【 ᠨᠤᠲᠤᠭ ᠣᠰᠣᠨ ᠤ ᠥᠩᠭᠡ ᠦᠵᠡᠮᠵᠢ 】 ᠲᠣᠭᠤᠯᠳᠠᠢ ᠶᠢᠨ ᠲᠠᠯ᠎ᠠ ᠨᠤᠲᠤᠭ
ᠨᠡᠶᠢᠲᠡᠯᠡᠭᠰᠡᠨ ᠴᠠᠭ᠄
2023/3/24
     

6381510096152461826608642.png

      ᠲᠤᠭᠤᠯᠳᠠᠢ ᠶᠢᠨ ᠲᠠᠯ᠎ᠠ ᠨᠤᠲᠤᠭ ᠮᠤᠨᠠ ᠠᠭᠤᠯᠠ ᠶᠢᠨ ᠳᠤᠮᠳᠠ ᠬᠡᠰᠡᠭ ᠤᠨ ᠠᠷᠤ ᠬᠤᠷᠮᠣᠢ᠂ ᠤᠷᠠᠳ ᠤᠨ ᠲᠠᠯ᠎ᠠ ᠨᠤᠲᠤᠭ ᠤᠨ ᠡᠮᠦᠨ᠎ᠡ ᠪᠡᠶ᠎ᠡ ᠳᠤ 

ᠪᠠᠶᠢᠷᠢᠯᠠᠳᠠᠭ᠃ ᠢᠷᠭᠡᠨ ᠤᠯᠤᠰ ᠤᠨ ᠦᠶ᠎ᠡ ᠶᠢᠨ ᠠᠯᠳᠠᠷᠲᠤ ᠬᠤᠳᠠᠯᠳᠤᠭ᠎ᠠ ︽ᠲᠤᠩ ᠾᠧ ᠲᠠᠢ︾ ᠠᠳᠠ ᠮᠦᠭᠭᠦᠨ ᠭᠦᠢᠯᠭᠡᠭᠡᠨ ᠤ ᠠᠷᠠᠯᠵᠢᠶ᠎ᠠ ᠬᠤᠳᠠᠯᠳᠤᠭᠠᠨ ᠤ 

ᠠᠵᠢᠯᠯᠠᠭ᠎ᠠ ᠬᠢᠵᠦ ᠪᠠᠶᠢᠭᠰᠠᠨ ᠭᠡᠳᠡᠭ᠃ ᠲᠤᠭᠤᠯᠳᠠᠢ ᠶᠢᠨ ᠲᠠᠯ᠎ᠠ ᠨᠤᠲᠤᠭ ᠨᠢ ᠲᠡᠦᠬᠡᠨ ᠠᠴᠠ ᠪᠠᠨ ᠠᠪᠤᠭᠠᠳ ᠠᠭᠤᠯᠠ ᠤᠰᠤ ᠭᠤᠶᠢᠳᠠ ᠰᠠᠶᠢᠬᠠᠨ᠂ ᠡᠪᠡᠰᠦ 

ᠪᠡᠯᠴᠢᠭᠡᠷ ᠥᠩ ᠰᠢᠮᠡᠯᠢᠭ᠂ ᠠᠭᠤᠷ ᠠᠮᠢᠰᠬᠤᠯ ᠲᠠᠭᠠᠯᠠᠮᠵᠢᠲᠠᠢ ᠪᠠᠶᠢᠵᠤ᠂ ᠨᠡᠭᠦᠳᠡᠯ ᠮᠠᠯᠵᠢᠯ ᠤᠨ ᠬᠦᠰᠡᠯᠡᠩᠲᠦ ᠰᠠᠶᠢᠬᠠᠨ ᠨᠤᠲᠤᠭ ᠪᠡᠯᠴᠢᠭᠡᠷ ᠶᠤᠮ᠃ ᠰᠢᠶᠠ ᠤᠯᠤᠰ

ᠱᠠᠩ ᠤᠯᠤᠰ ᠤᠨ ᠦᠶ᠎ᠡ ᠠᠴᠠ ᠡᠬᠢᠯᠡᠨ ᠳ᠋ᠦᠩᠬᠤ᠂ ᠾᠦᠩᠨᠦ᠂ ᠰᠢᠶᠠᠠᠪᠢ᠂ ᠲᠦᠷᠺ᠂ ᠲᠠᠩᠭᠤᠳ ᠪᠣᠯᠣᠨ ᠮᠣᠩᠭᠤᠯ ᠵᠡᠷᠭᠡ ᠤᠮᠠᠷᠠᠲᠤ  ᠶᠢᠨ ᠨᠡᠭᠦᠳᠡᠯᠴᠢᠨ 

ᠦᠨᠳᠦᠰᠦᠲᠡᠨ ᠨᠢ ᠠᠳᠡ ᠤᠷᠢᠳ ᠬᠤᠵᠢᠳ ᠨᠡᠭᠦᠳᠡᠯᠯᠡᠨ ᠮᠠᠯᠵᠢᠵᠤ᠂ ᠠᠩ ᠬᠦᠷᠦᠭᠡ ᠬᠢᠵᠦ ᠣᠷᠣᠰᠢᠨ ᠠᠮᠢᠳᠤᠷᠠᠵᠤ ᠪᠠᠶᠢᠵᠠᠢ᠃ ᠠᠳᠡ ᠮᠤᠨᠠ ᠠᠭᠤᠯᠠ ᠶᠢᠨ 

ᠬᠠᠳᠠᠨ ᠵᠢᠷᠤᠭ᠂ ᠴᠢᠨ ᠤᠯᠤᠰ ᠬᠠᠨ ᠤᠯᠤᠰ ᠤᠨ ᠦᠶ᠎ᠡ ᠶᠢᠨ ᠤᠷᠳᠤ ᠴᠠᠭᠠᠨ ᠬᠡᠷᠡᠮ ᠤᠨ ᠦᠯᠡᠳᠡᠭᠳᠡᠯ ᠪᠠᠶᠢᠵᠤ᠂ ᠲᠤᠮᠳᠠᠳᠤ ᠣᠷᠣᠨ ᠤ ᠰᠣᠶᠣᠯ ᠪᠣᠯᠣᠨ 

ᠤᠮᠠᠷᠠᠲᠤ ᠶᠢᠨ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠣᠶᠣᠯ ᠤᠨ ᠠᠭᠤᠰᠤᠯᠴᠠᠯ ᠬᠥᠭᠵᠢᠯᠲᠡ ᠶᠢ ᠬᠠᠷᠠᠭᠤᠯᠵᠤ ᠪᠠᠶᠢᠳᠠᠭ᠃

ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ