【ᠣᠷᠣᠨ ᠨᠤᠲᠤᠭ ᠤᠨ ᠠᠮᠲᠠᠲᠤ ᠢᠳᠡᠭᠡᠨ】 — ᠱᠠᠯᠪᠢᠩ
ᠨᠡᠶᠢᠲᠡᠯᠡᠭᠰᠡᠨ ᠴᠠᠭ᠄
2023/3/24

6381518904294281881385504.jpg

      ᠱᠠᠯᠪᠢᠩ ᠪᠣᠯ ᠮᠢᠩ ᠤᠯᠤᠰ ᠤᠨ ᠰᠡᠭᠦᠯᠴᠢ ᠪᠠᠷ᠂ ᠮᠣᠩᠭᠤᠯ ᠦᠨᠳᠦᠰᠦᠲᠡᠨ ᠤ ᠮᠣᠩᠭᠤᠯᠵᠢᠨ ᠠᠶᠢᠮᠠᠭ ᠯᠢᠶᠣᠤᠨᠢᠩ ᠮᠤᠵᠢ ᠶᠢᠨ ᠹᠦᠰᠢᠨ ᠣᠷᠣᠨ ᠳᠤ

ᠨᠤᠲᠤᠭᠰᠢᠨ ᠰᠠᠭᠤᠷᠢᠰᠢᠭᠰᠠᠨ ᠤ ᠳᠠᠷᠠᠭ᠎ᠠ ᠬᠢᠵᠦ ᠢᠳᠡᠬᠦ ᠪᠣᠯᠤᠭᠰᠠᠨ ᠨᠢᠭᠡ ᠵᠦᠢᠯ ᠤᠨ ᠬᠤᠭᠤᠯᠠ ᠪᠤᠳᠠᠭ᠎ᠠ ᠪᠣᠯᠣᠨ᠎ᠠ᠃

      ᠱᠠᠯᠪᠢᠩ ᠪᠣᠯ ᠨᠢᠭᠡ ᠵᠦᠢᠯ ᠤᠨ ᠦᠨᠦᠷ ᠠᠮᠲᠠ ᠪᠠᠷ ᠭᠤᠶᠤ ᠭᠤᠯᠢᠷ ᠪᠣᠯᠣᠨ ᠮᠢᠬ᠎ᠠ ᠪᠠᠷ ᠬᠢᠭᠰᠡᠨ ᠬᠤᠭᠤᠯᠠ ᠪᠣᠯᠣᠨ᠎ᠠ᠂ ᠤᠳᠤ ᠪᠤᠯᠳᠠᠯ᠎ᠠ ᠨᠢᠭᠡᠨᠲᠡ ᠭᠤᠷᠪᠠᠨ

ᠵᠠᠭᠤ ᠭᠠᠷᠤᠢ ᠵᠢᠯ ᠤᠨ ᠲᠡᠦᠬᠡ ᠲᠠᠢ ᠶᠤᠮ᠃ ᠬᠠᠮᠤᠭ ᠡᠷᠲᠡ ᠳᠤ ᠪᠠᠨ ᠲᠤᠬᠠᠢ ᠶᠢᠨ ᠭᠠᠵᠠᠷ ᠤᠨ ᠣᠨᠴᠠ ᠭᠠᠷᠤᠯᠲᠠ ᠪᠤᠯᠬᠤ ᠰᠠᠭᠠᠭ ᠤᠨ ᠭᠤᠯᠢᠷ ᠢᠶᠠᠷ ᠪᠣᠭᠤᠵᠤ᠂

ᠦᠬᠡᠷ ᠬᠤᠨᠢ ᠭᠠᠭ᠋ᠠᠢ ᠶᠢᠨ ᠮᠢᠬ᠎ᠠ ᠪᠠᠷ ᠠᠮᠲᠠᠲᠤ ᠢᠳᠡᠭᠡ ᠪᠣᠯᠭᠠᠵᠤ᠂ ᠬᠠᠭᠤᠷᠠᠢ ᠪᠠᠷ ᠬᠠᠭᠠᠷᠢᠵᠤ ᠤᠰᠤᠨ ᠳᠤ ᠪᠤᠴᠠᠯᠭᠠᠬᠤ ᠠᠷᠭ᠎ᠠ ᠪᠠᠷ ᠬᠢᠵᠦ ᠪᠠᠶᠢᠵᠠᠢ᠃ ᠮᠢᠩ

ᠤᠯᠤᠰ ᠤᠨ ᠰᠡᠭᠦᠯᠴᠢ ᠴᠢᠩ ᠤᠯᠤᠰ ᠤᠨ ᠡᠬᠢᠨ ᠤ ᠦᠶ᠎ᠡ ᠪᠠᠷ ᠱᠠᠯᠪᠢᠩ ᠨᠢ ᠠᠷᠠᠳ ᠤᠨ ᠳᠤᠮᠳᠠ ᠠᠴᠠ ᠪᠠᠨ ᠸᠠᠩ ᠤᠨ ᠣᠷᠳᠣᠨ ᠳᠤ ᠤᠯᠠᠮᠵᠢᠯᠠᠭᠳᠠᠨ ᠣᠷᠣᠵᠤ᠂

ᠬᠠᠭᠤᠷᠠᠢ ᠪᠠᠷ ᠬᠠᠭᠠᠷᠢᠵᠤ ᠤᠰᠤᠨ ᠳᠤ ᠪᠤᠴᠠᠯᠭᠠᠵᠤ ᠪᠠᠶᠢᠭᠰᠠᠨ ᠠᠴᠠ ᠪᠠᠨ ᠪᠤᠷᠴᠠᠭ ᠤᠨ ᠲᠣᠰᠣ᠂ ᠰᠢᠷ᠎ᠠ ᠲᠣᠰᠣ ᠪᠠᠷ ᠬᠠᠭᠠᠷᠢᠵᠤ᠂ ᠴᠠᠭᠠᠨ ᠭᠤᠯᠢᠷ ᠢᠶᠠᠷ ᠪᠣᠭᠤᠬᠤ

ᠪᠣᠯᠵᠤ᠂ ᠸᠠᠩ ᠤᠨ ᠣᠷᠳᠣᠨ ᠤ ᠦᠷᠭᠦᠯᠵᠢ ᠢᠳᠡᠳᠡᠭ ᠠᠮᠲᠠᠲᠤ ᠢᠳᠡᠭᠡᠨ ᠪᠣᠯᠵᠠᠢ᠃ ᠱᠠᠯᠪᠢᠩ ᠨᠢ ᠭᠤᠯᠢᠷ ᠢᠶᠠᠨ ᠵᠥᠭᠡᠯᠡᠨ ᠢᠶᠠᠷ ᠵᠢᠭᠤᠷᠠᠵᠤ᠂ ᠬᠠᠯᠢᠰᠤ ᠶᠢ ᠨᠢ ᠨᠢᠮᠭᠡᠨ

ᠡᠯᠳᠡᠵᠦ᠂ ᠢᠳᠡᠭᠡ ᠶᠢ ᠨᠢ ᠨᠠᠷᠢᠯᠢᠭ ᠨᠠᠶᠢᠷᠠᠭᠤᠯᠳᠠᠭ ᠢᠶᠠᠷ ᠢᠶᠠᠨ ᠣᠨᠴᠠᠯᠢᠭᠳᠠᠵᠤ᠂ ᠬᠠᠭᠠᠷᠢᠵᠤ ᠭᠠᠷᠭᠠᠭᠰᠠᠨ ᠤ ᠲᠠᠷᠠᠭ᠎ᠠ ᠭᠠᠳᠠᠭᠤᠷ ᠪᠣᠭᠤᠭᠰᠠᠨ ᠭᠤᠯᠢᠷ ᠨᠢ

ᠬᠡᠦᠷᠰᠢᠮᠡᠯ᠂ ᠳᠣᠲᠣᠷᠠᠬᠢ ᠪᠣᠭᠤᠭᠰᠠᠨ ᠢᠳᠡᠭᠡ ᠨᠢ ᠵᠥᠭᠡᠯᠡᠨ᠂ ᠬᠠᠵᠠᠬᠤ ᠳᠤ ᠲᠠᠭᠠᠯᠠᠮᠵᠢᠲᠠᠢ᠂ ᠢᠳᠡᠬᠦ ᠳᠤ ᠠᠮᠲᠠᠲᠠᠢ ᠪᠠᠶᠢᠳᠠᠭ᠃

      ᠱᠠᠯᠪᠢᠩ ᠢ ᠰᠠᠪᠬᠠᠯᠠᠨ ᠢᠳᠡᠬᠦ ᠳᠤ ᠬᠠᠯᠠᠭᠤᠨ ᠠᠭᠤᠷ ᠪᠠᠭᠠᠭᠢᠵᠤ᠂ ᠠᠩᠬᠢᠯᠤᠮ᠎ᠠ ᠦᠨᠦᠷ ᠨᠢ ᠬᠠᠮᠠᠷ ᠢ ᠴᠣᠷᠭᠢᠵᠤ᠂ ᠬᠥᠮᠥᠰ ᠤᠨ ᠢᠳᠡᠭᠡᠨ ᠤ ᠳᠤᠷᠠᠰᠢᠯ ᠢ

ᠶᠡᠭᠡ ᠪᠠᠷ ᠬᠥᠭᠵᠢᠭᠡᠵᠦ ᠪᠠᠶᠢᠳᠠᠭ᠃ ᠱᠠᠯᠪᠢᠩ ᠪᠣᠯ ᠳᠡᠭᠡᠳᠦ ᠵᠡᠷᠭᠡ ᠶᠢᠨ ᠣᠷᠣᠨ ᠨᠤᠲᠤᠭ ᠤᠨ ᠠᠮᠲᠠᠲᠤ ᠢᠳᠡᠭᠡᠨ ᠪᠣᠯᠬᠤ ᠪᠥᠭᠡᠳ ᠮᠣᠩᠭᠤᠯ ᠦᠨᠳᠦᠰᠦᠲᠡᠨ ᠤ

ᠡᠷᠬᠢᠮ ᠵᠣᠴᠢᠳ ᠢ ᠳᠠᠶᠢᠯᠠᠬᠤ ᠴᠢᠬᠤᠯᠠ ᠢᠳᠡᠭᠡᠨ ᠤ ᠨᠢᠭᠡ ᠨᠢ ᠪᠣᠯᠬᠤ ᠶᠤᠮ᠃

ᠢᠷᠡᠯᠲᠡ᠄ ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ