ᠨᠢᠷᠤᠭᠤᠨ ᠣᠪᠣᠭ - ᠤᠯᠠᠮᠵᠢᠯᠠᠯ ᠶᠠᠷᠢᠶ᠎ᠠ ᠪᠠᠷ ᠲᠡᠮᠦᠵᠢᠨ ᠤ ᠠᠷᠪᠠᠨ ᠨᠢᠭᠡᠨ ᠦᠶ᠎ᠡ ᠶᠢᠨ ᠡᠮᠦᠨᠡᠬᠢ ᠡᠮᠡᠭᠡ ᠠᠯᠤᠨ ᠭᠤᠸ᠎ᠠ ᠶᠢᠨ ᠬᠡᠪᠡᠯᠢ ᠳᠤ ᠨᠢ ᠭᠡᠷᠡᠯ | ᠰᠢᠩᠭᠡᠭᠰᠡᠨ ᠠᠴᠠ ᠪᠣᠯᠵᠤ ᠵᠢᠷᠮᠦᠰᠦᠯᠡᠨ ᠭᠤᠷᠪᠠᠨ ᠬᠦᠦ ᠲᠠᠢ ᠪᠣᠯᠵᠠᠢ᠃ ᠡᠨᠡ ᠭᠤᠷᠪᠠᠨ ᠬᠦᠦ ᠶᠢ ᠲᠡᠭᠷᠢ ᠰᠠᠬᠢᠭᠤᠯᠰᠤᠨ ᠶᠢᠷᠲᠢᠨᠴᠦ ᠳᠤ ᠲᠣᠮᠢᠯᠠᠨ ᠪᠠᠭᠤᠯᠭᠠᠯ᠎ᠠ | ᠭᠡᠵᠦ ᠦᠵᠡᠵᠦ ᠪᠠᠶᠢᠭᠰᠠᠨ ᠪᠣᠯᠬᠤᠷ ᠲᠡᠳᠡᠨ ᠢ ︽ᠨᠢᠷᠤᠭᠤᠳ︾᠂ ︽ᠨᠢᠷᠤᠭᠤᠨ︾ ᠭᠡᠵᠦ ᠳᠠᠭᠤᠳᠠᠵᠤ᠂ ᠬᠤᠵᠢᠮ ᠨᠢ ᠡᠳᠡ ᠭᠤᠷᠪᠠᠭᠤᠯᠠ ᠶᠢᠨ ᠦᠷᠡᠰ ᠢ ︽ᠨᠢᠷᠤᠭᠤᠨ | ᠮᠣᠩᠭᠤᠯ︾ ᠭᠡᠵᠦ ᠶᠡᠷᠦᠩᠬᠡᠶᠢᠯᠡᠨ ᠳᠠᠭᠤᠳᠠᠬᠤ ᠪᠣᠯᠵᠠᠢ᠃ ᠲᠠᠩᠭᠤᠳ ᠣᠪᠣᠭ - ᠨᠡᠶᠢᠲᠡ ᠶᠢᠨ ᠣᠨ ᠲᠣᠭᠠᠯᠠᠯ ᠤᠨ11 - 13 ᠵᠠᠭᠤᠨ ᠤ ᠡᠬᠢ ᠬᠦᠷᠲᠡᠯ᠎ᠡ᠂ | ᠡᠳᠦᠭᠡᠬᠢ ᠨᠢᠩᠰᠢᠶᠠ ᠣᠷᠴᠢᠮ ᠳᠤ ︽ᠶᠡᠭᠡ ᠰᠢᠶᠠ︾ ᠭᠡᠬᠦ ᠨᠢᠭᠡ ᠤᠯᠤᠰ ᠪᠠᠶᠢᠪᠠ᠃ ᠰᠦᠩ ᠤᠯᠤᠰ ᠤᠨ ᠪᠠᠷᠠᠭᠤᠨ ᠵᠠᠬ᠎ᠠ ᠳᠤ ᠬᠥᠷᠰᠢᠯᠡᠵᠦ ᠪᠠᠶᠢᠭᠰᠠᠨ ᠪᠣᠯᠬᠤᠷ | ᠪᠠᠷᠠᠭᠤᠨ ᠰᠢᠶᠠ ᠤᠯᠤᠰ ᠭᠡᠵᠦ ᠴᠦ ᠬᠡᠯᠡᠳᠡᠭ᠃ ᠮᠣᠩᠭᠤᠯ ᠬᠠᠭᠠᠨᠲᠤ ᠤᠯᠤᠰ ᠪᠠᠶᠢᠭᠤᠯᠤᠭᠳᠠᠭᠰᠠᠨ ᠤ ᠰᠡᠭᠦᠯᠡᠷ1227 ᠣᠨ ᠳᠤ ᠲᠤᠰ ᠤᠯᠤᠰ ᠢ ᠳᠠᠶᠢᠯᠠᠨ | ᠮᠥᠬᠦᠭᠡᠭᠰᠡᠨ ᠶᠤᠮ᠃ ᠮᠣᠩᠭᠤᠯᠴᠤᠳ ᠲᠤᠬᠠᠢ ᠶᠢᠨ ᠦᠶ᠎ᠡ ᠶᠢᠨ ᠳᠠᠩᠬᠤ ᠶᠢᠨ ᠴᠢᠶᠠᠩ ᠦᠨᠳᠦᠰᠦᠲᠡᠨ ᠪᠠ ᠬᠥᠬᠡᠨᠠᠭᠤᠷ ᠤᠨ ᠲᠥᠪᠡᠳ ᠢ ᠶᠡᠷᠦᠩᠬᠡᠢ ᠳᠤ ᠨᠢ | ᠲᠠᠩᠭᠤᠳᠴᠤᠳ ᠭᠡᠳᠡᠭ ᠪᠠᠶᠢᠵᠠᠢ᠃ ᠳᠠᠩᠬᠤ ᠶᠢᠨ ᠴᠢᠶᠠᠩ ᠦᠨᠳᠦᠰᠦᠲᠡᠨ ᠮᠣᠩᠭᠤᠯ ᠳᠤ ᠰᠢᠩᠭᠡᠭᠰᠡᠨ ᠤ ᠰᠡᠭᠦᠯᠡᠷ ᠤᠤᠯ ᠤᠨ ᠤᠯᠤᠰ ᠤᠨ ᠢᠶᠠᠨ ᠨᠡᠷ᠎ᠡ ᠪᠠᠷ ᠢᠶᠠᠨ | ᠲᠠᠩᠭᠤᠳ ᠣᠪᠣᠭᠲᠠᠨ ᠪᠣᠯᠪᠠ᠃ | ᠲᠥᠪᠡᠳ ᠣᠪᠣᠭ - ᠡᠷᠲᠡᠨ ᠤ ᠦᠶ᠎ᠡ ᠳᠤ ᠲᠥᠪᠡᠳ ᠣᠷᠣᠨ ᠳᠤ ᠨᠤᠲᠤᠭᠯᠠᠳᠠᠭ ᠲᠥᠪᠡᠳᠴᠦᠳ ᠢ ᠮᠣᠩᠭᠤᠯᠴᠤᠳ ︽ᠲᠥᠪᠡᠳ︾ ᠭᠡᠵᠦ᠂ ᠬᠥᠬᠡᠨᠠᠭᠤᠷ | ᠣᠷᠣᠨ ᠳᠤ ᠨᠤᠲᠤᠭᠯᠠᠳᠠᠭ ᠲᠥᠪᠡᠳᠴᠦᠳ ᠢ ᠨᠢ ︽ᠲᠠᠩᠭᠤᠳ︾ ᠭᠡᠳᠡᠭ᠃ ᠴᠢᠩ ᠤᠯᠤᠰ ᠠᠴᠠ ᠰᠡᠭᠦᠯᠴᠢ ᠪᠠᠷ ᠲᠥᠪᠡᠳᠴᠦᠳ ᠢ ᠪᠦᠬᠦᠨ ᠢᠶᠠᠷ ᠨᠢ ︽ᠲᠥᠪᠡᠳ︾ | ᠭᠡᠵᠦ ᠳᠠᠭᠤᠳᠠᠬᠤ ᠪᠣᠯᠪᠠ᠃ ᠮᠣᠩᠭᠤᠯᠴᠤᠳ ᠤᠨ ᠳᠣᠲᠣᠷᠠᠬᠢ ᠲᠥᠪᠡᠳ ᠣᠪᠣᠭ ᠪᠣᠯ ᠲᠥᠪᠡᠳ ᠦᠨᠳᠦᠰᠦᠲᠡᠨ ᠤ ᠨᠡᠷ᠎ᠡ ᠠᠴᠠ ᠤᠯᠠᠷᠢᠵᠤ ᠢᠷᠡᠭᠰᠡᠨ ᠶᠤᠮ᠃ | ᠲᠠᠶᠢᠵᠢ ᠣᠪᠣᠭ - ︽ᠲᠠᠶᠢᠵᠢ︾ ᠭᠡᠭᠴᠢ ᠨᠢ ︽ᠲᠠᠶᠢᠽᠢ︾ ᠶᠢᠨ ᠣᠨᠳᠣᠣᠰᠢᠭᠰᠠᠨ ᠠᠪᠢᠶ᠎ᠠ ᠮᠥᠨ᠃ ᠶᠤᠸᠠᠨ᠂ ᠮᠢᠩ᠂ ᠴᠢᠩ ᠭᠤᠷᠪᠠᠨ ᠲᠦᠷᠦ ᠶᠢᠨ ᠦᠶ᠎ᠡ ᠳᠤ᠂ | ᠴᠢᠩᠭᠢᠰ ᠬᠠᠭᠠᠨ ᠤ ︽ᠠᠯᠲᠠᠨ ᠤᠷᠤᠭᠲᠠᠨ︾ - ᠪᠣᠷᠵᠢᠭᠢᠨ ᠣᠪᠣᠭᠲᠠᠳ ᠢ ᠵᠠᠷᠢᠮ ᠭᠠᠵᠠᠷ ᠤᠳ ᠲᠤ ᠲᠠᠶᠢᠵᠢ ᠭᠡᠵᠦ ᠳᠠᠭᠤᠳᠠᠳᠠᠭ᠃ ᠡᠨᠡᠬᠦ ᠴᠣᠯᠠ ᠶᠢ ᠬᠥᠪᠡᠭᠦᠳ ᠨᠢ | ᠦᠶ᠎ᠡ ᠤᠯᠠᠷᠢᠨ ᠵᠠᠯᠭᠠᠮᠵᠢᠯᠠᠬᠤ ᠪᠣᠯᠪᠠᠴᠤ᠂ ᠬᠡᠦᠬᠡᠨ ᠨᠢ ᠪᠤᠰᠤᠳ ᠣᠪᠣᠭᠲᠠᠨ ᠳᠤ ᠮᠣᠷᠳᠠᠭᠰᠠᠨ ᠤ ᠰᠡᠭᠦᠯᠡᠷ ᠥᠪᠡᠷ ᠢᠶᠠᠨ ᠬᠡᠷᠡᠭᠯᠡᠳᠡᠭ ᠠᠴᠠ ᠪᠢᠰᠢ᠂ ᠦᠷ᠎ᠡ | ᠬᠡᠦᠬᠡᠳ ᠲᠤ ᠪᠠᠨ ᠵᠠᠯᠭᠠᠮᠵᠢᠯᠠᠳᠠᠭ ᠦᠭᠡᠢ᠂ ︽ᠲᠠᠶᠢᠵᠢ︾ ᠣᠪᠣᠭᠲᠠᠳ ᠤᠨ ᠣᠯᠠᠩᠬᠢ ᠨᠢ ᠪᠣᠷᠵᠢᠭᠢᠳ ᠣᠪᠣᠭᠲᠠᠳ ᠪᠠᠶᠢᠳᠠᠭ ᠶᠤᠮ᠃ | ᠵᠦᠷᠴᠢᠳ ᠣᠪᠣᠭ - ᠵᠦᠷᠴᠢᠳ ᠣᠪᠣᠭ ︵女真︶ ᠶᠤᠸᠠᠨ ᠤᠯᠤᠰ ᠤᠨ ᠦᠶ᠎ᠡ ᠳᠤ ᠮᠠᠨᠵᠤ ᠶᠢᠨ ᠳᠡᠭᠡᠳᠦᠰ ᠢ ᠵᠦᠷᠴᠢᠳ ᠭᠡᠳᠡᠭ᠃ ᠵᠦᠷᠴᠢᠳ | ᠮᠣᠩᠭᠤᠯ ᠳᠤ ᠰᠢᠩᠭᠡᠭᠰᠡᠨ ᠤ ᠰᠡᠭᠦᠯᠡᠷ ᠮᠥᠨ ᠵᠦᠷᠴᠢᠳ ᠣᠪᠣᠭᠲᠠᠨ ᠪᠣᠯᠵᠠᠢ᠃ | |