ᠤᠷᠠᠳ ᠤᠨ ᠳᠤᠮᠳᠠᠳᠤ ᠬᠤᠰᠢᠭᠤ ᠶᠢᠨ ︽ᠨᠡᠭᠦᠳᠡᠯ ᠮᠠᠯ ᠰᠦᠷᠦᠭ︾ ᠨᠢ ᠮᠠᠯᠴᠢᠳ ᠤᠨ ᠣᠷᠣᠯᠭ᠎ᠠ ᠶᠢ ᠨᠡᠮᠡᠭᠳᠡᠭᠦᠯᠦᠨ ᠪᠠᠶᠠᠵᠢᠭᠤᠯᠬᠤ ᠪᠠᠷ ᠪᠣᠶ
ᠨᠡᠶᠢᠲᠡᠯᠡᠭᠰᠡᠨ ᠴᠠᠭ᠄
2023/12/20
      ᠥᠷᠯᠥᠭᠡ ᠡᠷᠲᠡ᠂ᠦᠦᠷ ‍ᠤᠨ‌‍ᠲ᠋ᠤᠶᠠᠭᠠᠨ ᠳᠤ ᠥᠪᠥᠷ ᠮᠣᠩᠭᠤᠯ ᠤᠨ ᠤᠷᠠᠳ ᠤᠨ ᠲᠠᠯ᠎ᠠ ᠨᠤᠲᠤᠭ‌ᠠᠮᠢᠯᠠᠨ ᠰᠠᠷᠢᠨ᠎ᠠ᠃ ᠤᠷᠠᠳ ᠤᠨ ᠳᠤᠮᠳᠠᠳᠤ ᠬᠤᠰᠢᠭᠤᠨ ‍ᠤ‌ᠣᠩᠭᠤᠨ‌‍ᠪᠠᠯᠭᠠᠰᠤᠨ ᠤ ᠪᠣᠭᠳᠠ ᠭᠠᠴᠠᠭ᠎ᠠ ᠶᠢᠨ ᠮᠠᠯᠴᠢᠨ ᠠᠯᠲᠠᠨᠨᠠᠷᠠᠰᠤ ᠬᠠᠷ᠎ᠠ ᠥᠷᠯᠥᠭᠡ ᠠᠴᠠ ᠡᠬᠢᠯᠡᠨ ᠡᠪᠡᠰᠦ ᠪᠣᠷᠳᠤᠭ᠎ᠠ ᠨᠡᠮᠡᠵᠦ᠂ ᠬᠠᠰᠢᠶᠠᠨ ᠳ᠋ᠠᠬᠢ‌ᠢᠳᠡᠰᠢᠨ ᠬᠤᠨᠢ ᠪᠠᠨ ᠠᠷᠠᠴᠢᠯᠠᠵᠤ ᠪᠠᠶᠢᠯ᠎ᠠ᠃       ︽ᠪᠢ ᠥᠩᠭᠡᠷᠡᠭᠰᠡᠨ ᠳᠤ ᠶᠠᠭᠤ ᠴᠤ ᠪᠠᠶᠢᠭᠰᠠᠨ ᠦᠭᠡᠢ᠂ ᠰᠡᠭᠦᠯᠡᠷ ᠨᠢ ᠭᠠᠴᠠᠭ᠎ᠠ ᠶᠢᠨ︽ᠨᠡᠭᠦᠳᠡᠯ ᠮᠠᠯ ᠰᠦᠷᠦᠭ︾ ‍ᠤᠨ‌‍ᠲ᠋ᠠᠭᠠᠭᠠᠴᠢᠯᠠᠯᠲᠠ ᠳᠤ ᠲᠦᠰᠢᠭᠯᠡᠨ ᠢᠳᠡᠰᠢᠨ ᠬᠤᠨᠢ ᠲᠡᠵᠢᠭᠡᠵᠦ ᠪᠠᠶᠢᠭᠰᠠᠨ ᠠᠴᠠ ᠣᠲᠣ‌ᠮᠠᠯ ᠤᠨ ᠲᠤᠭ᠎ᠠ ᠲᠣᠯᠣᠭᠠᠢ ᠤᠯᠠᠮ ᠠᠴᠠ ᠤᠯᠠᠮ ᠠᠷᠪᠢᠳᠴᠤ᠂ 5 ᠬᠤᠨᠢᠨ ᠤ ᠬᠠᠰᠢᠶ᠎ᠠ ᠪᠠᠷᠢᠭᠠᠳ ᠴᠤ ᠬᠦᠷᠦᠯᠴᠡᠬᠦ ᠦᠭᠡᠢ ᠪᠣᠯᠵᠠᠢ︾ ᠭᠡᠵᠦ ᠠᠯᠲᠠᠨᠨᠠᠷᠠᠰᠤ ᠪᠠᠶᠠᠷ ᠲᠠᠢ ᠪᠠᠷ ᠬᠡᠯᠡᠪᠡ᠃       ᠠᠯᠲᠠᠨᠨᠠᠷᠠᠰᠤ ᠶᠢᠨ ᠳᠤᠷᠠᠳᠤᠭᠰᠠᠨ ︽ᠨᠡᠭᠦᠳᠡᠯ ᠮᠠᠯ ᠰᠦᠷᠦᠭ︾ ᠪᠣᠯ ᠤᠷᠠᠳ ᠤᠨ ᠳᠤᠮᠳᠠᠳᠤ ᠬᠤᠰᠢᠭᠤᠨ ᠤ 2019 ᠣᠨ ᠠᠴᠠ ᠡᠬᠢᠯᠡᠨ ᠬᠡᠷᠡᠭᠵᠢᠭᠦᠯᠦᠭᠰᠡᠨ ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠪᠣᠯᠣᠨ᠎ᠠ᠃ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠮᠠᠯ ᠠᠵᠤ ᠠᠬᠤᠢ ᠶᠢᠨ ᠳᠠᠪᠠᠭᠤᠯᠢᠭ ᠲᠠᠭᠠᠨ ᠲᠦᠰᠢᠭᠯᠡᠨ᠂ ᠡᠵᠡᠩᠨᠡᠯᠲᠡ ᠶᠢᠨ ᠴᠢᠳᠠᠪᠤᠷᠢ ᠲᠠᠢ᠂ ᠲᠡᠵᠢᠭᠡᠨ ᠦᠷᠡᠵᠢᠭᠦᠯᠵᠦ ᠪᠠᠶᠢᠭ᠎ᠠ ᠮᠠᠯ ᠤᠨ ᠲᠤᠭ᠎ᠠ ᠬᠡᠮᠵᠢᠶ᠎ᠡ ᠪᠠᠷ ᠴᠥᠭᠡᠨ ᠮᠠᠯᠵᠢᠬᠤ ᠡᠷᠦᠬᠡ ᠪᠤᠶᠤ ᠬᠤᠷᠰᠢᠶᠠᠵᠢᠯ ᠳᠤ ᠰᠠᠭᠤᠷᠢ ᠡᠬᠡ ᠮᠠᠯ ᠬᠠᠩᠭᠠᠪᠠ᠃ 3 ᠵᠢᠯ ᠤᠨ ᠳᠠᠷᠠᠭ᠎ᠠ᠂ ᠲᠡᠵᠢᠭᠡᠨ ᠦᠷᠡᠵᠢᠭᠦᠯᠬᠦ ᠡᠷᠦᠬᠡ ᠨᠢ ᠡᠳᠡᠭᠡᠷ ᠰᠠᠭᠤᠷᠢ ᠡᠬᠡ ᠮᠠᠯ ᠢ ᠵᠠᠰᠠᠭ ᠤᠨ ᠣᠷᠳᠣᠨ ᠳᠤ ᠪᠤᠴᠠᠭᠠᠨ ᠥᠭᠴᠦ᠂ ᠲᠡᠵᠢᠭᠡᠨ ᠦᠷᠡᠵᠢᠭᠦᠯᠦᠭᠰᠡᠨ ᠮᠠᠯ ᠢ ᠨᠢ ᠮᠠᠯᠵᠢᠬᠤ ᠡᠷᠦᠬᠡ ᠪᠤᠶᠤ ᠬᠤᠷᠰᠢᠶᠠᠵᠢᠯ ᠳᠤ ᠥᠮᠴᠢᠯᠡᠭᠦᠯᠦᠨ᠎ᠡ᠂ ᠵᠠᠰᠠᠭ ᠤᠨ ᠣᠷᠳᠣᠨ ᠠᠴᠠ ᠬᠤᠷᠢᠶᠠᠨ ᠠᠪᠤᠭᠰᠠᠨ ᠰᠠᠭᠤᠷᠢ ᠡᠬᠡ ᠮᠠᠯ ᠢ ᠳᠠᠬᠢᠨ ᠪᠤᠰᠤᠳ ᠮᠠᠯᠵᠢᠬᠤ ᠡᠷᠦᠬᠡ ᠪᠤᠶᠤ ᠬᠤᠷᠰᠢᠶᠠᠵᠢᠯ ᠳᠤ ᠬᠤᠪᠢᠶᠠᠨ ᠥᠭᠴᠦ᠂ ᠦᠷᠭᠦᠯᠵᠢᠯᠡᠨ ᠪᠤᠰᠤᠳ ᠲᠡᠵᠢᠭᠡᠨ ᠦᠷᠡᠵᠢᠭᠦᠯᠬᠦ ᠡᠷᠦᠬᠡ ᠶᠢ ᠬᠠᠪᠰᠤᠷᠤᠨ ᠣᠷᠣᠯᠭ᠎ᠠ ᠶᠢ ᠨᠢ ᠨᠡᠮᠡᠭᠳᠡᠭᠦᠯᠦᠨ᠎ᠡ᠃       ᠠᠯᠲᠠᠨᠨᠠᠷᠠᠰᠤ᠂ ᠣᠯᠠᠨ ᠵᠢᠯ ᠤᠨ ᠡᠮᠦᠨ᠎ᠡ ᠪᠡᠯᠴᠢᠭᠡᠷ ᠢᠶᠠᠨ ᠬᠥᠷᠰᠢ ᠵᠡᠷᠭᠡᠯᠡᠳᠡᠭᠡ ᠳᠡᠭᠡᠨ ᠰᠢᠯᠵᠢᠭᠦᠯᠦᠭᠰᠡᠨ ᠤ ᠳᠠᠷᠠᠭ᠎ᠠ ᠭᠠᠳᠠᠭᠰᠢ ᠭᠠᠷᠴᠤ ᠬᠥᠯᠥᠰᠦᠨ ᠠᠵᠢᠯ ᠬᠢᠵᠦ᠂ ᠣᠷᠣᠯᠭ᠎ᠠ ᠨᠢ ᠶᠡᠷᠦ ᠠᠴᠠ ᠨᠡᠯᠢᠶᠡᠳ ᠳᠣᠣᠷ᠎ᠠ ᠪᠠᠶᠢᠪᠠ᠃ 2019 ᠣᠨ ᠠᠴᠠ ᠡᠬᠢᠯᠡᠨ᠂ ᠠᠯᠲᠠᠨᠨᠠᠷᠠᠰᠤ ᠭᠡᠷ ᠲᠡᠭᠡᠨ ᠬᠠᠷᠢᠵᠤ ᠭᠠᠴᠠᠭ᠎ᠠ ᠶᠢᠨ ᠪᠡᠯᠴᠢᠭᠡᠷ ᠪᠠ ︽ᠨᠡᠭᠦᠳᠡᠯ ᠮᠠᠯ ᠰᠦᠷᠦᠭ︾ ᠤᠨ ᠳᠣᠲᠣᠷᠠᠬᠢ 50 ᠰᠠᠭᠤᠷᠢ ᠡᠮ᠎ᠡ ᠬᠤᠨᠢ ᠶᠢ ᠳᠠᠭᠠᠭᠠᠴᠢᠯᠠᠵᠤ᠂ ᠳᠠᠭᠠᠭᠠᠴᠢᠯᠠᠭᠠᠳ 3 ᠵᠢᠯ ᠪᠣᠯᠤᠭᠰᠠᠨ ᠤ ᠳᠠᠷᠠᠭ᠎ᠠ᠂ ᠭᠠᠴᠠᠭ᠎ᠠ ᠳᠤ 2 ᠨᠠᠰᠤᠲᠠᠢ 55 ᠡᠮ᠎ᠡ ᠬᠤᠨᠢ ᠶᠢ ᠪᠤᠴᠠᠭᠠᠨ ᠥᠭᠴᠦ᠂ ᠪᠤᠰᠤᠳ ᠬᠤᠷᠠᠭ᠎ᠠ ᠪᠠ ᠨᠣᠣᠰᠣ ᠨᠣᠯᠤᠥᠷ ᠤᠨ ᠣᠷᠣᠯᠭ᠎ᠠ ᠶᠢ ᠨᠢ ᠴᠥᠮ ᠬᠤᠪᠢᠨ ᠳᠤ ᠪᠠᠨ ᠡᠳ᠋ᠯᠡᠪᠡ ᠭᠡᠵᠦ ᠰᠣᠷᠪᠣᠯᠵᠢᠯᠠᠭᠴᠢ ᠳᠤ ᠬᠡᠯᠡᠪᠡ᠃ ︽︿ᠨᠡᠭᠦᠳᠡᠯ ᠮᠠᠯ ᠰᠦᠷᠦᠭ﹀ᠪᠣᠯ ᠳᠠᠷᠤᠢ ᠮᠠᠨ ᠤ ᠭᠡᠷ ᠤᠨ ᠲᠡᠵᠢᠭᠡᠨ ᠦᠷᠡᠵᠢᠭᠦᠯᠬᠦ ᠦᠢᠯᠡᠰ ᠤᠨ︿ᠬᠥᠳᠡᠯᠭᠡᠬᠦ ᠪᠡᠯᠡ ᠮᠥᠩᠭᠦ﹀ ᠪᠣᠯᠣᠨ᠎ᠠ᠂ ᠮᠠᠨ ᠤ ᠭᠡᠷ ‍ᠤᠨ‌ᠢᠳᠡᠰᠢᠨ ᠬᠤᠨᠢᠨ ᠤ ᠲᠤᠭ᠎ᠠ 360 ᠲᠣᠯᠣᠭᠠᠢ ᠪᠣᠯᠣᠨ ᠨᠡᠮᠡᠭᠳᠡᠪᠡ᠂ ᠮᠢᠨᠤ ᠵᠢᠯ ᠪᠦᠷᠢ ᠶᠢᠨ ᠬᠤᠨᠢ ᠬᠤᠳᠠᠯᠳᠤᠬᠤ ᠪᠠ ᠬᠥᠯᠥᠰᠦᠨ ᠠᠵᠢᠯ ᠬᠢᠬᠦ ᠶᠡᠷᠦᠩᠬᠡᠢ ᠣᠷᠣᠯᠭ᠎ᠠ 17 ᠲᠦᠮᠡᠨ ᠲᠥᠭᠦᠷᠢᠭ ᠲᠤ ᠬᠦᠷᠴᠦ᠂ ᠠᠮᠢᠳᠤᠷᠠᠯ ᠤᠨ ᠴᠢᠨᠠᠷ ᠴᠢᠨᠰᠠᠭ᠎ᠠ ᠤᠯᠠᠮ ᠠᠴᠠ ᠤᠯᠠᠮ‌‍ᠰᠠᠶᠢᠨ‌‍ᠪᠣᠯᠵᠤ᠂ ᠨᠢᠳᠤᠨᠤᠨ ᠪᠠᠰᠠ ᠬᠤᠰᠢᠭᠤᠨ ᠠᠴᠠ ᠭᠡᠷ ᠬᠤᠳᠠᠯᠳᠤᠨ ᠠᠪᠤᠭᠰᠠᠨ ᠪᠠᠶᠢᠨ᠎ᠠ︾ ᠭᠡᠵᠦ ᠠᠯᠲᠠᠨᠨᠠᠷᠠᠰᠤ ᠣᠮᠤᠭ ᠪᠠᠷᠳᠠᠮ ᠢᠶᠠᠷ ᠬᠡᠯᠡᠪᠡ᠃       ︽︿ᠨᠡᠭᠦᠳᠡᠯ ᠮᠠᠯ ᠰᠦᠷᠦᠭ﹀ ᠢ‌ᠠᠯᠢ ᠮᠠᠯᠴᠢᠨ ᠤ ᠭᠡᠷ ᠲᠤ᠋‌ᠡᠵᠡᠩᠨᠡᠭᠦᠯᠬᠦ ᠶᠢ ᠭᠠᠴᠠᠭ᠎ᠠ ᠠᠴᠠ ᠮᠠᠯᠴᠢᠳ ᠤᠨ ᠶᠡᠭᠡ ᠬᠤᠷᠠᠯ ᠬᠢᠵᠦ ᠰᠠᠨᠠᠯ‌ᠬᠤᠷᠢᠶᠠᠬᠤ ᠶᠢᠨ ᠬᠠᠮᠲᠤ ᠭᠠᠴᠠᠭ᠎ᠠ᠂ ᠰᠤᠮᠤ ᠶᠢᠨ ᠠᠯᠢ ᠣᠯᠠᠨ ᠬᠢᠨᠠᠨ‌‍ᠪᠠᠶᠢᠴᠠᠭᠠᠯᠲᠠ ᠪᠠᠷ ᠳᠡᠮᠵᠢᠨ‌‍ᠲ᠋ᠣᠭᠲᠠᠭᠠᠵᠤ᠂ ᠮᠠᠯᠴᠢᠳ ᠲᠠᠢ ᠲᠡᠵᠢᠭᠡᠨ ᠦᠷᠡᠵᠢᠭᠦᠯᠵᠦ ᠬᠥᠭᠵᠢᠭᠦᠯᠬᠦ ᠬᠡᠯᠡᠯᠴᠡᠭᠡᠷ ᠤᠨ ᠪᠢᠴᠢᠭ‌‍ᠲ᠋ᠣᠭᠲᠠᠳᠠᠭ᠃  ︽︿ᠨᠡᠭᠦᠳᠡᠯ ᠮᠠᠯ ᠰᠦᠷᠦᠭ﹀ ᠤᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠤ ᠳᠠᠷᠠᠭ᠎ᠠ᠂ ᠮᠠᠯᠴᠢᠳ ᠪᠣᠳᠠᠲᠤ ᠠᠰᠢᠭ ᠭᠥᠷᠳᠡᠭᠰᠡᠨ ᠮᠥᠷᠲᠡᠭᠡᠨ ᠪᠠᠰᠠ ᠵᠣᠬᠢᠬᠤ ᠬᠢᠵᠠᠭᠠᠷᠯᠠᠯ‌ᠲᠠᠢ‌‍ᠪᠠᠶᠢᠵᠤ᠂ ᠪᠡᠶᠡᠴᠢ ᠪᠤᠰᠤᠳᠴᠢ ᠬᠤᠶᠠᠷ ᠲᠠᠯ᠎ᠠ ᠠᠴᠠ ᠲᠡᠳᠡᠨ ᠤ ᠦᠢᠯᠡᠳᠪᠦᠷᠢᠯᠡᠯ ᠤᠨ ᠢᠳᠡᠪᠬᠢᠵᠢᠯ ᠢ ᠳᠠᠶᠢᠴᠢᠯᠠᠵᠤ᠂ ︿ᠨᠡᠭᠦᠳᠡᠯ ᠮᠠᠯ ᠰᠦᠷᠦᠭ﹀ ᠨᠢ‌ᠮᠠᠯᠴᠢᠳ ᠤᠨ ᠬᠤᠭᠤᠷᠣᠨᠳᠤ ᠨᠡᠭᠦᠳᠡᠯᠯᠡᠬᠦ ᠨᠢ ᠪᠥᠭᠡᠳ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠬᠥᠭᠵᠢᠨ ᠪᠤᠵᠠᠭᠠᠶᠢᠷᠠᠬᠤ ᠵᠢ‌‍ᠪᠠᠰᠠ ᠪᠡᠶᠡᠯᠡᠭᠦᠯᠵᠦ ᠴᠢᠳᠠᠨ᠎ᠠ︾ᠭᠡᠵᠦ‌ᠤᠷᠠᠳ ᠤᠨ ᠳᠤᠮᠳᠠᠳᠤ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠪᠠ‌‍ᠰᠢᠨᠵᠢᠯᠡᠭᠡ ᠮᠡᠷᠭᠡᠵᠢᠯ ᠤᠨ ᠲᠣᠪᠴᠢᠶ᠎ᠠ ᠶᠢᠨ ᠳᠠᠷᠤᠭ᠎ᠠ ᠳ᠋ᠦ᠋ ᠵᠢᠶᠦ᠋ᠨ ᠯᠦᠩ ᠲᠠᠨᠢᠯᠴᠠᠭᠤᠯᠪᠠ᠃       ᠤᠷᠠᠳ ᠤᠨ ᠳᠤᠮᠳᠠᠳᠤ ᠬᠤᠰᠢᠭᠤᠨ ᠤ ︽ᠨᠡᠭᠦᠳᠡᠯ ᠮᠠᠯ ᠰᠦᠷᠦᠭ︾ ᠲᠤ᠋‌ᠬᠤᠨᠢᠨ ᠰᠦᠷᠦᠭ ᠪᠠᠶᠢᠬᠤ ᠪᠠᠷ ᠪᠠᠷᠠᠬᠤ ᠦᠭᠡᠢ ᠪᠠᠰᠠ ᠦᠬᠡᠷ‌ᠮᠠᠯ ᠤᠨ ᠰᠦᠷᠦᠭ ᠪᠠᠶᠢᠵᠤ᠂ᠮᠠᠯᠴᠢᠳ ᠦᠬᠡᠷ ᠬᠤᠳᠠᠯᠳᠤᠨ ᠠᠪᠤᠭᠰᠠᠨ ᠪᠥᠬᠦ ᠵᠣᠭᠤᠰ ᠤᠨ ᠲᠣᠭᠠᠨ ᠤ 8% ᠪᠠᠷ ᠳᠠᠭᠠᠭᠠᠴᠢᠯᠠᠯᠲᠠ ᠶᠢᠨ ᠰᠦᠢᠳᠬᠡᠯ ᠲᠤᠰᠢᠶᠠᠨ᠎ᠠ᠂ ᠳᠠᠭᠠᠭᠠᠴᠢᠯᠠᠯᠲᠠ ᠶᠢᠨ ᠬᠤᠭᠤᠴᠠᠭ᠎ᠠ ᠨᠢ 3 ᠵᠢᠯ᠂ ᠬᠤᠭᠤᠴᠠᠭ᠎ᠠ ᠨᠢ ᠲᠤᠯᠤᠭᠰᠠᠨ ᠤ ᠳᠠᠷᠠᠭ᠎ᠠ᠂ ᠮᠠᠯᠴᠢᠳ ᠵᠥᠪᠬᠡᠨ ᠲᠤᠬᠠᠢ ᠶᠢᠨ ᠵᠢᠯ ᠤᠨ ᠳᠠᠭᠠᠭᠠᠴᠢᠯᠠᠭᠰᠠᠨ ᠦᠬᠡᠷ ᠤᠨ ᠰᠦᠷᠦᠭ ᠤᠨ ᠲᠤᠭ᠎ᠠ ᠬᠡᠮᠵᠢᠶ᠎ᠡ ᠪᠠᠷ ᠭᠠᠴᠠᠭ᠎ᠠ ᠳᠤ ᠪᠤᠴᠠᠭᠠᠨ ᠥᠭᠴᠦ᠂ ᠦᠷᠡᠵᠢᠭᠦᠯᠦᠨ ᠪᠣᠶᠢᠵᠢᠭᠤᠯᠤᠭᠰᠠᠨ ᠲᠤᠭᠤᠯ ᠨᠢ ᠮᠠᠯᠴᠢᠳ ᠲᠤ ᠥᠮᠴᠢᠯᠡᠭᠳᠡᠨ᠎ᠡ᠃ᠣᠩᠭᠤᠨ‌‍ᠪᠠᠯᠭᠠᠰᠤᠨ ‍ᠤ‌ᠠᠯᠳᠠᠨᠬᠤᠰᠢᠭᠤ‌ᠭᠠᠴᠠᠭ᠎ᠠ ᠶᠢᠨ ᠮᠠᠯᠴᠢᠨ‌‍ᠬᠡᠷᠡᠯ᠎ᠡ᠄︽ᠪᠢ ᠭᠠᠴᠠᠭ᠎ᠠ ᠠᠴᠠ ᠳᠠᠭᠠᠭᠠᠴᠢᠯᠠᠭᠰᠠᠨ 20 ᠦᠨᠢᠶ᠎ᠡ ᠶᠢ ᠠᠰᠢᠭᠯᠠᠨ ᠴᠠᠭᠠᠨ ᠢᠳᠡᠭᠡᠨ ᠤ ᠦᠢᠯᠡᠳᠪᠦᠷᠢᠯᠡᠯ‌‍ᠪᠣᠯᠪᠠᠰᠤᠷᠠᠭᠤᠯᠤᠯᠲᠠ ᠶᠢ ᠥᠷᠨᠢᠭᠦᠯᠵᠦ ᠪᠠᠶᠢᠨ᠎ᠠ᠂ ᠤᠳᠤ᠂ ᠮᠠᠨ ᠤ ᠭᠡᠷ ᠤᠨ ᠰᠠᠭᠠᠯᠢ ᠶᠢᠨ ᠦᠨᠢᠶ᠎ᠡ 30 ᠭᠠᠷᠤᠢ ᠪᠣᠯᠣᠨ ᠨᠡᠮᠡᠭᠳᠡᠵᠦ᠂ ᠵᠢᠯ ᠪᠦᠷᠢ 7 ᠲᠦᠮᠡᠨ ᠵᠢᠩ ᠰᠢᠨ᠎ᠡ‌‍ᠰᠦ᠋ ᠦᠢᠯᠡᠳᠪᠦᠷᠢᠯᠡᠵᠦ ᠪᠠᠶᠢᠨ᠎ᠠ᠂ ᠰᠢᠨ᠎ᠡ‌‍ᠰᠦ᠋ ᠪᠠᠨ ᠴᠠᠭᠠᠨ ᠢᠳᠡᠭᠡᠨ ᠤ ᠵᠦᠢᠯ ᠪᠣᠯᠭᠠᠨ ᠬᠤᠳᠠᠯᠳᠤᠪᠠᠯ ᠵᠢᠯ ᠪᠦᠷᠢ ᠶᠢᠨ ᠪᠣᠷᠤᠯᠠᠭᠤᠯᠭ᠎ᠠ ᠶᠢᠨ ᠬᠡᠮᠵᠢᠶ᠎ᠡ 9 ᠲᠦᠮᠡᠨ ᠲᠥᠭᠦᠷᠢᠭ ᠲᠤ ᠬᠦᠷᠴᠦ ᠪᠣᠯᠣᠨ᠎ᠠ︾ᠭᠡᠵᠦ ᠬᠡᠯᠡᠪᠡ᠃       ᠤᠷᠠᠳ ᠤᠨ ᠳᠤᠮᠳᠠᠳᠤ ᠬᠤᠰᠢᠭᠤ ᠪᠣᠯ ᠮᠠᠨ ᠤ ᠤᠯᠤᠰ ᠤᠨ ᠤᠮᠠᠷᠠᠲᠤ ᠶᠢᠨ ᠲᠠᠷᠢᠶᠠᠯᠠᠩ ᠮᠠᠯ ᠠᠵᠤ ᠠᠬᠤᠢ ᠶᠢᠨ ᠰᠣᠯᠪᠢᠴᠠᠯ ᠪᠦᠰᠡ ᠳᠤ ᠪᠠᠶᠢᠷᠢᠯᠠᠵᠤ᠂ ᠪᠣᠷᠣᠳᠣᠬᠤᠢ ᠣᠷᠣᠨ ᠤ ᠮᠠᠯ ᠤᠨ ᠠᠰᠢᠭ ᠰᠢᠮ᠎ᠡ‌‍ᠲ᠋ᠠᠷᠢᠶᠠᠯᠠᠩ ‍ᠤᠨ‌‍ᠪᠦ᠋ᠲᠦᠭᠡᠭᠳᠡᠬᠦᠨ ᠢ ᠦᠢᠯᠡᠳᠪᠦᠷᠢᠯᠡᠵᠦ ᠡᠳ᠋ᠰᠢᠭᠦᠯᠬᠦ ᠴᠢᠬᠤᠯᠠ ᠰᠠᠭᠤᠷᠢᠨ ᠭᠠᠵᠠᠷ ᠪᠣᠯᠣᠨ᠎ᠠ᠃ ︽ ᠨᠡᠭᠦᠳᠡᠯ ᠮᠠᠯ ᠰᠦᠷᠦᠭ︾ ᠤᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠠᠴᠠ ᠨᠠᠰᠢ᠂ ᠤᠷᠠᠳ ᠤᠨ ᠳᠤᠮᠳᠠᠳᠤ ᠬᠤᠰᠢᠭᠤ ᠤᠷᠢᠳ ᠬᠤᠵᠢᠳ ᠴᠥᠭᠡᠨ ᠲᠣᠭᠠᠲᠤ ᠦᠨᠳᠦᠰᠦᠲᠡᠨ ᠤ ᠬᠥᠭᠵᠢᠯᠲᠡ ᠶᠢᠨ ᠪᠡᠯᠡ ᠮᠥᠩᠭᠦ᠂ ᠶᠠᠳᠠᠭᠤ ᠶᠢ ᠲᠡᠳᠬᠦᠬᠦ ᠪᠡᠯᠡ ᠮᠥᠩᠭᠦ ᠵᠡᠷᠭᠡ 1555 ᠲᠦᠮᠡᠨ ᠲᠥᠭᠦᠷᠢᠭ ᠢ ᠲᠡᠮᠡᠴᠡᠨ ᠣᠯᠵᠤ᠂ ᠣᠩᠭᠤᠨ ᠪᠠᠯᠭᠠᠰᠤ ᠵᠡᠷᠭᠡ ᠬᠥᠮᠥᠨ ᠳᠤᠮᠳᠠᠴᠢ ᠶᠢᠨ ᠨᠤᠲᠤᠭ ᠪᠡᠯᠴᠢᠭᠡᠷ ᠤᠨ ᠲᠠᠯᠠᠪᠠᠶ ᠪᠠᠷ ᠨᠡᠯᠢᠶᠡᠳ ᠪᠠᠭ᠎ᠠ ᠰᠢᠶᠠᠩ ᠪᠠᠯᠭᠠᠰᠤ ᠶᠢ ᠬᠠᠮᠤᠷᠴᠤ᠂ ᠮᠠᠯᠴᠢᠳ ᠢ ᠦᠷᠭᠦᠯᠵᠢᠯᠡᠨ ᠬᠠᠪᠰᠤᠷᠤᠨ ᠣᠷᠣᠯᠭ᠎ᠠ ᠶᠢ ᠨᠢ ᠨᠡᠮᠡᠭᠳᠡᠭᠦᠯᠵᠦ ᠪᠠᠶᠢᠨ᠎ᠠ᠃       ᠣᠳᠣᠬᠠᠨ ᠳᠤ᠂ ᠤᠷᠠᠳ ᠤᠨ ᠳᠤᠮᠳᠠᠳᠤ ᠬᠤᠰᠢᠭᠤᠨ ᠤ ᠲᠠᠯ᠎ᠠ ᠨᠤᠲᠤᠭ ᠲᠤ᠂ ︽ᠨᠡᠭᠦᠳᠡᠯ ᠮᠠᠯ ᠰᠦᠷᠦᠭ︾ ᠤᠨ ᠲᠥᠷᠥ ᠶᠢᠨ ᠪᠣᠳᠣᠯᠭ᠎ᠠ ᠶᠢ ᠡᠳ᠋ᠯᠡᠵᠦ ᠪᠠᠶᠢᠭ᠎ᠠ ᠮᠠᠯᠴᠢᠳ ᠤᠨ ᠡᠷᠦᠬᠡ ᠪᠦᠷᠢ ᠶᠢᠨ ᠣᠷᠣᠯᠭ᠎ᠠ ᠵᠢᠯ ᠪᠦᠷᠢ ᠳᠤᠮᠳᠠᠴᠢ ᠪᠠᠷ 1.5 ᠲᠦᠮᠡᠨ ᠲᠥᠭᠦᠷᠢᠭ ᠣᠷᠴᠢᠮ ᠨᠡᠮᠡᠭᠳᠡᠵᠦ᠂ ᠮᠠᠯᠴᠢᠳ ᠤᠨ ᠣᠷᠣᠯᠭ᠎ᠠ ᠦᠷᠭᠦᠯᠵᠢᠯᠡᠨ ᠨᠡᠮᠡᠭᠳᠡᠬᠦ ᠰᠠᠶᠢᠨ ᠣᠷᠴᠢᠯ ᠢ ᠪᠡᠶᠡᠯᠡᠭᠦᠯᠵᠦ᠂ ︽ᠵᠠᠰᠠᠭ ᠤᠨ ᠣᠷᠳᠣᠨ + ᠲᠣᠰᠬᠤᠨ ︵ᠭᠠᠴᠠᠭ᠎ᠠ︶ ᠤ ᠬᠠᠮᠲᠤ‌ᠨᠡᠶᠢᠳᠡ+ ᠲᠡᠵᠢᠭᠡᠨ ᠦᠷᠡᠵᠢᠭᠦᠯᠬᠦ ᠡᠷᠦᠬᠡ︾ ᠶᠢᠨ ᠠᠰᠢᠭ ᠲᠤᠰᠠ ᠶᠢᠨ ᠬᠤᠯᠪᠣᠭ᠎ᠠ ᠶᠢᠨ ᠲᠣᠭᠲᠠᠴᠠ ᠶᠢ ᠪᠠᠶᠢᠭᠤᠯᠵᠤ᠂ ᠠᠵᠤ ᠦᠢᠯᠡᠰ ᠢ ᠬᠥᠭᠵᠢᠭᠦᠯᠦᠨ ᠮᠠᠨᠳᠤᠭᠤᠯᠬᠤ ᠪᠠᠷ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠲᠦᠯᠬᠢᠨ ᠠᠬᠢᠭᠤᠯᠵᠤ ᠪᠠᠶᠢᠨ᠎ᠠ᠃  
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ