ᠮᠢᠩᠭᠠᠨ ᠠᠮᠢᠲᠠᠨ ᠤ ᠮᠠᠩᠨᠠᠢ ᠲᠡᠨᠢᠢᠭᠦ ᠵᠢᠷᠭᠠᠯ
ᠨᠡᠶᠢᠲᠡᠯᠡᠭᠰᠡᠨ ᠴᠠᠭ᠄
2023/3/24
      ᠨᠢᠭᠡ ᠬᠠᠷᠠᠬᠤ ᠳᠤ ᠴᠣᠩᠬᠤᠨ ᠭᠠᠳᠠᠨᠠᠬᠢ ᠮᠣᠳᠣᠨ ᠳᠡᠭᠡᠷ᠎ᠡ ᠬᠡᠳᠦᠨ ᠪᠣᠯᠵᠣᠮᠣᠷ ᠢᠷᠡᠵᠦ᠂ ᠬᠤᠰᠢᠭᠤ ᠪᠠᠷ ᠢᠶᠠᠨ ᠦᠲᠦ ᠰᠣᠳᠣ ᠪᠠᠨ ᠶᠠᠩᠵᠤᠯᠠᠬᠤ ᠶᠤᠮ᠃ ᠡᠬᠢᠯᠡᠭᠡᠳ ᠪᠢ ᠨᠢᠭᠡ ᠶᠡᠭᠡ ᠠᠩᠵᠠᠭᠠᠷᠠᠭᠰᠠᠨ ᠦᠭᠡᠢ᠃ ᠵᠢᠷ ᠵᠢᠷ ᠵᠢᠷᠭᠢᠭᠦ ᠪᠠᠷ ᠨᠢ ᠲᠡᠰᠬᠡᠯ ᠦᠭᠡᠢ ᠬᠠᠷᠠᠪᠠ᠃ ᠲᠡᠭᠡᠲᠡᠯ᠎ᠡ ᠨᠦᠭᠦᠭᠡ ᠬᠡᠳᠦᠨ ᠪᠣᠯᠵᠣᠮᠣᠷ ᠴᠦ ᠨᠠᠮᠠᠶᠢ ᠬᠠᠷᠠᠭᠠᠳ ᠪᠠᠶᠠᠷᠯᠠᠬᠤ ᠮᠡᠲᠦ ᠵᠢᠭᠠᠬᠠᠨ ᠵᠢᠭᠦᠷ ᠢᠶᠠᠨ ᠲᠡᠪᠢᠵᠦ ᠢᠷᠡᠭᠡᠳ ᠯᠡ ᠵᠢᠷᠭᠢᠵᠦ ᠳᠠᠭᠤᠯᠠᠨ᠎ᠠ᠃ ᠴᠠᠭᠠᠰᠢ ᠬᠠᠷᠠᠪᠠᠯ ᠬᠡᠳᠦᠨ ᠬᠡᠦᠬᠡᠳ ᠬᠦᠷᠢᠶᠡᠨ ᠳᠤᠮᠳᠠ ᠬᠥᠭᠵᠢᠯᠳᠦᠨ ᠲᠣᠭᠯᠠᠨ᠎ᠠ᠃ ᠬᠦᠢᠲᠡᠨ  ᠤ ᠡᠷᠴᠢ ᠨᠢᠭᠡ ᠮᠡᠳᠡᠭᠦ ᠳᠤ ᠴᠢᠭᠢᠭ ᠤᠨ ᠦᠨᠦᠷ ᠢᠶᠠᠷ ᠰᠣᠯᠢᠭᠳᠠᠴᠢᠬᠠᠭᠰᠠᠨ ᠪᠠᠶᠢᠯ᠎ᠠ᠂ ᠠᠰᠠᠷ ᠪᠠᠶᠢᠰᠢᠩ᠂ ᠵᠠᠮ ᠤᠨ ᠬᠠᠵᠠᠭᠤ ᠶᠢᠨ ᠮᠣᠳᠣᠳ᠂ ᠠᠭᠤᠯᠠ ᠲᠠᠯ᠎ᠠ ᠴᠦ ᠥᠩᠭᠡ ᠨᠢ ᠰᠢᠨᠡᠲᠦᠭᠰᠡᠨ ᠮᠡᠲᠦ ᠰᠡᠷᠪᠡᠯᠵᠡᠨ ᠰᠡᠬᠦᠶᠢᠨ ᠰᠦᠨᠳᠡᠷᠯᠡᠨ᠎ᠡ᠃ ᠲᠡᠶᠢᠮᠦ ᠪᠠᠶᠢᠨ᠎ᠠ ᠠ᠋᠂ ᠢᠴᠡᠭᠰᠡᠳ ᠭᠦᠳᠡᠯᠭᠦ ᠪᠣᠯᠴᠢᠬᠠᠵᠠᠢ ᠰᠢᠦ︕ ᠮᠢᠩᠭᠠᠨ ᠠᠮᠢᠲᠠᠨ ᠤ ᠮᠠᠩᠨᠠᠢ ᠲᠡᠨᠢᠢᠵᠦ᠂ ᠣᠷᠴᠢᠯᠠᠩ ᠬᠥᠭᠵᠢᠶᠡᠨ ᠢᠶᠠᠷ ᠪᠢᠯᠬᠠᠬᠤ ᠨᠢ ᠠ᠋᠃      ᠪᠤᠲᠣᠯ ᠰᠡᠳᠬᠢᠯ ᠪᠣᠯᠵᠣᠮᠣᠷ  ᠢ ᠲᠠᠭᠠᠵᠦ ᠨᠢᠰᠣᠨ ᠳᠡᠪᠳᠡᠷᠢᠴᠢᠬᠡᠬᠦ ᠶᠤᠮ ᠪᠢᠯᠡ᠃      ᠣᠷᠴᠢᠯᠠᠩ ᠤᠨ ᠬᠠᠮᠤᠭ ᠤᠨ ᠰᠠᠶᠢᠬᠠᠨ ᠤᠯᠠᠷᠢᠯ ᠪᠣᠯ ᠬᠠᠪᠤᠷ ᠭᠡᠵᠦ ᠪᠢ ᠪᠤᠳᠤᠳᠠᠭ᠃ ᠬᠠᠪᠤᠷ ᠨᠠᠳᠠᠳᠤ ᠬᠡᠦᠬᠡᠳ ᠰᠢᠭ ᠰᠠᠨᠠᠭᠳᠠᠵᠤ᠂ ᠥᠰᠴᠦ ᠦᠨᠳᠡᠶᠢᠭᠦ ᠬᠦᠰᠡᠯ ᠮᠥᠷᠥᠭᠡᠳᠦᠯ ᠣᠷᠭᠤᠭᠤᠯᠲᠠᠭ᠃ ᠶᠡᠷᠦ ᠨᠢ ᠬᠤᠷᠢᠨ ᠲᠦᠷᠪᠡᠨ ᠴᠠᠭ ᠤᠯᠠᠷᠢᠯ ᠠᠴᠠ ᠠᠮᠢᠲᠠᠨ ᠭᠤᠣᠯᠲᠠᠨ ᠲᠠᠢ ᠬᠤᠯᠪᠣᠭᠳᠠᠵᠤ᠂ ᠡᠰᠡᠨᠢᠯ ᠬᠥᠯᠵᠢᠯ ᠤᠨ ᠦᠢᠯᠡ ᠬᠥᠳᠡᠯᠦᠯ ᠢ ᠬᠠᠷᠠᠭᠤᠯᠤᠭᠰᠠᠨ ᠨᠢ ᠵᠦᠪᠭᠡᠨ ᠮᠢᠩᠭᠠᠨ ᠠᠮᠢᠲᠠᠨ ᠤ ᠮᠠᠩᠨᠠᠢ ᠲᠡᠨᠢᠢᠭᠦ ᠴᠠᠭ ᠭᠡᠭᠳᠡᠭᠰᠡᠨ ︽ᠢᠴᠡᠭᠰᠡᠳ ᠭᠦᠲᠡᠯᠭᠦ︾ ᠴᠠᠭ ᠤᠯᠠᠷᠢᠯ ᠪᠤᠯᠬᠤ ᠠᠵᠢ᠃ ᠠᠮᠢ ᠲᠠᠢ ᠭᠤᠣᠯ ᠲᠠᠢ ᠪᠣᠯᠬᠤᠷ ᠰᠡᠷᠡᠵᠦ ᠰᠡᠷᠭᠦᠵᠦ᠂ ᠣᠷᠣᠰᠢᠵᠤ ᠭᠦᠯᠵᠢᠭᠦ ᠶᠢᠨ ᠤᠴᠢᠷ ᠶᠢᠷᠲᠢᠨᠴᠦ ᠶᠢᠨ ᠲᠣᠭᠤᠰᠣ ᠬᠥᠳᠡᠯᠭᠡᠵᠦ ᠦᠨᠳᠡᠶᠢᠭᠦ ᠨᠢ ᠲᠦᠭᠡᠮᠡᠯ ᠵᠦᠢ ᠪᠤᠰᠤ ᠤᠤ︖ ᠢᠩᠭᠢᠭᠡᠳ ᠪᠤᠲᠣᠬᠤ ᠳᠤ᠂ ᠬᠤᠷ᠎ᠠ ᠤᠰᠤ᠂ ᠵᠣᠨ ᠤ ᠲᠤᠶᠢᠯ᠂ ᠬᠢᠷᠠᠭᠤ ᠤᠨᠠᠬᠤ᠂ ᠪᠠᠭ᠎ᠠ ᠴᠠᠰᠤ᠂ ᠶᠡᠭᠡ ᠬᠦᠢᠲᠡᠨ ᠁ ᠵᠡᠷᠭᠡ ᠤᠯᠠᠷᠢᠯ ᠤᠨ ᠥᠩᠭᠡ ᠠᠶᠠᠰ ᠨᠢ ᠪᠦᠷ ᠥᠨᠥᠳᠥᠷ  ᠤᠨ ᠥᠨᠳᠡᠶᠢᠵᠦ ᠭᠦᠲᠡᠯᠭᠦ ᠳᠤ ᠣᠷᠢᠲᠠᠯ ᠨᠥᠬᠦᠴᠡᠯ ᠬᠠᠩᠭᠠᠵᠤ᠂ ᠣᠷᠭᠤᠵᠦ ᠲᠦᠯᠵᠢᠭᠦ ᠠᠮᠢ ᠠᠮᠢᠵᠢᠷᠠᠯ ᠤᠨ ᠢᠷᠠᠭᠤ ᠳᠠᠭᠤᠤ ᠶᠢ ᠴᠢᠪᠬᠠᠳᠠᠬᠤ ᠳᠤ ᠪᠡᠯᠡᠳᠬᠡᠭᠰᠡᠨ ᠮᠡᠲᠦ᠂ ᠪᠠᠶᠢᠭᠠᠯᠢ ᠶᠢᠨ ᠣᠷᠴᠢᠯ ᠲᠡᠷᠡ ᠪᠤᠶᠤ︕      ᠬᠠᠪᠤᠷ ᠢᠷᠡᠯ᠎ᠡ᠂ ᠬᠠᠮᠢᠭ᠎ᠠ ᠢᠷᠡᠪᠡ︖ ᠣᠢ ᠶᠢᠨ ᠳᠤᠮᠳᠠ᠂ ᠣᠰᠣᠨ ᠤ ᠳᠡᠷᠭᠡᠳᠡ᠂ ᠰᠠᠷᠠᠪᠴᠢᠨ ᠳᠣᠣᠷ᠎ᠠ᠂ ᠰᠠᠷᠠᠨ  ᠤ ᠭᠡᠷᠡᠯ  ᠳᠤ᠂ ᠲᠠᠯ᠎ᠠ ᠶᠢᠨ ᠭᠦᠨ᠂ ᠲᠥᠯ ᠤᠨ ᠮᠠᠶᠢᠯᠠᠭᠠᠨ ᠳᠤ ᠬᠠᠪᠤᠷ ᠤᠨ ᠠᠨᠢᠷ ᠲᠣᠵᠢ ᠲᠣᠭᠤᠯᠲᠠᠨ᠎ᠠ᠃ ᠬᠠᠮᠤᠭ ᠪᠣᠳᠠᠰ ᠠᠮᠢᠯᠠᠨ ᠰᠡᠷᠭᠦᠭᠦ ᠪᠠᠷ ᠪᠠᠶᠢᠭᠠᠯᠢ ᠳᠡᠯᠡᠬᠡᠢ ᠶᠢᠨ ᠥᠩᠭᠡ ᠵᠢᠰᠦ᠂ ᠦᠨᠦᠷ ᠠᠮᠲᠠ᠂ ᠠᠶᠠᠯᠭᠤ ᠡᠭᠡᠰᠢᠭ ᠵᠦᠪᠭᠡᠨ ᠬᠠᠷᠠᠭᠳᠠᠵᠤ᠂ ᠦᠨᠦᠷᠲᠦᠵᠦ᠂ ᠠᠮᠲᠠᠭᠳᠠᠵᠤ᠂ ᠰᠣᠨᠣᠰᠤᠭᠳᠠᠬᠤ ᠪᠤᠰᠤ ᠬᠠᠷᠢᠨ ᠪᠦᠬᠦᠢ ᠪᠡᠶ᠎ᠡ ᠴᠣᠭᠴᠠᠰ ᠲᠤ ᠮᠡᠳᠡᠷᠡᠭᠳᠡᠨ᠂ ᠥᠰᠴᠦ ᠦᠨᠳᠡᠶᠢᠭᠦ᠂ ᠣᠷᠭᠤᠵᠦ ᠲᠦᠯᠵᠢᠭᠦ ᠬᠦᠰᠡᠯ ᠮᠥᠷᠥᠭᠡᠳᠦᠯ  ᠢ ᠣᠷᠭᠤᠭᠤᠯᠲᠠᠬ ᠶᠤᠮ᠃ ᠪᠠᠶᠢᠭᠠᠯᠢ ᠶᠢᠷᠲᠢᠨᠴᠦ ᠶᠢᠨ ᠣᠷᠴᠢᠯ ᠵᠢᠮ᠎ᠡ ᠶᠢ ᠪᠠᠭ᠋ᠠᠳᠤᠨ ᠭᠠᠶᠢᠬᠠᠬᠤ ᠲᠤᠰᠤᠮ ᠲᠡᠷᠲᠡᠭᠡ ᠵᠠᠭᠤᠨ ᠤ ᠴᠢᠨᠠᠳᠤ ᠶᠡᠭᠡ ᠡᠷᠳᠡᠮᠲᠡᠨ ᠯᠣᠪᠰᠠᠩᠴᠣᠶᠢᠳᠡᠨ ᠤ ︽ᠲᠡᠭᠷᠢ ᠶᠢᠨ ᠵᠠᠶᠠᠭᠠᠲᠤ ᠲᠣᠭᠲᠠᠭᠰᠠᠨ ᠰᠠᠪᠠ ᠶᠢᠷᠲᠢᠨᠴᠦ ᠶᠢᠨ ᠤᠯᠠᠷᠢᠬᠤ ᠶᠣᠰᠣᠨ ᠨᠠᠷᠠᠨ ᠰᠢᠩᠭᠡᠪᠡᠰᠦ ᠣᠲᠣᠨ ᠭᠠᠷᠬᠤ ᠲᠣᠭᠲᠠᠭᠠᠯ᠂ ᠲᠦᠷᠪᠡᠨ ᠴᠠᠭ  ᠤᠨ ᠡᠭᠡᠯᠵᠢᠯᠡᠬᠦ ᠶᠣᠰᠣ ᠡᠳᠦᠷ ᠰᠠᠷ᠎ᠠ ᠪᠠᠷ ᠨᠢᠭᠡᠨ ᠵᠢᠯ ᠬᠡᠮᠡᠨ ᠲᠤᠭ᠎ᠠ ᠲᠣᠪᠴᠢᠶ᠎ᠠ ᠪᠤᠯᠭᠠᠵᠦ ᠶᠠᠪᠤᠬᠤ ᠬᠥᠮᠥᠨ ᠠᠮᠢᠲᠠᠨ ᠤ ᠭᠡᠷᠡᠴᠢ ᠲᠡᠮᠳᠡᠭ︾ ᠭᠡᠰᠡᠨ ᠦᠭᠡ ᠡᠷᠬᠡ ᠦᠭᠡᠢ ᠰᠠᠨᠠᠭᠠᠨ ᠳᠤ ᠣᠷᠣᠨ᠎ᠠ᠃      ᠭᠠᠳᠠᠨ᠎ᠠ ᠭᠠᠷᠤᠯ᠎ᠠ᠃ ᠨᠠᠷᠠ ᠳᠤᠯᠠᠶᠢᠵᠤ᠂ ᠨᠤᠲᠤᠭ ᠪᠤᠴᠠᠬᠤ ᠨᠡᠭᠦᠳᠡᠯ ᠤᠨ ᠰᠢᠪᠠᠭᠤᠳ᠂ ᠰᠣᠨᠣᠷ ᠪᠠᠶᠠᠰᠬᠠᠬᠤ ᠲᠥᠯ ᠤᠨ ᠨᠠᠶᠢᠷᠠᠯ᠂ ᠣᠷᠭᠤᠨ ᠲᠦᠯᠵᠢᠭᠦ ᠬᠥᠬᠡ ᠨᠣᠭᠤᠭ᠎ᠠ᠂ ᠤᠶᠠᠰᠤᠨ ᠬᠠᠶᠢᠯᠬᠤ ᠭᠤᠣᠯ ᠭᠤᠷᠤᠬ᠎ᠠ ᠬᠠᠮᠢᠭ᠎ᠠ ᠰᠠᠢ ᠦᠭᠡᠢ ᠬᠠᠪᠤᠷ ᠤᠨ ᠤᠶᠠᠩᠭ᠎ᠠ ᠳᠠᠭᠤᠤ  ᠶᠢ ᠬᠠᠩᠭᠢᠨᠠᠭᠤᠯᠤᠨ᠎ᠠ᠃      ᠰᠣᠨᠣᠰᠤᠭᠠᠴᠢ︕ ᠬᠥᠨᠳᠡᠢ ᠵᠢᠯᠠᠭ᠎ᠠ ᠳᠦᠭᠦᠷᠭᠡᠭᠰᠡᠨ ᠰᠢᠩᠭᠡᠨ ᠴᠡᠩᠬᠡᠷ ᠤᠨᠢᠶᠠᠷ  ᠤᠨ ᠳᠤᠮᠳᠠᠭᠤᠷ ᠪᠣᠯᠵᠣᠮᠣᠷ ᠰᠢᠪᠠᠭᠤᠳ ᠬᠥᠭᠵᠢᠯᠲᠡᠢ ᠵᠢᠷᠭᠢᠨ ᠬᠠᠪᠤᠷ  ᠤᠨ ᠳᠠᠭᠤᠤ  ᠶᠢ ᠳᠠᠭᠤᠯᠠᠨ᠎ᠠ᠃      ᠬᠠᠷᠠᠭᠠᠴᠢ︕ ᠰᠠᠯᠬᠢᠨ ᠤ ᠴᠢᠭᠢᠭ ᠢᠶᠠᠷ ᠮᠥᠰᠥ ᠴᠠᠰᠤᠨ ᠤᠶᠠᠷᠠᠬᠤ ᠳᠤ ᠮᠠᠯ ᠰᠦᠷᠦᠭ ᠲᠡᠪᠴᠢᠶᠡᠷᠢ ᠠᠯᠳᠠᠨ ᠡᠭᠡᠪᠦᠷ ᠭᠠᠵᠠᠷ  ᠤᠨ ᠬᠥᠷᠥᠰᠥ ᠶᠢ ᠦᠨᠦᠷᠯᠡᠨ᠎ᠡ᠃ ᠰᠢᠨᠡᠬᠡᠨ ᠴᠤᠬᠤᠶᠢᠬᠤ ᠨᠢᠯᠬ᠎ᠠ ᠰᠣᠶᠤᠭ᠎ᠠ ᠥᠰᠦᠨ᠎ᠡ᠂ ᠤᠷᠭᠤᠨ᠎ᠠ ᠬᠡᠮᠡᠨ ᠢᠲᠡᠭᠡᠯ ᠳᠦᠭᠦᠷᠡᠩ ᠰᠤᠭᠤᠷᠠᠵᠤ᠂ ᠥᠭᠡᠳᠡ ᠠᠴᠠ ᠥᠭᠡᠳᠡ  ᠪᠠᠨ ᠳᠠᠪᠰᠢᠬᠤ ᠭᠦᠨ ᠠᠮᠢᠰᠬᠤᠭ᠎ᠠ᠂ ᠥᠨᠥᠳᠥᠷ  ᠠᠴᠠ ᠮᠠᠷᠭᠠᠰᠢ  ᠳᠤ ᠳᠠᠮᠵᠢᠭᠤᠯᠬᠤ ᠮᠢᠲᠠᠷᠠᠬᠤ ᠦᠭᠡᠢ ᠵᠣᠷᠢᠭ ᠢ ᠬᠠᠷᠠᠭᠤᠯᠤᠨ᠎ᠠ᠃      ᠰᠢᠨ᠎ᠡ ᠰᠤᠷᠤᠯᠭ᠎ᠠ ᠶᠢᠨ ᠬᠤᠭᠤᠴᠠᠭ᠎ᠠ  ᠪᠠᠨ ᠤᠭᠲᠤᠭᠰᠠᠨ ᠰᠣᠷᠣᠬᠴᠢᠳ ᠴᠦ ᠬᠢᠴᠢᠶᠡᠯ ᠰᠤᠷᠤᠯᠭ᠎ᠠ ᠳᠠᠭᠠᠨ ᠮᠠᠬᠠᠷᠠᠨ ᠵᠢᠳᠬᠦᠵᠦ᠂ ᠬᠤᠲᠠ ᠬᠥᠳᠡᠭᠡ ᠬᠥᠭᠰᠢᠨ ᠵᠠᠯᠠᠭᠤ ᠭᠡᠰᠡᠨ ᠦᠭᠡᠢ ᠤᠷᠢᠬᠠᠨ ᠬᠠᠪᠤᠷ ᠤᠨ ᠥᠩᠭᠡ ᠪᠤᠳᠤᠭ ᠢ ᠵᠢᠷᠤᠭᠯᠠᠨ᠂ ᠲᠠᠭᠤ ᠠᠨᠢᠷ  ᠢᠶᠠᠷ ᠪᠠᠭ᠋ᠠᠳᠤᠨ᠎ᠠ᠃ ᠮᠢᠩᠭᠠᠨ ᠠᠮᠢᠲᠠᠳ ᠤᠨ ᠮᠠᠩᠨᠠᠢ ᠲᠡᠨᠢᠢᠭᠦ ᠬᠠᠪᠤᠷ ᠴᠠᠭ ᠭᠡᠵᠦ ᠡᠶᠢᠮᠦ ᠯᠡ ᠶᠠᠭᠠᠷᠠᠯᠲᠠᠢ ᠮᠥᠷᠲᠡᠭᠡᠨ ᠬᠥᠭᠵᠢᠯᠲᠡᠢ ᠠᠵᠢ᠃      ᠬᠠᠪᠤᠷ ᠪᠣᠯ ᠡᠭᠢᠯᠡᠯᠲᠡ ᠮᠥᠷᠲᠡᠭᠡᠨ ᠦᠷᠭᠦᠯᠵᠢᠯᠡᠯ᠃ ᠬᠠᠷᠢᠨ ᠤᠯᠠᠷᠢᠯ ᠤᠨ ᠬᠠᠪᠤᠷ ᠡᠭᠡᠯᠵᠢᠯᠡᠵᠦ ᠦᠷᠭᠦᠯᠵᠢᠯᠡᠳᠡᠭ ᠴᠦ ᠠᠮᠢᠳᠤᠷᠠᠯ ᠤᠨ ᠬᠠᠪᠤᠷ ᠭᠠᠭᠴᠠᠬᠠᠨ ᠲᠣᠬᠢᠶᠠᠯᠳᠤᠳᠠᠭ ᠭᠡᠯᠲᠡᠢ᠃ ᠵᠠᠯᠠᠭᠤ ᠪᠠᠭ᠎ᠠ ᠨᠠᠰᠤᠨ  ᠤ ᠵᠢᠪᠠᠷ ᠳᠠᠭᠠᠵᠤ ᠲᠡᠯᠡᠷᠡᠭᠰᠡᠨ ᠬᠡᠦᠬᠡᠳ ᠨᠠᠰᠤᠨ ᠤ ᠣᠨ ᠤ ᠴᠠᠭᠠᠷᠢᠭ ᠬᠥᠭᠡᠷᠦᠬᠦᠨ ᠠᠭᠠᠳ ᠬᠤᠷᠳᠤᠨ ᠭᠢᠯᠠᠰᠴᠤ ᠤᠲᠤᠨ᠎ᠠ᠃ ᠨᠢᠭᠡ ᠪᠤᠳᠤᠪᠠᠯ ᠬᠥᠮᠥᠨ ᠭᠡᠵᠦ ᠤᠷᠭᠤᠵᠤ ᠴᠡᠴᠡᠭᠯᠡᠵᠦ ᠦᠷᠡᠯᠡᠭᠰᠡᠨ  ᠤ ᠬᠢᠨᠢ ᠳᠠᠷᠠᠭ᠎ᠠ ᠪᠤᠷᠬᠠᠨ ᠲᠡᠭᠦᠭᠡᠳ ᠶᠠᠪᠤᠴᠢᠬᠠᠳᠠᠭ ᠨᠢᠭᠡᠨ ᠰᠠᠶᠢᠬᠠᠨ ᠵᠢᠮᠢᠰ ᠮᠡᠲᠦ ᠪᠥᠭᠡᠳ ᠠᠮᠢᠳᠤᠷᠠᠯ ᠪᠣᠯ ᠡᠨᠡ ᠬᠦ ᠵᠢᠮᠢᠰ  ᠤᠨ ᠣᠷᠭᠤᠬᠤ ᠦᠷᠡᠯᠡᠭᠦ  ᠶᠢᠨ ᠲᠥᠯᠥᠭᠡᠨ᠎ᠡ ᠣᠷᠴᠢᠯᠠᠩ  ᠤᠨ ᠨᠠᠷᠠᠨ ᠰᠠᠷᠠᠨ  ᠤ ᠭᠡᠷᠡᠯ  ᠳᠤ ᠥᠩᠭᠡ  ᠪᠠᠨ ᠳᠡᠯᠭᠡᠭᠰᠡᠨ ᠶᠠᠪᠤᠴᠠ ᠪᠤᠯᠬᠤ ᠶᠤᠮ᠃ ᠦᠢᠯᠡ ᠦᠷ᠎ᠡ ᠶᠢᠨ ᠡᠨᠡ ᠬᠦ ᠵᠢᠮ᠎ᠡ ᠶᠢ ᠪᠢᠳᠡ ᠭᠦᠨ ᠣᠶᠢᠯᠠᠭᠠᠵᠤ᠂ ᠪᠠᠭ᠎ᠠ ᠵᠠᠯᠠᠭᠤ ᠠᠴᠠ  ᠪᠠᠨ ᠥᠰᠴᠦ ᠤᠷᠭᠤᠬᠤ  ᠶᠢ ᠡᠭᠡᠨᠡᠭᠲᠡ ᠪᠠᠷᠢᠮᠲᠠᠯᠠᠪᠠᠯ ᠲᠠᠭᠠᠷᠠᠨ᠎ᠠ᠃ ᠤᠴᠢᠷ ᠨᠢ ᠬᠠᠪᠤᠷ ᠲᠠᠷᠢᠪᠠᠯ ᠨᠠᠮᠤᠷ ᠬᠤᠷᠢᠶᠠᠬᠤ ᠭᠡᠵᠦ ᠬᠡᠵᠢᠶᠡᠳᠡ ᠬᠠᠭᠤᠴᠢᠷᠠᠳᠠᠭ ᠦᠭᠡᠢ ᠦᠨᠡᠨ ᠶᠣᠰᠣ ᠪᠤᠶᠤ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ