ᠬᠤᠶᠠᠷ ᠪᠣᠭᠳᠠ ᠶᠢᠨ ᠴᠠᠭᠠᠨ ᠢᠮᠠᠭ᠎ᠠ
ᠨᠡᠶᠢᠲᠡᠯᠡᠭᠰᠡᠨ ᠴᠠᠭ᠄
2023/12/20
      ᠮᠣᠩᠭᠤᠯᠴᠤᠳ ᠡᠷᠲᠡ ᠳᠡᠭᠡᠳᠦ ᠠᠴᠠ ᠴᠢᠨ᠋ᠸ᠎ᠠ ᠶᠢ ᠰᠢᠲᠦᠳᠡᠭ᠃ ᠡᠶᠢᠮᠦ ᠠᠴᠠ ᠴᠢᠨ᠋ᠸ᠎ᠠ ᠶᠢ ᠶᠡᠷᠦ ᠠᠴᠠ ᠨᠡᠷ᠎ᠡ ᠪᠠᠷ ᠨᠢ ᠳᠠᠭᠤᠳᠠᠳᠠᠭ ᠦᠭᠡᠢ ᠬᠠᠷᠢᠨ ︽ᠬᠥᠩᠭᠡᠨ ᠲᠠᠪᠠᠭᠲᠤ︾᠂ ︽ᠰᠦᠷᠡᠬᠡᠢ ᠨᠡᠷᠡᠳᠦ︾᠂ ︽ᠬᠦᠳᠡᠭᠡᠯᠢ ᠠᠪᠤ︾᠂ ︽ᠬᠤᠶᠠᠷ ᠪᠣᠭᠳᠠ︾ ᠭᠡᠬᠦ ᠮᠡᠲᠦ ᠪᠠᠷ ᠴᠡᠭᠡᠷᠯᠡᠨ ᠳᠠᠭᠤᠳᠠᠳᠠᠭ᠃ ᠴᠠᠭᠠᠨ ᠢᠮᠠᠭ᠎ᠠ ᠪᠠᠷ ᠠᠯᠳᠠᠷᠰᠢᠭᠰᠠᠨ ︽ᠬᠤᠶᠠᠷ ᠪᠣᠭᠳᠠ︾ ᠭᠡᠳᠡᠭ ᠠᠭᠤᠯᠠ ᠪᠣᠯ ᠤᠷᠠᠳ ᠨᠤᠲᠤᠭ ᠲᠤ ᠪᠠᠶᠢᠳᠠᠭ ᠠᠭᠤᠯᠠ ᠪᠣᠯᠣᠨ᠎ᠠ᠃ ︽ᠬᠤᠶᠠᠷ ᠪᠣᠭᠳᠠ︾ ᠭᠡᠳᠡᠭ ᠨᠢ ᠳᠠᠷᠤᠢ ᠬᠤᠶᠠᠷ ᠴᠢᠨ᠋ᠸ᠎ᠠ ᠭᠡᠰᠡᠨ ᠦᠭᠡ ᠪᠥᠭᠡᠳ ᠬᠤᠶᠠᠷ ᠪᠣᠭᠳᠠ ᠠᠭᠤᠯᠠ ᠨᠢ ᠠᠯᠤᠰ ᠬᠤᠯᠠ ᠠᠴᠠ ᠬᠠᠷᠠᠬᠤ ᠳᠤ ᠶᠠᠭ ᠯᠠ ᠲᠠᠯ᠎ᠠ ᠶᠢᠨ ᠬᠤᠶᠠᠷ ᠴᠢᠨ᠋ᠸ᠎ᠠ ᠴᠢᠬᠢ ᠰᠡᠷᠲᠡᠯᠵᠡᠭᠦᠯᠦᠨ ᠠᠯᠤᠰ ᠤᠨ ᠪᠠᠷ᠎ᠠ ᠶᠢ ᠰᠢᠷᠲᠡᠵᠦ ᠪᠠᠶᠢᠭ᠎ᠠ ᠮᠡᠲᠦ ᠪᠠᠶᠢᠳᠠᠭ ᠠᠴᠠ ᠳᠤᠮᠳᠠᠳᠤ ᠣᠷᠣᠨ ᠤ ᠢᠷᠭᠡᠳ ᠴᠢᠨ ᠤᠯᠤᠰ ᠤᠨ ᠦᠶ᠎ᠡ ᠠᠴᠠ ᠴᠢᠨ᠋ᠸ᠎ᠠ ᠶᠢᠨ ᠲᠣᠯᠣᠭᠠᠢ ᠶᠢᠨ ᠠᠭᠤᠯᠠ ᠭᠡᠵᠦ ᠳᠠᠭᠤᠳᠠᠳᠠᠭ᠃ ᠭᠡᠪᠡᠴᠦ ᠮᠣᠩᠭᠤᠯᠴᠤᠳ ᠡᠨᠡ ᠠᠭᠤᠯᠠ ᠪᠠᠨ ᠬᠤᠶᠠᠷ ᠪᠣᠭᠳᠠ ᠶᠢᠨ ᠠᠭᠤᠯᠠ ᠭᠡᠵᠦ ᠬᠦᠨᠳᠦᠳᠬᠡᠨ ᠨᠡᠷᠡᠯᠡᠳᠡᠭ᠃ ᠶᠠᠭ ᠢᠩᠭᠢᠵᠦ ᠠᠭᠤᠯᠠ ᠤᠰᠤ ᠪᠠᠨ ᠬᠦᠨᠳᠦᠳᠬᠡᠵᠦ ᠨᠡᠷᠡᠯᠡᠳᠡᠭ ᠲᠠᠢ ᠠᠳᠠᠯᠢ ᠪᠠᠷ ᠤᠷᠠᠳᠨᠴᠤᠳ ᠡᠨᠡ ᠨᠤᠲᠤᠭ ᠲᠤ ᠢᠳᠡᠭᠡᠰᠢᠭᠰᠡᠨ ᠲᠠᠪᠤᠨ ᠬᠤᠰᠢᠭᠤ ᠮᠠᠯ ᠤᠨ ᠨᠢᠭᠡ ᠨᠢ ᠪᠣᠯᠬᠤ ᠢᠮᠠᠭ᠎ᠠ ᠪᠠᠨ ᠴᠤ ᠬᠤᠶᠠᠷ ᠪᠣᠭᠳᠠ ᠶᠢᠨ ᠴᠠᠭᠠᠨ ᠢᠮᠠᠭ᠎ᠠ ᠭᠡᠳᠡᠭ᠃ ᠤᠯᠤᠰ ᠳᠠᠶᠠᠭᠠᠷ ᠲᠤ ᠠᠯᠳᠠᠷ ᠲᠠᠢ ᠤᠷᠠᠳ ᠤᠨ ᠬᠤᠶᠠᠷ ᠪᠣᠭᠳᠠ ᠶᠢᠨ ᠢᠮᠠᠭ᠎ᠠ ᠪᠣᠯ ᠮᠣᠩᠭᠤᠯ ᠢᠮᠠᠭᠠᠨ ᠨᠤᠲᠤᠭ ᠤᠨ ᠤᠭᠰᠠᠭᠠᠨ ᠤ ᠢᠮᠠᠭ᠎ᠠ ᠪᠣᠯᠣᠨ᠎ᠠ᠃ ᠤᠷᠠᠳ ᠤᠨ ᠬᠤᠶᠠᠷ ᠪᠣᠭᠳᠠ ᠶᠢᠨ ᠴᠠᠭᠠᠨ ᠢᠮᠠᠭ᠎ᠠ ᠭᠡᠳᠡᠭ ᠨᠢ‌ᠭᠠᠨᠴᠠ ᠬᠤᠶᠠᠷ ᠪᠣᠭᠳᠠ ᠬᠡᠮᠡᠬᠦ ᠬᠡᠰᠡᠭᠬᠡᠨ ᠭᠠᠵᠠᠷ ᠤᠨ ᠢᠮᠠᠭ᠎ᠠ ᠶᠢ ᠵᠢᠭᠠᠵᠤ ᠪᠠᠶᠢᠭ᠎ᠠ ᠪᠢᠰᠢ᠂ ᠬᠠᠷᠢᠨ ᠪᠤᠭᠤᠲᠤ ᠶᠢᠨ‌ᠠᠷᠤ ᠠᠭᠤᠯᠠ᠂ ᠬᠥᠨᠳᠡᠯᠡᠨ ᠭᠤᠣᠯ ᠠᠴᠠ ᠪᠠᠷᠠᠭᠤᠨᠰᠢᠬᠢ ᠮᠤᠨᠠ ᠠᠭᠤᠯᠠ ᠠᠴᠠ ᠬᠤᠶᠠᠷ ᠪᠣᠭᠳᠠ ᠶᠢᠨ ᠠᠭᠤᠯᠠ ᠬᠦᠷᠲᠡᠯᠡᠬᠢ ᠠᠭᠤᠯᠠᠷᠬᠠᠭ ᠣᠷᠣᠨ᠂ ᠬᠤᠶᠠᠷ ᠪᠣᠭᠳᠠ ᠶᠢᠨ ᠠᠭᠤᠯᠠ ᠠᠴᠠ ᠪᠠᠷᠠᠭᠤᠨᠰᠢ ᠨᠡᠷᠡᠨ ᠠᠭᠤᠯᠠ ᠬᠦᠷᠲᠡᠯᠡᠬᠢ ᠥᠷᠭᠡᠨ ᠠᠭᠤᠳᠠᠮ ᠠᠭᠤᠯᠠᠷᠬᠠᠭ ᠣᠷᠣᠨ ᠢ ᠪᠠᠭᠲᠠᠭᠠᠭᠰᠠᠨ ᠨᠣᠣᠯᠣᠭᠤᠷ ᠨᠢ ᠨᠠᠷᠢᠯᠢᠭ ᠣᠷᠲᠤ᠂ ᠰᠣᠷ ᠨᠢ ᠣᠷᠲᠣ ᠪᠥᠭᠡᠳ ᠣᠨᠴᠠ ᠭᠢᠯᠲᠠᠭᠠᠨᠠᠭᠰᠠᠨ ᠴᠠᠭᠠᠨ ᠦᠰᠦ ᠲᠠᠢ ᠪᠦᠳᠦᠭᠦᠨ ᠪᠡᠶ᠎ᠡ ᠲᠠᠢ ᠴᠠᠭᠠᠨ ᠢᠮᠠᠭ᠎ᠠ ᠶᠢ ᠪᠦᠭᠦᠳᠡ ᠶᠢ ᠪᠠᠭᠲᠠᠭᠠᠳᠠᠭ ᠪᠠᠶᠢᠨ᠎ᠠ᠃       ᠮᠣᠩᠭᠤᠯ ᠦᠭᠡᠨ ᠳᠠᠬᠢ ︽ᠶᠠᠭᠠᠷᠠᠪᠠᠯ ᠢᠮᠠᠭ᠎ᠠ︾ ᠭᠡᠳᠡᠭ ᠨᠢ ᠢᠮᠠᠭᠠᠨ ᠤ ᠦᠷᠡᠵᠢᠯᠲᠡ ᠨᠢ ᠬᠤᠷᠳᠤᠨ ᠪᠥᠭᠡᠳ ᠲᠣᠭᠲᠠᠪᠤᠷᠢᠲᠠᠢ᠂ ᠭᠠᠩ ᠭᠠᠴᠢᠭ  ᠲᠤ ᠲᠡᠰᠪᠦᠷᠢᠲᠡᠢ ᠶᠢ ᠵᠢᠭᠠᠵᠤ ᠬᠡᠯᠡᠭᠰᠡᠨ‌ᠦᠭᠡ ᠪᠣᠯᠣᠨ᠎ᠠ᠃ ᠢᠮᠠᠭ᠎ᠠ ᠠᠭᠤᠯᠠᠨ ᠭᠠᠵᠠᠷ ᠲᠤ ᠵᠣᠬᠢᠴᠠᠬᠤ ᠲᠤᠯᠠ ᠭᠠᠩ ᠭᠠᠴᠢᠭ ᠲᠠᠢ ᠵᠢᠯ ᠪᠣᠯᠤᠭᠰᠠᠨ ᠴᠦ ᠮᠣᠳᠣᠨ ᠤ ᠨᠡᠪᠴᠢ ᠢᠳᠡᠵᠦ ᠠᠮᠢᠳᠤᠷᠠᠵᠤ ᠳᠡᠶᠢᠯᠳᠡᠭ ᠣᠨᠴᠠ ᠴᠢᠳᠠᠪᠤᠷᠢ ᠲᠠᠢ ᠭᠡᠷ ᠤᠨ ᠲᠡᠵᠢᠭᠡᠪᠦᠷᠢ ᠪᠣᠯᠣᠨ᠎ᠠ᠃ ᠤᠷᠠᠳᠨᠴᠤᠳ ᠣᠪᠵᠢ ᠦᠭᠡᠢ ᠬᠥᠮᠥᠨ ᠢ ᠢᠮᠠᠭ᠎ᠠ ᠰᠢᠭ᠋ ᠭᠡᠵᠦ ᠵᠦᠢᠷᠯᠡᠳᠡᠭ᠃ ᠡᠨᠡ ᠨᠢ ᠢᠮᠠᠭ᠎ᠠ ᠪᠣᠯ ᠬᠤᠨᠢ ᠲᠠᠢ ᠠᠳᠠᠯᠢ ᠨᠣᠮᠣᠬᠠᠨ ᠪᠠᠶᠢᠳᠠᠭ ᠦᠭᠡᠢ᠂ ᠢᠰᠢᠭᠡᠨ ᠠᠴᠠ ᠪᠠᠨ ᠢᠵᠢᠯᠢ  ᠲᠠᠢ ᠪᠠᠨ ᠮᠥᠷᠭᠦᠯᠳᠦᠨ ᠱᠥᠷᠭᠦᠯᠳᠦᠬᠦ᠂ ᠣᠷᠢᠯᠠᠵᠤ ᠴᠢᠷᠠᠯᠠᠨ ᠳᠤᠲᠠᠭᠠᠵᠤ᠂ ᠬᠤᠷᠢᠵᠤ ᠬᠠᠰᠢᠭᠳᠠᠳᠠᠭ ᠦᠭᠡᠢ ᠰᠡᠷᠭᠡᠭ ᠠᠮᠢᠳᠠᠨ ᠪᠣᠯᠬᠤ ᠳᠤ ᠣᠷᠣᠰᠢᠨ᠎ᠠ ᠃       ᠬᠤᠶᠠᠷ ᠪᠣᠭᠳᠠ ᠶᠢᠨ ᠴᠠᠭᠠᠨ ᠢᠮᠠᠭ᠎ᠠ ᠶᠢᠨ ᠥᠩᠭᠡ ᠨᠢ ᠴᠣᠯ ᠴᠠᠭᠠᠨ᠂ ᠨᠢᠳᠦ ᠨᠢ ᠶᠡᠭᠡ ᠪᠥᠭᠡᠳ ᠴᠤᠭ ᠲᠠᠢ᠂ ᠬᠤᠩᠰᠢᠶᠠᠷ ᠨᠢ ᠰᠢᠯᠤᠭᠤᠬᠠᠨ᠂ ᠳᠥᠷᠪᠡᠨ ᠮᠥᠴᠢ ᠨᠢ ᠡᠭᠴᠡ ᠬᠦᠴᠦᠲᠡᠢ᠂ ᠵᠣ ᠨᠢᠷᠤᠭᠤ ᠨᠢ ᠲᠡᠭᠰᠢ ᠴᠡᠭᠡᠵᠢᠳᠡᠭᠦᠦ ᠭᠡᠳᠡᠰᠦ ᠲᠠᠢ᠂ ᠲᠤᠭᠤᠷᠠᠢ ᠰᠠᠯᠠᠭ᠎ᠠ ᠨᠢ ᠴᠢᠩᠭ᠎ᠠ ᠪᠦᠬᠦᠢ ᠥᠪᠡᠷᠮᠢᠴᠡ ᠣᠨᠴᠠᠯᠢᠭ ᠲᠠᠢ ᠪᠠᠶᠢᠳᠠᠭ ᠬᠤᠶᠠᠷ ᠪᠣᠭᠳᠠ ᠶᠢᠨ ᠴᠠᠭᠠᠨ ᠢᠮᠠᠭ᠎ᠠ ᠶᠢ ᠨᠠᠷᠢᠨ ᠤᠷᠲᠤ ᠨᠣᠣᠰᠣ ᠲᠠᠢ ᠴᠠᠭᠠᠨ ᠢᠮᠠᠭ᠎ᠠ᠂ ᠪᠦᠳᠦᠭᠦᠨ ᠨᠣᠣᠰᠣ  ᠲᠠᠢ ᠴᠠᠭᠠᠨ ᠢᠮᠠᠭ᠎ᠠ ᠭᠡᠵᠦ ᠬᠤᠶᠠᠷ ᠵᠦᠢᠯ ᠢᠶᠠᠷ ᠬᠤᠪᠢᠶᠠᠳᠠᠭ᠃ ᠡᠭᠦᠨ ᠳᠤ ᠨᠠᠷᠢᠨ ᠤᠷᠲᠤ ᠨᠣᠣᠰᠣ ᠲᠠᠢ ᠴᠠᠭᠠᠨ ᠢᠮᠠᠭ᠎ᠠ ᠨᠢ ᠬᠤᠶᠠᠷ ᠪᠣᠭᠳᠠ ᠶᠢᠨ ᠴᠢᠨᠠᠷ ᠰᠠᠶᠢᠲᠠᠢ ᠢᠮᠠᠭᠠᠨ ᠤ ᠪᠠᠨ ᠤᠭ ᠴᠢᠨᠠᠷ ᠢ ᠬᠠᠳᠠᠭᠠᠯᠠᠵᠤ᠂ ᠪᠦᠳᠦᠭᠦᠨ ᠤᠷᠲᠤ ᠨᠣᠣᠰᠣ ᠲᠠᠢ ᠴᠠᠭᠠᠨ ᠢᠮᠠᠭ᠎ᠠ ᠨᠢ ᠤᠭ ᠴᠢᠨᠠᠷ ᠢᠶᠠᠨ ᠠᠯᠳᠠᠵᠤ ᠪᠠᠶᠢᠬᠤ ᠢᠮᠠᠭ᠎ᠠ ᠪᠣᠯᠣᠨ᠎ᠠ᠃  ᠬᠤᠶᠠᠷ ᠪᠣᠭᠳᠠ ᠶᠢᠨ ᠴᠠᠭᠠᠨ ᠢᠮᠠᠭᠠᠨ ᠤ ᠨᠣᠣᠰᠣ ᠨᠣᠣᠯᠣᠭᠤᠷ ᠨᠢ ᠠᠷᠪᠢᠨ ᠮᠥᠷᠲᠡᠭᠡᠨ ᠴᠢᠨᠠᠷᠯᠢᠭ᠂ ᠰᠣᠷ ᠨᠢ ᠤᠷᠲᠤ ᠪᠠᠶᠢᠳᠠᠭ᠃ ᠬᠤᠶᠠᠷ ᠪᠣᠭᠳᠠ‌ ᠶᠢᠨ ᠴᠠᠭᠠᠨ ᠢᠮᠠᠭ᠎ᠠ ᠰᠦ ᠰᠠᠶᠢᠲᠠᠢ ᠪᠠᠶᠢᠵᠤ᠂5 ᠰᠠᠷ᠎ᠠ ᠠᠴᠠ 7 ᠰᠠᠷ᠎ᠠ ᠶᠢᠨ ᠦᠶ᠎ᠡ ᠪᠠᠷ ᠰᠦ ᠨᠢ ᠬᠠᠮᠤᠭ ᠤᠨ ᠠᠷᠪᠢᠨ ᠪᠠᠶᠢᠳᠠᠭ᠃      ᠬᠤᠶᠠᠷ ᠪᠣᠭᠳᠠ ᠶᠢᠨ ᠴᠠᠭᠠᠨ ᠢᠮᠠᠭ᠎ᠠ ᠨᠢ ᠠᠭᠤᠯᠠᠷᠬᠠᠭ ᠭᠠᠵᠠᠷ ᠪᠠᠶᠢᠳᠠᠭ ᠠᠴᠠ ᠲᠡᠩᠵᠢᠨ ᠴᠣᠪᠣᠭᠤ᠂ ᠠᠭᠤᠯᠠ ᠬᠠᠳᠠᠨ ᠳᠤ ᠴᠢᠳᠠᠮᠠᠭᠠᠢ ᠶᠠᠪᠤᠵᠤ᠂ ᠡᠪᠡᠰᠦᠨ ᠤ ᠰᠠᠶᠢᠨ ᠢ ᠢᠳᠡᠵᠦ᠂ ᠤᠰᠤᠨ ᠤ ᠲᠤᠩᠭᠠᠯᠠᠭ ᠢ ᠤᠤᠭᠤᠨ᠂ ᠬᠠᠶᠢᠯᠠᠰᠤ ᠠᠭᠠᠷᠤ ᠵᠡᠷᠭᠡ ᠮᠣᠳᠣᠨ ᠨᠡᠪᠴᠢ ᠶᠢ ᠢᠳᠡᠵᠦ᠂ ᠠᠭᠤᠯᠠᠨ ᠬᠥᠨᠳᠡᠢ ᠶᠢᠨ ᠡᠪᠡᠰᠦᠨ ᠡᠮ ᠢ ᠴᠦ ᠲᠡᠭᠦᠵᠦ ᠢᠳᠡᠳᠡᠭ ᠠᠴᠠ ᠮᠢᠬ᠎ᠠ ᠨᠢ ᠲᠣᠩ ᠱᠥᠯᠥᠷᠬᠡᠦ ᠠᠮᠲᠠᠲᠠᠢ ᠪᠠᠶᠢᠳᠠᠭ᠃ 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ