠳᠦᠰᠦᠲᠡᠨ ᠤ ᠰᠠᠭᠤᠷᠢᠰᠢᠵᠤ ᠪᠠᠶᠢᠭᠰᠠᠨ ᠭᠠᠵᠠᠷ︶ ᠵᠡᠷᠭᠡ ᠶᠢ ᠬᠡᠯᠡᠵᠦ ᠪᠠᠶᠢᠵᠠᠢ᠃ ᠳᠠᠷᠤᠢ ᠲᠤᠮᠳᠠᠳᠤ ᠤᠯᠤᠰ ᠭᠡᠳᠡᠭ  ᠨᠢ ᠵᠦᠪᠬᠡᠨ ᠲᠦᠷᠢᠰᠦᠯᠡᠨ ᠬᠡᠯᠡᠭᠰᠡᠨ ᠦᠭᠡ ᠪᠤᠯᠠᠬᠤ ᠠᠴᠠ ᠪᠢᠰᠢ᠂ ᠬᠠᠷᠢᠨ ᠲᠤᠰᠬᠠᠢ ᠨᠡᠷᠡᠰ ᠦᠭᠡ ᠪᠢᠰᠢ ᠶᠤᠮ᠃              ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠠᠴᠠ ᠰᠡᠭᠦᠯᠡᠷ ᠰᠠᠶ᠋ᠢ ︽ᠲᠤᠮᠳᠠᠳᠤ ᠤᠯᠤᠰ︾  ᠢ ︽ᠲᠤᠮᠳᠠᠳᠤ ᠢᠷᠭᠡᠨ ᠤᠯᠤᠰ︾ ᠭᠡᠵᠦ ᠲᠣᠪᠴᠢᠯᠠᠨ ᠳᠠᠭᠤᠳᠠᠵᠤ᠂ ᠴᠢᠯᠦᠭᠡᠯᠡᠭᠳᠡᠭᠰᠡᠨ ᠤ ᠲᠠᠷᠠᠭ᠎ᠠ ︽ᠲᠤᠮᠳᠠᠳᠤ ᠤᠯᠤᠰ︾  ᠢ  ︽ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ︾ ᠭᠡᠵᠦ ᠳᠠᠭᠤᠳᠠᠬᠤ ᠪᠣᠯᠵᠠᠢ᠃
ᠢᠷᠡᠯᠲᠡ᠄ ᠬᠤᠯᠪᠤᠭ᠎ᠠ ᠰᠦᠯᠵᠢᠶ᠎ᠡ