ᠢᠳᠡᠷ ᠶᠢᠰᠦ ᠶᠢᠨ ᠬᠦᠢᠲᠡᠨ
ᠨᠡᠶᠢᠲᠡᠯᠡᠭᠰᠡᠨ ᠴᠠᠭ᠄
2023/12/25
      ᠦᠷ ᠭᠡᠶᠢᠵᠡᠢ᠃ ᠶᠢᠰᠦ ᠣᠷᠣᠭᠰᠠᠨ ᠪᠤᠯᠪᠠᠴᠤ ᠠᠭᠤᠷ ᠠᠮᠢᠰᠬᠤᠯ ᠳᠤᠯᠠᠭᠠᠬᠠᠨ᠃ ᠪᠢ ᠡᠷᠲᠡ ᠶᠢᠨ ᠬᠤᠭᠤᠯᠠᠨ ᠭᠡᠷ ᠣᠯᠵᠤ᠂ ᠱᠥᠯᠥ ᠲᠠᠢ ᠬᠤᠭᠤᠯᠠ ᠵᠠᠬᠢᠶᠠᠯᠠᠨ ᠬᠦᠯᠢᠶᠡᠵᠦ ᠪᠠᠶᠢᠲᠠᠯ᠎ᠠ ᠪᠤᠳᠤᠮᠠᠯ ᠬᠠᠷ᠎ᠠ ᠠᠷᠠᠰᠤᠨ ᠮᠠᠯᠠᠭᠠᠢ ᠡᠮᠦᠰᠦᠭᠰᠡᠨ ᠬᠢᠵᠢᠶᠡᠯ ᠨᠠᠰᠤᠨ ᠤ ᠭᠤᠷᠪᠠᠨ ᠡᠷ᠎ᠡ ᠣᠷᠣᠵᠤ ᠢᠷᠡᠭᠡᠳ ᠮᠠᠨᠲᠸᠣ᠂ ᠨᠠᠷᠢᠮᠤᠨ ᠰᠥᠮᠥᠰᠤ᠂ ᠳᠠᠪᠤᠰᠤᠲᠠᠢ ᠨᠣᠭᠤᠭ᠎ᠠ ᠵᠠᠬᠢᠶᠠᠯᠠᠵᠤ ᠪᠠᠶᠢᠯ᠎ᠠ᠃ ᠳᠦᠭᠦᠮ ᠪᠥᠬᠡᠯᠢᠭ᠂ ᠵᠤᠵᠠᠭᠠᠪᠲᠤᠷ ᠬᠤᠪᠴᠠᠰᠤ ᠡᠮᠦᠰᠴᠡᠭᠡᠵᠦ᠂ ᠬᠡᠭᠡᠷ᠎ᠡ ᠭᠠᠳᠠᠨ᠎ᠠ ᠠᠵᠢᠯᠯᠠᠳᠠᠭ ᠨᠢ ᠢᠯᠡᠭᠡᠨ ᠮᠡᠳᠡᠭᠳᠡᠨ᠎ᠡ᠃ ᠠᠷᠠᠰᠤᠨ ᠮᠠᠯᠠᠭᠠᠢ ᠪᠠᠨ ᠬᠤᠸᠠᠰ ᠬᠢᠲᠡᠯ᠎ᠡ ᠬᠠᠵᠠᠭᠤ ᠲᠠᠯ᠎ᠠ ᠳᠠᠭᠠᠨ ᠲᠠᠯᠪᠢᠵᠠᠭᠠᠨ ᠶᠡᠬᠡᠯ᠎ᠡ ᠰᠢᠮᠡᠲᠡᠢ ᠬᠤᠷᠳᠤᠨ ᠵᠣᠭᠤᠭᠯᠠᠵᠠᠭᠠᠨ᠎ᠠ᠃       ᠪᠢ ᠲᠡᠳᠡᠨ ᠤ ᠡᠮᠦᠰᠦᠭᠰᠡᠨ ᠡᠶᠢᠮᠦᠷᠬᠦᠦ ᠠᠷᠠᠰᠤᠨ ᠮᠠᠯᠠᠭᠠᠢ ᠶᠢ ᠣᠯᠵᠤ ᠦᠵᠡᠭᠡᠳᠦᠢ ᠣᠨ ᠤᠳᠠᠵᠠᠢ᠃ ᠥᠨᠥ ᠢᠳᠡᠷ ᠶᠢᠰᠦ ᠶᠢᠨ ᠬᠦᠢᠲᠡᠨ ᠳᠤ ᠴᠦ ᠡᠶᠢᠮᠦ ᠮᠠᠯᠠᠭᠠᠢ ᠡᠮᠦᠰᠳᠡᠭ ᠬᠥᠮᠥᠨ ᠬᠠᠷᠠᠭᠳᠠᠬᠤ ᠪᠠᠨ ᠪᠣᠯᠢᠵᠠᠢ᠃ ᠬᠠᠪᠤᠷ ᠨᠠᠮᠤᠷ ᠨᠡᠶᠢᠯᠡᠭᠡᠳ ᠡᠪᠦᠯ ᠦᠭᠡᠢ ᠪᠣᠯᠪᠠ ᠭᠡᠭᠴᠢ ᠪᠣᠯᠵᠤ ᠬᠥᠮᠥᠰ ᠬᠥᠩᠭᠡᠨ ᠨᠢᠮᠭᠡᠨ᠂ ᠴᠠᠭ ᠤᠨ ᠥᠩᠭᠡ ᠶᠢ ᠳᠠᠭᠠᠬᠰᠠᠨ ᠳᠡᠪᠡᠯ ᠮᠠᠯᠠᠭᠠᠢ ᠪᠠᠷ ᠭᠠᠩᠭᠠᠷᠠᠬᠤ ᠪᠣᠯᠪᠠ᠃       ᠪᠢᠳᠡᠨ ᠤ ᠪᠠᠭ᠎ᠠ ᠶᠢᠨ ᠦᠶ᠎ᠡ ᠶᠢᠨ ᠡᠪᠦᠯ ᠤᠨ ᠬᠦᠢᠲᠡᠨ ᠢ ᠬᠡᠯᠡᠬᠦ ᠶᠤᠮ ᠪᠣᠯ ᠣᠶᠢᠷ᠎ᠠ ᠶᠢᠨ ᠵᠢᠯ ᠤᠳ ᠲᠠᠢ ᠬᠠᠷᠢᠴᠠᠭᠤᠯᠬᠤ ᠶᠢᠨ ᠠᠷᠭ᠎ᠠ ᠦᠭᠡᠢ᠃ ᠬᠥᠳᠡᠭᠡ  ᠪᠠᠷ ᠶᠠᠪᠤᠳᠠᠭ ᠮᠠᠶᠢᠮᠠᠶᠢᠴᠢᠳ ᠪᠣᠯ ᠭᠤᠣᠯᠳᠠᠭᠤ ᠨᠣᠬᠠᠢ ᠶᠢᠨ ᠠᠷᠠᠰᠤᠨ ᠮᠠᠯᠠᠭᠠᠢ᠂ ᠭᠤᠮ ᠱᠠᠬᠠᠢ ᠲᠠᠢ ᠨᠣᠬᠠᠢ ᠦᠢᠮᠡᠭᠦᠯᠦᠨ ᠭᠡᠷ ᠲᠤ ᠣᠷᠣᠵᠤ ᠢᠷᠡᠭᠡᠳ ᠯᠠ ᠭᠠᠯ ᠳᠤ ᠬᠥᠯ ᠢᠶᠠᠨ ᠡᠭᠡᠭᠡᠨ᠎ᠡ᠃ ᠨᠤᠲᠤᠭ ᠤᠨ ᠬᠥᠮᠥᠰ ᠪᠣᠯ ᠬᠤᠷᠠᠭᠠᠨ ᠠᠷᠠᠰᠤᠨ ᠮᠠᠯᠠᠭᠠᠢ᠂ ᠦᠨᠡᠭᠡᠨ ᠠᠷᠠᠰᠤᠨ ᠮᠠᠯᠠᠭᠠᠢ᠂ ᠬᠢᠮᠡᠯ ᠦᠰᠦ ᠲᠠᠢ ᠠᠷᠠᠰᠤᠨ ᠮᠠᠯᠠᠭᠠᠢ ᠡᠮᠦᠰᠴᠦ᠂ ᠪᠡᠶ᠎ᠡ ᠳᠡᠭᠡᠨ ᠬᠤᠨᠢ ᠢᠮᠠᠭᠠᠨ ᠠᠷᠠᠰᠤᠨ ᠤᠲᠤᠮᠠᠯ ᠳᠠᠪᠠᠯ᠂ ᠰᠡᠩᠰᠡᠨ ᠳᠠᠪᠠᠯ᠂ ᠦᠵᠦᠭᠦᠷᠰᠦᠨ ᠵᠤᠪᠴᠠᠭ᠎ᠠ᠂ ᠨᠡᠬᠡᠢ ᠳᠡᠪᠡᠯ᠂ ᠬᠥᠪᠥᠩ ᠲᠠᠢ ᠣᠯᠣᠨᠳᠠᠢ ᠥᠮᠥᠳᠦ᠂ ᠠᠷᠠᠰᠤᠨ ᠥᠮᠥᠳᠦ ᠴᠦ ᠡᠮᠦᠰᠳᠡᠭ ᠪᠢᠯᠡ᠃ ᠲᠡᠷᠡ ᠦᠶ᠎ᠡ ᠶᠢᠨ ᠠᠮᠢᠳᠤᠷᠠᠯ ᠠᠬᠤᠢ ᠶᠠᠳᠠᠭᠤ ᠪᠠᠶᠢᠭᠰᠠᠨ ᠤ ᠪᠠᠶᠢᠬ᠎ᠠ᠂ ᠣᠳᠣ ᠶᠢᠨ ᠬᠤᠷᠢᠮ ᠨᠠᠶᠢᠷ᠂ ᠵᠢᠯ ᠴᠠᠭᠠᠨ ᠰᠠᠷ᠎ᠠ ᠳᠠᠭᠠᠨ ᠭᠠᠩᠭᠠᠷᠠᠳᠠᠭ ᠡᠯᠳᠡᠪ ᠥᠩᠭᠡ ᠶᠢᠨ ᠲᠣᠷᠭᠠᠨ ᠳᠡᠪᠡᠯ ᠬᠠᠷᠠᠭᠳᠠᠳᠠᠭ ᠦᠭᠡᠢ ᠪᠠᠶᠢᠭᠰᠠᠨ᠃       ᠡᠪᠦᠯ ᠤᠨ ᠪᠡᠯᠡᠳᠬᠡᠯ ᠭᠡᠵᠦ ᠡᠪᠡᠰᠦ ᠲᠠᠷᠢᠶ᠎ᠠ ᠪᠠᠨ ᠬᠠᠳᠤᠵᠤ ᠨᠥᠭᠡᠴᠡᠯᠡᠬᠦ ᠶᠤᠮ ᠦᠦ᠂ ᠣᠲᠣᠷᠯᠠᠨ ᠡᠪᠦᠯᠵᠢᠶᠡᠨ ᠳᠡᠭᠡᠨ ᠨᠡᠭᠦᠵᠦ ᠣᠷᠣᠭᠰᠠᠭᠠᠷ ᠡᠬᠢᠯᠡᠴᠢᠬᠡᠳᠡᠭ᠃ ᠴᠠᠷᠠᠰᠤᠨ ᠮᠣᠳᠣ ᠭᠤᠷᠪᠠ ᠲᠠᠪᠤᠨ ᠲᠡᠷᠭᠡ ᠠᠪᠴᠢᠷᠠᠭᠠᠳ ᠫᠧᠩ ᠰᠠᠷᠠᠪᠴᠢ ᠪᠠᠨ ᠵᠤᠵᠠᠭᠠᠨ ᠭᠡᠭᠴᠢ ᠪᠠᠬᠢᠯᠡᠨ᠎ᠡ᠃ ᠬᠤᠨᠢᠨ ᠤ ᠬᠤᠷᠤᠭ᠎ᠠ ᠪᠠᠨ ᠪᠣᠯ ᠬᠤᠶᠢᠨ᠎ᠠ᠂ ᠵᠡᠭᠦᠨ᠂ ᠪᠠᠷᠠᠭᠤᠨ ᠲᠠᠯ᠎ᠠ ᠠᠴᠠ ᠨᠢ ᠯᠦᠪᠭᠢᠲᠡᠯ᠎ᠡ ᠪᠦᠲᠡᠭᠡᠴᠢᠬᠡᠳᠡᠭ ᠪᠣᠯᠬᠤᠷ ᠳᠤᠯᠠᠭᠠᠬᠠᠨ ᠪᠠᠶᠢᠵᠤ᠂ ᠡᠪᠦᠯ ᠤᠨ ᠲᠥᠯ ᠭᠠᠷᠤᠯ᠎ᠠ ᠴᠦ ᠣᠰᠣᠯᠳᠠᠬᠤ ᠦᠭᠡᠢ᠃ ᠢᠳᠡᠷ ᠶᠢᠰᠦ ᠶᠢᠨ ᠬᠦᠢᠲᠡᠨ ᠳᠤ ᠨᠢᠳᠦ ᠦᠭᠡᠢ ᠰᠢᠭᠤᠷᠭ᠎ᠠ ᠢᠰᠬᠡᠷᠦᠨ᠂ ᠲᠡᠭᠷᠢ ᠭᠠᠵᠠᠷ ᠪᠤᠳᠤᠩᠭᠤᠶᠢᠷᠠᠨ ᠮᠠᠯ ᠵᠠᠯᠠᠬᠤ ᠶᠢᠨ ᠠᠷᠭ᠎ᠠ ᠦᠭᠡᠢ ᠡᠳᠦᠷ ᠤᠳ ᠲᠤ ᠨᠥᠭᠡᠴᠡᠯᠡᠭᠰᠡᠨ ᠡᠪᠡᠰᠦ ᠪᠠᠷ ᠳᠤᠯᠠᠭᠠᠬᠠᠨ ᠰᠠᠷᠠᠪᠴᠢᠨ ᠳᠠᠭᠠᠨ ᠬᠤᠨᠢ ᠢᠮᠠᠭᠠᠳ᠂ ᠬᠥᠭᠰᠢᠨ ᠪᠠᠭᠤᠷᠠᠢ ᠪᠤᠳᠠ ᠮᠠᠯ ᠢᠶᠠᠨ ᠲᠡᠵᠢᠭᠡᠳᠡᠭ᠃       ᠨᠠᠮᠤᠷ ᠤᠨ ᠰᠡᠭᠦᠯᠴᠢ ᠠᠴᠠ ᠡᠬᠢᠯᠡᠭᠡᠳ ᠠᠪᠤ ᠡᠯᠵᠢᠭᠡᠨ ᠲᠡᠷᠭᠡ ᠪᠠᠷ ᠬᠡᠭᠡᠷ᠎ᠡ ᠠᠴᠠ ᠲᠡᠭᠦᠵᠦ ᠣᠪᠣᠭᠠᠯᠠᠭᠰᠠᠨ ᠠᠷᠭᠠᠯ ᠢᠶᠠᠨ ᠲᠡᠭᠡᠭᠡᠵᠦ᠂ ᠨᠣᠶᠢᠲᠠᠨ ᠴᠠᠷᠠᠰᠤ ᠪᠠᠷ ᠭᠦᠷᠦᠭᠰᠡᠨ ᠬᠠᠰᠢᠶᠠᠨ ᠳᠠᠭᠠᠨ ᠣᠷᠣᠭᠤᠯᠵᠤ᠂ ᠬᠥᠮᠥᠨ ᠠᠴᠠ ᠥᠨᠳᠥᠷ ᠣᠪᠣᠭᠠᠯᠠᠨ᠎ᠠ᠃ ᠲᠡᠭᠡᠭᠡᠳ ᠡᠪᠦᠯ ᠨᠢ ᠳᠥᠷᠪᠡ ᠬᠥᠯᠥᠭᠰᠡᠨ ᠮᠣᠷᠢᠨ ᠲᠡᠷᠭᠡ ᠪᠤᠶᠤ ᠠᠴᠢᠶᠠᠨ ᠤ ᠮᠠᠰᠢᠨ ᠲᠠᠢ ᠢᠷᠡᠬᠦ ᠠᠷᠭᠠᠯ ᠤᠨ ᠮᠠᠶᠢᠮᠠᠶᠢᠴᠢᠳ ᠲᠤ ᠦᠨ᠎ᠡ ᠬᠠᠶᠠᠯᠴᠠᠨ ᠬᠤᠳᠠᠯᠳᠤᠭᠠᠳ ᠰᠠᠷ᠎ᠠ ᠰᠢᠨ᠎ᠡ ᠶᠢᠨ ᠪᠣᠣᠪᠤ ᠪᠤᠭᠤᠷᠰᠤᠭ᠂ ᠠᠷᠢᠬᠢ ᠲᠠᠮᠠᠬᠢ᠂ ᠢᠬᠢᠷ ᠰᠢᠬᠢᠷ ᠵᠦᠢᠯ ᠬᠤᠳᠠᠯᠳᠤᠨ ᠠᠪᠤᠨ᠎ᠠ᠃ ᠬᠡᠳᠦᠬᠡᠨ ᠲᠡᠷᠭᠡ ᠬᠠᠭᠤᠷᠠᠢ ᠠᠷᠭᠠᠯ ᠢᠶᠠᠨ ᠲᠦᠯᠡᠬᠦ ᠪᠠᠷ ᠦᠯᠡᠳᠡᠭᠡᠭᠰᠡᠨ ᠪᠣᠯᠬᠤᠷ ᠭᠤᠣᠯ ᠲᠦᠯᠡᠰᠢ ᠪᠠᠨ ᠠᠪᠬᠤ ᠪᠠᠷ ᠠᠪᠤ ᠠᠬ᠎ᠠ ᠪᠢᠳᠡ ᠡᠭᠡᠯᠵᠢᠯᠡᠨ ᠶᠠᠪᠤᠳᠠᠭ᠃ ᠵᠢᠪᠠᠷ ᠰᠠᠯᠬᠢ ᠨᠠᠮᠤᠭᠤᠬᠠᠨ ᠡᠳᠦᠷ ᠤᠳ ᠲᠤ ᠪᠢᠳᠡ ᠠᠭᠤᠯᠠᠨ ᠳᠤ ᠭᠠᠷᠴᠤ᠂ ᠨᠣᠴᠣᠬᠤ ᠳᠤ ᠠᠮᠠᠷᠬᠠᠨ ᠰᠢᠪᠠᠭ᠂ ᠢᠯᠴᠢ ᠨᠢ ᠳᠠᠭᠠᠭᠠᠴᠠ ᠲᠠᠢ ᠬᠤᠵᠤᠤᠯ᠎ᠠ᠂ ᠵᠡᠪᠡᠨ ᠬᠠᠷ᠎ᠠ ᠴᠠᠷᠠᠰᠤᠨ ᠮᠣᠳᠣ ᠶᠢ ᠨᠡᠯᠢᠶᠡᠳ ᠲᠡᠷᠭᠡ ᠵᠥᠭᠡᠭᠡᠵᠦ᠂ ᠬᠦᠢᠲᠡᠨ ᠡᠪᠦᠯ ᠢ ᠠᠵᠢᠭ ᠦᠭᠡᠢ ᠲᠤᠭᠤᠯᠳᠠᠭ ᠰᠠᠨ᠃ ᠵᠤᠤᠬᠠᠨ ᠳᠤ ᠳᠦᠷᠡᠯᠵᠡᠬᠦ ᠬᠤᠵᠤᠤᠯ᠎ᠠ᠂ ᠬᠢᠷᠦᠭᠡᠳᠡᠭᠰᠡᠨ ᠲᠦᠯᠡᠭᠡᠨ ᠭᠠᠯ ᠤᠨ ᠨᠢᠯᠴᠢᠭᠢᠨᠡᠭᠰᠡᠨ ᠢᠯᠴᠢᠨ ᠳᠤ ᠠᠪᠤ ᠠᠬ᠎ᠠ ᠪᠢᠳᠡ ᠭᠤᠷᠪᠠ ᠭᠡᠷ ᠤᠨ ᠪᠤᠯᠣᠩ  ᠴᠣᠯᠤᠩ ᠢ ᠡᠵᠡᠯᠡᠨ ᠦᠯᠢᠭᠡᠷ ᠤᠨ ᠨᠣᠮ ᠤᠩᠰᠢᠨ ᠰᠠᠭᠤᠨ᠎ᠠ᠃ ᠮᠢᠨᠤ ᠵᠣᠬᠢᠶᠠᠯ ᠪᠢᠴᠢᠬᠦ ᠳᠤᠷᠠᠲᠠᠢ ᠪᠣᠯᠤᠭᠰᠠᠨ ᠨᠢ ᠴᠦ ᠲᠡᠷᠡ ᠦᠶ᠎ᠡ ᠠᠴᠠ ᠡᠬᠢᠯᠡᠭᠰᠡᠨ ᠶᠤᠮ᠃ ᠡᠵᠢ ᠪᠣᠯ ᠦᠢᠯᠡ ᠣᠶᠣᠳᠠᠯ ᠤᠨ ᠲᠤᠰᠬᠠᠢ ᠡᠷᠦᠭᠡ ᠭᠡᠮᠡᠷ᠃ ᠨᠢᠭᠡ ᠭᠡᠷ ᠤᠨ ᠵᠢᠷᠭᠤᠭᠠᠨ ᠠᠮᠠ ᠬᠥᠮᠥᠨ ᠤ ᠪᠠᠨ ᠮᠥᠷᠥ ᠪᠦᠲᠦᠨ ᠬᠥᠯ ᠢ ᠨᠢ ᠳᠤᠯᠠᠭᠠᠬᠠᠨ ᠶᠠᠪᠤᠭᠤᠯᠬᠤ ᠪᠠᠷ ᠪᠠᠷᠠᠬᠤ ᠦᠭᠡᠢ ᠲᠦᠷᠦᠯ ᠰᠠᠳᠤᠨ ᠤ ᠪᠠᠨ ᠵᠢᠯ ᠣᠷᠣᠬᠤ᠂ ᠠᠬᠠᠮᠠᠳ ᠨᠠᠰᠤᠲᠠᠳ ᠲᠤ ᠱᠠᠬᠠᠢ ᠭᠤᠲᠤᠯ᠂ ᠲᠡᠪᠡᠯ ᠣᠭᠴᠣᠷ  ᠪᠡᠯᠡᠳᠬᠡᠬᠦ ᠠᠵᠢᠯ ᠳᠤ ᠡᠳᠦᠷ ᠰᠥᠨᠢ ᠦᠭᠡᠢ ᠶᠠᠭᠠᠷᠠᠳᠠᠭ᠃ ᠮᠠᠨᠠᠶᠢᠬᠢ ᠮᠠᠯ ᠵᠤᠵᠠᠭᠠᠨ ᠪᠢᠰᠢ ᠴᠦ ᠨᠢᠭᠡ ᠣᠶᠣᠳᠠᠯ ᠤᠨ ᠮᠠᠰᠢᠨ ᠲᠠᠢ᠂ ᠬᠠᠨᠲᠠᠭᠠᠵᠠ ᠥᠮᠥᠳᠦ ᠶᠢ ᠪᠣᠯ ᠡᠵᠢ ᠥᠪᠡᠷ ᠢᠶᠠᠨ ᠣᠶᠣᠴᠢᠬᠠᠨ᠎ᠠ᠂ ᠥᠭᠡᠷ᠎ᠡ ᠠᠶᠢᠯ ᠤᠨ ᠬᠢ ᠶᠢ ᠴᠦ᠂ ᠬᠡᠮᠵᠢᠨ ᠵᠢᠷᠤᠵᠤ᠂ ᠡᠰᠬᠡᠨ ᠣᠶᠣᠵᠤ ᠪᠠᠶᠢᠭᠰᠠᠨ ᠯᠠ ᠳ᠋ᠠ᠃ ᠭᠤᠲᠤᠯ ᠱᠠᠬᠠᠢ ᠶᠢ ᠪᠣᠯ ᠭᠠᠷ ᠢᠶᠠᠷ ᠣᠶᠣᠵᠤ ᠱᠠᠭᠯᠠᠨ᠎ᠠ ᠰᠢᠦ᠃ ᠡᠵᠢ ᠮᠢᠨᠢ ᠲᠣᠰᠣᠨ ᠳ᠋ᠧᠩ ᠤᠨ ᠭᠡᠷᠡᠯ ᠳᠤ ᠭᠤᠷᠪᠠᠨ ᠮᠠᠷᠠᠯ ᠭᠤᠳᠤᠶᠢᠳᠠᠯ᠎ᠠ ᠬᠠᠯᠠᠭᠤᠨ ᠭᠡᠷ ᠭᠦᠷᠦᠲᠡᠯ᠎ᠡ ᠰᠠᠭᠤᠳᠠᠭ ᠪᠠᠶᠢᠯ᠎ᠠ᠃       ᠰᠤᠷᠭᠠᠭᠤᠯᠢ ᠲᠠᠷᠬᠠᠵᠤ᠂ ᠶᠢᠰᠦ ᠡᠬᠢᠯᠡᠬᠦ ᠪᠠᠷ ᠪᠠᠷᠠᠭᠤᠨ ᠠᠶᠢᠯ ᠤᠨ ᠬᠡᠦᠬᠡᠳ ᠤᠷᠠᠬ᠎ᠠ ᠲᠠᠯᠪᠢᠨ ᠲᠠᠤᠯᠠᠢ ᠠᠪᠠᠯᠠᠵᠤ ᠬᠤᠷᠰᠢᠶᠠᠨ ᠳᠤ ᠬᠤᠳᠠᠯᠳᠤᠯ᠎ᠠ ᠭᠡᠯᠴᠡᠨ᠎ᠡ᠃ ᠢᠲᠠᠭᠤ ᠶᠢ ᠪᠣᠯ ᠠᠮᠠᠷᠬᠠᠨ ᠪᠠᠷᠢᠳᠠᠭ ᠭᠡᠨ᠎ᠡ᠃ ᠪᠢ ᠴᠦ ᠡᠮᠦᠨ᠎ᠡ ᠠᠶᠢᠯ ᠤᠨ ᠡᠰᠡᠷᠡᠭ ᠤᠨ ᠬᠤᠷᠰᠢᠶᠠᠨ ᠠᠴᠠ ᠨᠠᠷᠢᠨ ᠵᠥᠭᠡᠯᠡᠨ ᠲᠡᠮᠦᠷ ᠤᠲᠠᠰᠤ ᠬᠤᠳᠠᠯᠳᠤᠨ ᠠᠪᠴᠤ᠂ ᠲᠠᠤᠯᠠᠢ ᠶᠢᠨ ᠵᠢᠮ ᠳᠡᠭᠡᠷ᠎ᠡ ᠬᠠᠷᠭᠠᠨ᠎ᠠ ᠱᠠᠭᠡᠷ ᠤᠨ ᠳᠤᠮᠳᠠᠬᠢ ᠦᠯᠦ ᠮᠡᠳᠡᠭ ᠬᠠᠯᠴᠠᠭᠠᠶᠢᠷᠠᠭᠰᠠᠨ ᠵᠢᠮ ᠳᠡᠭᠡᠷ᠎ᠡ ᠠᠷᠪᠠ ᠭᠠᠷᠤᠢ ᠤᠷᠠᠬ᠎ᠠ ᠲᠠᠯᠪᠢᠴᠢᠬᠠᠭᠠᠳ ᠥᠨᠵᠢᠭᠦᠲᠡ ᠬᠤᠨᠣᠭᠤᠲᠠ ᠡᠷᠭᠢᠵᠦ ᠦᠵᠡᠨ᠎ᠡ᠃ ᠤᠷᠠᠬᠠᠨ ᠳᠤ ᠮᠢᠨᠢ ᠳᠡᠭᠵᠢᠨ ᠲᠠᠤᠯᠠᠢ ᠪᠠᠶᠢᠲᠤᠭᠠᠢ᠂ ᠬᠤᠯᠤᠭᠠᠨ᠎ᠠ ᠵᠤᠷᠠᠮ᠎ᠠ ᠴᠦ ᠤᠨᠠᠭᠰᠠᠨ ᠤᠳᠠᠭ᠎ᠠ ᠦᠭᠡᠢ᠃       ᠪᠠᠶᠠᠨ ᠨᠢᠷᠤᠭᠤ ᠠᠴᠠ ᠡᠬᠢ ᠠᠪᠤᠭᠠᠳ ᠭᠠᠴᠠᠭᠠᠨ ᠤ ᠵᠡᠭᠦᠨ ᠲᠠᠯ᠎ᠠ ᠪᠠᠷ ᠤᠭᠠᠯᠵᠠᠯᠠᠨ ᠤᠷᠤᠰᠤᠭᠰᠠᠨ ᠭᠤᠣᠯ ᠬᠥᠯᠳᠡᠵᠦ᠂ ᠮᠠᠨᠤᠰ ᠤᠨ ᠲᠣᠭᠯᠠᠨ ᠨᠠᠭᠠᠳᠬᠤ ᠡᠬᠡ ᠪᠠᠶᠢᠭᠠᠯᠢ ᠠᠴᠠ ᠰᠣᠶᠣᠷᠬᠠᠭᠰᠠᠨ ᠲᠠᠯᠠᠪᠤᠷ ᠪᠤᠯᠳᠠᠭ᠃ ᠪᠢᠳᠡ ᠮᠥᠰᠥᠨ ᠳᠡᠭᠡᠷ᠎ᠡ᠂ ᠰᠠᠭᠤᠨ ᠭᠤᠯᠭᠤᠬᠤ ᠳᠥᠷᠪᠡᠯᠵᠢᠨ ᠮᠣᠳᠣᠨ ᠲᠡᠷᠭᠡ ᠵᠣᠬᠢᠶᠠᠨ᠂ ᠤᠷᠲᠤᠯᠵᠢᠨ ᠬᠤᠶᠠᠷ ᠠᠷᠠᠯ ᠤᠨ ᠳᠣᠣᠷ᠎ᠠ ᠨᠢ ᠨᠠᠢᠮᠠᠨ ᠢᠮᠠᠬᠤ ᠣᠷᠴᠢᠮ ᠣᠷᠲᠣ ᠰᠠᠪᠬᠠᠨ ᠠᠴᠠ ᠠᠷᠠᠢ ᠨᠠᠷᠢᠨ ᠲᠡᠮᠦᠷ ᠤᠲᠠᠰᠤ ᠬᠠᠳᠠᠵᠤ᠂ ᠬᠤᠶᠠᠷ ᠭᠠᠷ ᠲᠠᠭᠠᠨ ᠬᠠᠪᠲᠠᠭᠠᠢ ᠲᠡᠮᠦᠷ ᠰᠢᠭᠠᠭᠰᠠᠨ ᠮᠣᠳᠣᠨ ᠪᠠᠷᠢᠭᠤᠯ ᠲᠠᠢ ᠴᠢᠴᠢᠭᠦᠷ ᠠᠳᠬᠤᠨ᠂ ᠭᠥᠯᠢᠭᠡᠷ ᠮᠥᠰᠥᠨ ᠲᠡᠷᠭᠡᠨ ᠳᠤ ᠰᠠᠭᠤᠨ ᠭᠦᠶᠦᠯᠭᠡᠬᠦ ᠳᠤ ᠬᠠᠪᠤᠯᠢᠭ ᠪᠤᠯᠪᠠᠴᠤ ᠨᠡᠬᠡᠢ ᠳᠡᠪᠡᠯ ᠭᠡᠲᠡᠷᠡᠴᠢᠭᠡᠭᠡᠳ ᠯᠠᠭᠯᠠᠶᠢᠨ ᠰᠠᠭᠤᠪᠠᠯ ᠬᠦᠳᠡᠭᠢ ᠬᠥᠰᠢᠭᠦᠨ ᠪᠠᠶᠢᠳᠠᠭ᠃       ᠮᠠᠨ ᠤ ᠨᠤᠲᠤᠭ ᠲᠤ ᠠᠭᠤᠯᠠ ᠲᠣᠯᠣᠭᠠᠳ ᠤᠯᠠᠨ᠂ ᠬᠥᠨᠳᠡᠢ ᠵᠢᠯᠠᠭ᠎ᠠ ᠴᠦ ᠤᠯᠠᠨ᠃ ᠡᠪᠦᠯ ᠳᠡᠭᠡᠨ ᠮᠠᠨ ᠤ ᠨᠤᠲᠤᠭ ᠤᠨ ᠠᠭᠤᠯᠠᠨ ᠵᠢᠯᠠᠭ᠎ᠠ ᠪᠣᠯᠭᠠᠨ ᠳᠤ ᠳᠠᠪᠠᠭᠠᠨ ᠠᠷᠤ ᠶᠢᠨ ᠦᠵᠦᠮᠦᠴᠢᠨ ᠠᠶᠢᠯ ᠦᠬᠡᠷ ᠬᠤᠨᠢᠨ ᠰᠦᠷᠦᠭ ᠲᠠᠢ ᠪᠠᠨ ᠡᠪᠦᠯᠵᠢᠳᠡᠭ᠃ ᠲᠡᠳᠡ ᠣᠪᠣᠶᠢᠲᠠᠯ᠎ᠠ ᠬᠥᠯᠳᠡᠭᠰᠡᠨ ᠪᠤᠶᠤ ᠳᠡᠯᠪᠡ ᠬᠥᠯᠳᠡᠭᠰᠡᠨ ᠮᠥᠰᠥᠨ ᠲᠣᠪᠤ ᠶᠢ ᠰᠦᠬᠡ ᠪᠠᠷ ᠴᠠᠪᠴᠢᠯᠠᠨ᠂ ᠲᠡᠪᠡᠷᠢ ᠪᠦᠳᠦᠭᠦᠨ ᠮᠥᠰᠥ ᠶᠢ ᠲᠡᠷᠭᠡ ᠳᠦᠭᠦᠷᠡᠩ ᠠᠴᠢᠭᠠᠳ ᠢᠰᠡᠭᠡᠢ ᠪᠦᠷᠢᠶᠡᠰᠦ ᠲᠠᠢ ᠮᠣᠩᠭᠤᠯ ᠭᠡᠷ ᠤᠨ ᠢᠶᠠᠨ ᠬᠠᠵᠠᠭᠤᠳᠠᠭᠢ ᠲᠦᠯᠡᠭᠡ ᠮᠣᠳᠣᠨ ᠳᠡᠭᠡᠷ᠎ᠡ ᠪᠠᠭᠤᠯᠭᠠᠨ ᠤᠮᠳᠠ ᠬᠤᠭᠤᠯᠠᠨ ᠳᠠᠭᠠᠨ ᠬᠡᠷᠡᠭᠯᠡᠳᠡᠭ᠃ ᠬᠡᠦᠬᠡᠳ ᠤᠳ ᠲᠡᠳᠡᠨ ᠤ ᠣᠩᠭᠤᠶᠢᠯᠭᠠᠨ ᠣᠷᠭᠢᠬᠰᠠᠨ ᠮᠥᠰᠥᠨ ᠬᠥᠨᠳᠡᠢ ᠳᠤᠨᠢ ᠰᠢᠷᠭᠤᠯᠠᠨ ᠨᠠᠭᠠᠳᠬᠤ ᠳᠤᠷᠠᠲᠠᠢ᠃ ᠬᠥᠨᠳᠡᠢ ᠳᠣᠲᠣᠷᠠᠬᠢ ᠬᠢᠷᠠᠭᠤ ᠤᠨᠠᠭᠰᠠᠨ ᠭᠡᠮᠡᠷ ᠴᠠᠷᠴᠠᠭᠤ ᠮᠥᠰᠥᠨ ᠲᠠᠯᠠᠰᠲᠤ ᠶᠢ ᠨᠢ ᠬᠠᠨᠴᠤᠢ᠂ ᠬᠤᠷᠮᠣᠢ ᠪᠠᠷ ᠵᠦᠯᠭᠦᠴᠢᠬᠡᠭᠡᠳ ᠤᠷᠪᠠᠨ ᠬᠥᠷᠪᠡᠨ᠂ ᠮᠥᠯᠬᠦᠨ ᠲᠠᠭᠤᠯᠴᠠᠨ ᠨᠠᠭᠠᠳᠬᠤ ᠶᠢᠨ ᠬᠠᠪᠤ ᠴᠡᠩᠭᠡᠯ ᠭᠡᠵᠦ ᠭᠤᠶᠤ ᠶᠤᠮᠰᠠᠨ᠃ ᠮᠥᠰᠥᠨ ᠬᠥᠨᠳᠡᠢ ᠳᠣᠲᠣᠷ᠎ᠠ ᠳᠤᠯᠠᠭᠠᠬᠠᠨ᠂ ᠦᠭᠡ ᠬᠡᠯᠡᠯᠴᠡᠬᠦ ᠳᠤ ᠴᠤᠤᠷᠢᠶ᠎ᠠ ᠲᠠᠲᠠᠳᠠᠭ᠃ ᠰᠢᠨᠡᠯᠡᠬᠦ ᠦᠶᠡᠰ ᠮᠠᠨᠠᠶᠢᠬᠢᠨ ᠴᠦ ᠮᠥᠰᠥ ᠬᠠᠭᠠᠯᠤᠨ ᠲᠡᠭᠡᠭᠡᠵᠦ᠂ ᠬᠠᠶᠢᠯᠤᠭᠤᠯᠤᠨ ᠬᠡᠷᠡᠭᠯᠡᠳᠡᠭ᠃ ᠲᠡᠷᠡ ᠦᠶ᠎ᠡ ᠳᠤ ᠨᠣᠬᠠᠢ ᠪᠢᠳᠡ ᠬᠤᠶᠠᠷ ᠰᠢᠷᠡᠭᠡ ᠪᠦᠭᠦ ᠲᠠᠢ ᠲᠡᠮᠡᠭᠡ ᠭᠡᠳᠡᠭ ᠠᠮᠢᠲᠠᠨ ᠢ ᠣᠯᠵᠤ ᠦᠵᠡᠭᠡᠳ ᠦᠵᠡᠭᠡ ᠦᠭᠡᠢ ᠪᠠᠨ ᠦᠵᠡᠭᠰᠡᠨ ᠮᠡᠲᠦ ᠭᠠᠶᠢᠬᠠᠰᠢᠷᠠᠬᠤ ᠪᠥᠭᠡᠳ ᠶᠡᠬᠡᠯ᠎ᠡ ᠠᠶᠤᠳᠠᠭ᠃       ᠬᠦᠢᠲᠡᠨ ᠤ ᠡᠷᠴᠢ ᠯᠡ ᠬᠡᠴᠡᠭᠦᠦ ᠪᠠᠶᠢᠭᠰᠠᠨ ᠠ᠋᠃ ᠮᠠᠯᠠᠭᠠᠢ ᠡᠮᠦᠰᠬᠦ ᠦᠭᠡᠢ ᠮᠠᠯ ᠵᠠᠯᠠᠭᠠᠳ ᠢᠷᠡᠬᠦ ᠬᠤᠭᠤᠷᠣᠨᠳᠤ ᠴᠢᠬᠢ ᠬᠥᠯᠳᠡᠴᠢᠬᠡᠨ᠎ᠡ᠃ ᠨᠤᠯᠮᠤᠬᠤ ᠳᠤ ᠰᠢᠯᠦᠰᠦ ᠭᠠᠵᠠᠷ ᠭᠦᠷᠦᠮᠡᠭᠴᠡ ᠬᠥᠯᠳᠡᠴᠢᠬᠡᠳᠡᠭ ᠪᠠᠶᠢᠭᠰᠠᠨ᠂ ᠣᠳᠣ ᠪᠣᠯ ᠶᠢᠰᠦ ᠶᠢᠨ ᠬᠦᠢᠲᠡᠨ ᠳᠤ ᠳᠡᠯᠭᠡᠭᠦᠷ ᠠᠴᠠ ᠥᠷᠥᠮ᠎ᠡ᠂ ᠭᠤᠭᠤᠳ᠂ ᠴᠠᠭᠠᠨ ᠨᠣᠭᠤᠭ᠎ᠠ ᠠᠪᠤᠭᠠᠳ ᠢᠷᠡᠬᠦ ᠳᠤ ᠬᠥᠯᠳᠡᠬᠦ ᠦᠭᠡᠢ ᠪᠣᠯᠤᠭᠰᠠᠨ᠃       ᠶᠢᠰᠦ ᠶᠢᠨ ᠬᠦᠢᠲᠡᠨ ᠳᠤ ᠪᠢᠳᠠ ᠵᠡᠭᠦᠨ ᠭᠤᠣᠯ ᠠᠴᠠ ᠡᠳᠦᠷ ᠠᠯᠤᠰᠯᠠᠪᠠᠯ ᠨᠢᠭᠡ ᠤᠳᠠᠭ᠎ᠠ ᠤᠰᠤ ᠳᠠᠮᠨᠠᠨ᠎ᠠ᠃ ᠤᠷᠤᠰᠬᠠᠯ ᠤᠰᠤ ᠨᠢ ᠬᠥᠯᠳᠡᠴᠢᠬᠡᠳᠡᠭ ᠪᠣᠯᠬᠤᠷ ᠵᠡᠭᠦᠨ ᠭᠤᠣᠯ ᠤᠨ ᠪᠠᠷᠠᠭᠤᠨ ᠬᠢᠷ᠎ᠠ ᠶᠢ ᠳᠠᠭᠠᠭᠠᠳ ᠨᠡᠯᠢᠶᠡᠳ ᠶᠠᠪᠤᠪᠠᠯ ᠪᠤᠳᠠᠭ᠎ᠠ ᠬᠠᠭᠤᠷᠳᠠᠭ ᠲᠣᠭᠤᠭ᠎ᠠ ᠬᠢᠷᠢᠲᠡᠢ ᠶᠢᠨ ᠰᠣᠷᠮᠤᠤᠰᠤ ᠨᠢ ᠴᠠᠩ ᠲᠠᠢ ᠨᠢᠳᠦᠨ ᠪᠤᠯᠠᠭ ᠣᠷᠭᠢᠯᠵᠤ ᠪᠠᠶᠢᠳᠠᠭ ᠶᠤᠮ᠂ ᠬᠠᠶᠠ ᠪᠢᠲᠡᠭᠦᠷᠡᠬᠦ ᠰᠢᠬᠠᠪᠠᠯ ᠬᠥᠮᠥᠰ ᠴᠥᠮᠥᠯᠵᠦ ᠥᠭᠳᠡᠭ᠃ ᠠᠬ᠎ᠠ ᠪᠢᠳᠡ ᠬᠤᠶᠠᠭᠤᠯᠠ ᠤᠲᠤᠮᠠᠯ ᠠᠷᠠᠰᠤᠨ ᠳᠡᠪᠡᠯ  ᠢᠶᠠᠨ ᠡᠮᠦᠰᠦᠭᠡᠳ ᠬᠠᠶᠢᠷ ᠴᠢᠯᠠᠭᠤ ᠲᠠᠢ ᠬᠥᠮᠥᠨ ᠮᠠᠯ ᠤᠨ ᠴᠤᠪᠤᠭ᠎ᠠ ᠪᠠᠷ ᠨᠢᠭᠡ ᠲᠣᠮᠣ ᠨᠢᠭᠡ ᠵᠢᠵᠢᠭ ᠬᠤᠶᠠᠷ ᠰᠠᠭᠤᠯᠠᠭ᠎ᠠ ᠤᠰᠤ ᠶᠢ ᠴᠠᠯᠭᠢᠭᠤᠯᠤᠭᠰᠠᠭᠠᠷ ᠳᠠᠮᠨᠠᠵᠤ ᠢᠷᠡᠳᠡᠭ᠃ ᠭᠡᠷ ᠲᠤ ᠣᠷᠣᠲᠠᠯ᠎ᠠ ᠰᠠᠭᠤᠯᠠᠭᠠᠨ ᠤ ᠠᠮᠠᠰᠠᠷ ᠬᠤᠷᠤᠭᠤ ᠵᠤᠵᠠᠭᠠᠨ ᠬᠥᠯᠳᠡᠨ᠎ᠡ᠃ ᠲᠡᠭᠦᠨ ᠢ ᠪᠣᠣᠳᠤᠤ ᠶᠢᠨ ᠳᠤᠬᠤ ᠪᠠᠷ ᠲᠣᠬᠰᠢᠨ ᠬᠠᠭᠠᠯᠤᠭᠠᠳ ᠣᠰᠣᠨ ᠭᠠᠩ ᠳᠠᠭᠠᠨ ᠴᠢᠳᠬᠤᠨ᠎ᠠ᠃ ᠪᠢᠳᠡ ᠬᠠᠷᠢᠨ ᠳᠠᠭᠠᠷᠠᠳᠠᠭ ᠦᠭᠡᠢ᠂ ᠬᠥᠯᠥᠰᠦᠨ ᠳᠡᠭᠡᠨ ᠳᠡᠪᠲᠦᠴᠢᠬᠡᠭᠰᠡᠨ ᠢᠷᠡᠳᠡᠭ᠃ ᠠᠪᠤ ᠶᠢᠨ ᠳᠡᠪᠡᠯ ᠪᠣᠯ ᠠᠷᠠᠢ ᠬᠥᠩᠭᠡᠨ᠂ ᠡᠵᠢ ᠶᠢᠨ ᠳᠡᠪᠡᠯ ᠪᠣᠯ ᠦᠰᠦ ᠨᠢ ᠵᠤᠵᠠᠭᠠᠨ ᠤ ᠬᠢ ᠪᠢᠵᠡ᠂ ᠶᠡᠬᠡᠯ᠎ᠡ ᠬᠦᠨᠳᠦ ᠪᠠᠶᠢᠵᠤ᠂ ᠬᠥᠳᠡᠯᠵᠦ ᠪᠠᠷᠢᠬᠤ ᠳᠤ ᠲᠤᠩ ᠬᠥᠰᠢᠭᠦᠨ᠃ ᠪᠢ ᠡᠵᠢ ᠶᠢᠨ ᠲᠡᠪᠡᠯ ᠢ ᠡᠮᠦᠰᠦᠭᠡᠳ᠂ ᠠᠷᠠᠰᠤᠨ ᠮᠠᠯᠠᠭᠠᠢ᠂ ᠢᠰᠡᠭᠡᠢ ᠭᠤᠲᠤᠯ ᠲᠠᠢ ᠬᠤᠨᠢ ᠬᠠᠷᠢᠭᠤᠯᠬᠤ ᠳᠤ ᠴᠠᠷᠠᠰᠤᠨ ᠪᠤᠲᠠᠨ ᠤ ᠳᠤᠮᠳᠠ ᠴᠠᠰᠤᠨ ᠳᠡᠭᠡᠷ᠎ᠡ ᠬᠡᠪᠲᠡᠬᠦ ᠳᠤ ᠠᠮᠠᠨ ᠠᠴᠠ ᠬᠠᠯᠠᠭᠤᠨ ᠠᠭᠤᠷ ᠰᠠᠪᠰᠠᠯᠠᠨ ᠪᠠᠶᠢᠪᠠᠴᠤ ᠲᠠᠭᠠᠷᠠᠳᠠᠭ ᠦᠭᠡᠢ᠃       ᠮᠢᠨᠤ ᠨᠤᠲᠤᠭ ᠤᠨ ᠢᠳᠡᠷ ᠶᠢᠰᠦ ᠶᠢᠨ ᠬᠦᠢᠲᠡᠨ ᠡᠶᠢᠮᠦ ᠯᠡ ᠳᠤᠷᠠᠰᠤᠮᠵᠢ ᠳᠦᠭᠦᠷᠡᠩ ᠰᠠᠶᠢᠬᠠᠨ ᠪᠠᠶᠢᠭᠰᠠᠨ᠃ 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ