ᠮᠣᠩᠭᠤᠯᠴᠤᠳ ᠤᠨ ᠵᠠᠰᠠᠯ ᠴᠢᠮᠡᠭᠯᠡᠯ ᠤᠨ ᠡᠷᠡᠭᠦᠯᠵᠢᠯ ᠤᠨ ᠤᠬᠠᠭᠠᠨ ︵ᠲᠠᠪᠤ︶
ᠨᠡᠶᠢᠲᠡᠯᠡᠭᠰᠡᠨ ᠴᠠᠭ᠄
2023/12/20
      ᠵᠠᠰᠠᠯ ᠴᠢᠮᠡᠭᠯᠡᠯ ᠪᠣᠯ ᠨᠢᠭᠡ ᠦᠨᠳᠦᠰᠦᠲᠡᠨ ᠤ ᠣᠨᠴᠠᠯᠢᠭ᠂ ᠵᠠᠩ ᠳᠠᠳᠬᠠᠯ᠂ ᠶᠣᠰᠣ ᠰᠤᠷᠲᠠᠬᠤᠨ᠂ ᠡᠷᠡᠭᠦᠯ ᠬᠠᠮᠠᠭᠠᠯᠠᠯ ᠤᠨ ᠲᠤᠰᠬᠠᠯ ᠶᠤᠮ᠃ ᠮᠣᠩᠭᠤᠯᠴᠤᠳ ᠤᠨ ᠵᠠᠰᠠᠯ ᠴᠢᠮᠡᠭᠯᠡᠯ ᠨᠢ ᠥᠪᠡᠷᠮᠢᠴᠡ ᠣᠨᠴᠠᠯᠢᠭ ᠲᠠᠢ᠂ ᠮᠣᠩᠭᠤᠯ ᠠᠨᠠᠭᠠᠬᠤ ᠤᠬᠠᠭᠠᠨ ᠤ ᠵᠠᠰᠠᠯᠭ᠎ᠠ ᠠᠴᠠ ᠤᠯᠠᠷᠢᠨ ᠬᠤᠪᠢᠷᠠᠵᠤ ᠢᠷᠡᠭᠰᠡᠨ ᠤᠯᠠ ᠮᠥᠷ ᠲᠠᠢ᠃  ᠪᠦᠯᠡᠵᠡᠭ᠄ ᠮᠣᠩᠭᠤᠯ ᠠᠨᠠᠭᠠᠬᠤ ᠤᠬᠠᠭᠠᠨ ᠤ ᠰᠤᠳᠤᠷ ᠲᠤ ᠳᠤᠰᠤᠯ ᠴᠤᠪᠤᠷᠠᠪᠠᠯ ᠬᠤᠮᠣᠬᠠᠢ ᠬᠤᠷᠤᠭᠤᠨ ︵ᠳᠣᠯᠢᠶᠠᠪᠤᠷ ᠬᠤᠷᠤᠭᠤ︶ ᠳᠤᠨᠢ ᠪᠦᠯᠡᠵᠡᠭ ᠵᠡᠭᠦᠯᠭᠡ ᠭᠡᠵᠦ ᠲᠡᠮᠳᠡᠭᠯᠡᠵᠦ ᠪᠤᠢ᠃ ᠮᠣᠩᠭᠤᠯ ᠡᠷᠡᠭᠲᠡᠶᠢᠴᠦᠳ ᠤᠨ ᠳᠣᠲᠣᠷ᠎ᠠ ᠠᠯᠲᠠᠨ ᠮᠥᠩᠭᠦᠨ ᠪᠦᠯᠡᠵᠡᠭ ᠢ ᠳᠣᠯᠢᠶᠠᠪᠤᠷ ᠬᠤᠭᠤᠷᠠᠨ ᠳᠠᠭᠠᠨ ᠵᠡᠭᠦᠬᠦ ᠵᠠᠩᠰᠢᠯ ᠲᠠᠢ ᠪᠥᠭᠡᠳ ᠢᠯᠠᠩᠭᠤᠶ᠎ᠠ ᠰᠢᠨ᠎ᠡ ᠬᠤᠷᠢᠮᠯᠠᠭᠰᠠᠳ ᠤᠯᠠᠮ ᠢᠯᠡ ᠲᠣᠳᠣ ᠪᠠᠶᠢᠳᠠᠭ᠃ ᠡᠨᠡ ᠨᠢ ᠮᠣᠩᠭᠤᠯ ᠠᠨᠠᠭᠠᠬᠤ ᠤᠬᠠᠭᠠᠨ ᠤ ᠵᠠᠰᠠᠯᠭ᠎ᠠ ᠨᠢ ᠵᠠᠰᠠᠯ ᠴᠢᠮᠡᠭᠯᠡᠯ ᠪᠣᠯᠤᠭᠰᠠᠨ ᠢ ᠬᠠᠷᠠᠭᠤᠯᠵᠤ ᠪᠠᠶᠢᠨ᠎ᠠ᠃
ᠢᠷᠡᠯᠲᠡ᠄ ᠪᠠᠶᠠᠨᠨᠠᠭᠤᠷ ᠬᠤᠳᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ