ᠪᠦᠰᠡᠭᠦᠢ ᠬᠥᠮᠥᠨ ᠢ ᠬᠠᠶᠢᠷᠠᠯᠠᠭᠠᠴᠢ
ᠨᠡᠶᠢᠲᠡᠯᠡᠭᠰᠡᠨ ᠴᠠᠭ᠄
2023/3/9
      ᠪᠦᠰᠡᠭᠦᠢ ᠬᠥᠮᠥᠨ ᠢ ᠬᠠᠶᠢᠷᠠᠯᠠᠭᠠᠴᠢ       ᠦᠵᠠᠰᠭᠦᠯᠠᠩ ᠭᠤᠸ᠎ᠠ ᠴᠢᠷᠠᠢ ᠳᠤᠨᠢ ᠭᠤᠨᠢᠭ ᠤᠨ ᠡᠭᠦᠯᠡ ᠦᠭᠡᠢ ᠬᠠᠶᠢᠷᠠᠯᠠᠭᠠᠴᠢ       ᠥᠷᠥ ᠵᠥᠭᠡᠯᠡᠨ ᠰᠡᠳᠬᠢᠯ ᠳᠤᠨᠢ ᠭᠤᠮᠣᠳᠠᠯ ᠤᠨ ᠰᠡᠭᠦᠷᠡᠰᠦ ᠦᠭᠡᠢ ᠬᠠᠶᠢᠷᠠᠯᠠᠭᠠᠴᠢ       ᠦᠨᠡᠨᠴᠢ ᠠᠷᠢᠭᠤᠨ ᠵᠢᠳᠬᠦᠯ ᠢ ᠨᠢ ᠣᠶᠢᠯᠠᠭᠠᠵᠤ ᠪᠠᠭ᠋ᠠᠷᠬᠠᠵᠤ ᠬᠠᠶᠢᠷᠠᠯᠠᠭᠠᠴᠢ       ᠦᠷ᠎ᠡ ᠪᠠᠨ ᠭᠡᠰᠡᠨ ᠡᠨᠡᠷᠢᠯ ᠢ ᠨᠢ ᠢᠲᠡᠭᠡᠵᠦ ᠪᠢᠰᠢᠷᠡᠵᠦ ᠬᠠᠶᠢᠷᠠᠯᠠᠭᠠᠴᠢ       ᠪᠦᠰᠡᠭᠦᠢ ᠬᠥᠮᠥᠨ ᠢ ᠬᠠᠶᠢᠷᠠᠯᠠᠭᠠᠴᠢ       ᠲᠤᠩᠭᠠᠯᠠᠭ ᠬᠠᠷ᠎ᠠ ᠨᠢᠳᠦᠨ ᠳᠤᠨᠢ ᠭᠠᠰᠢᠭᠤᠨ ᠨᠢᠯᠪᠤᠰᠤ ᠦᠭᠡᠢ ᠬᠠᠶᠢᠷᠠᠯᠠᠭᠠᠴᠢ       ᠳᠤᠷᠠᠯᠠᠯ ᠬᠠᠶᠢᠷ᠎ᠠ ᠶᠢᠨ ᠪᠤᠳᠤᠯ ᠳᠤᠨᠢ ᠡᠮᠵᠡᠭᠯᠡᠯ ᠰᠢᠷᠬ᠎ᠠ ᠦᠭᠡᠢ ᠬᠠᠶᠢᠷᠠᠯᠠᠭᠠᠴᠢ       ᠲᠣᠭᠤᠭᠰᠠᠨ ᠬᠠᠨᠢ ᠶᠢᠨ ᠵᠠᠶᠠᠭ᠎ᠠ ᠶᠢ ᠨᠢ ᠵᠢᠷᠭᠠᠯ ᠤᠨ ᠢᠯᠴᠢ ᠪᠠᠷ ᠬᠠᠶᠢᠷᠠᠯᠠᠭᠠᠴᠢ       ᠲᠣᠭᠠᠲᠠᠢ ᠨᠠᠰᠤᠨ ᠤ ᠵᠠᠶᠢᠴᠠ ᠶᠢ ᠨᠢ ᠬᠠᠯᠠᠭᠤᠨ ᠰᠡᠳᠬᠢᠯᠭᠡ ᠪᠠᠷ ᠬᠠᠶᠢᠷᠠᠯᠠᠭᠠᠴᠢ       ᠪᠦᠰᠡᠭᠦᠢ ᠬᠥᠮᠥᠨ ᠢ ᠬᠠᠶᠢᠷᠠᠯᠠᠭᠠᠴᠢ       ᠡᠪᠦᠭᠡᠳ ᠤᠨ ᠭᠤᠯᠣᠮᠲᠠ ᠶᠢ ᠵᠠᠯᠭᠠᠬᠤ ᠳᠤᠨᠢ ᠪᠠᠶᠠᠷᠯᠠᠵᠤ ᠲᠠᠯᠠᠷᠬᠠᠵᠤ ᠬᠠᠶᠢᠷᠠᠯᠠᠭᠠᠴᠢ       ᠡᠷᠦᠭᠡ ᠶᠢ ᠥᠭᠡᠳᠡ ᠪᠠᠨ ᠲᠠᠲᠠᠬᠤ ᠳᠤᠨᠢ ᠪᠠᠶᠠᠰᠴᠤ ᠳᠣᠭᠳᠣᠯᠵᠤ ᠬᠠᠶᠢᠷᠠᠯᠠᠭᠠᠴᠢ       ᠡᠯᠢᠭᠡᠰᠡᠭ ᠳᠣᠲᠣᠨᠣ ᠠᠭᠠᠯᠢ ᠶᠢ ᠨᠢ ᠦᠨᠡᠨ ᠰᠡᠳᠬᠢᠯ ᠠᠴᠠ ᠪᠠᠨ ᠬᠠᠶᠢᠷᠠᠯᠠᠭᠠᠴᠢ       ᠡᠪ ᠤᠨ ᠳᠤᠯᠠᠭᠠᠨ ᠬᠠᠷᠠᠴᠠ ᠶᠢ ᠨᠢ ᠥᠷᠥ ᠵᠢᠷᠦᠬᠡᠨ ᠠᠴᠠ ᠪᠠᠨ ᠬᠠᠶᠢᠷᠠᠯᠠᠭᠠᠴᠢ       ᠪᠦᠰᠡᠭᠦᠢ ᠬᠥᠮᠥᠨ ᠢ ᠬᠠᠶᠢᠷᠠᠯᠠᠭᠠᠴᠢ       ᠢᠭ᠍ᠳᠤᠯᠭᠦ ᠵᠢᠷᠦᠬᠡᠨ ᠲᠣᠯᠲᠣ ᠶᠢ ᠨᠢ ᠴᠢᠩ ᠬᠠᠶᠢᠷ᠎ᠠ ᠪᠠᠷ ᠤᠶᠠᠷᠠᠭᠤᠯᠵᠤ ᠬᠠᠶᠢᠷᠠᠯᠠᠭᠠᠴᠢ       ᠢᠷᠡᠬᠦ ᠰᠠᠶᠢᠬᠠᠨ ᠮᠠᠷᠭᠠᠰᠢ ᠶᠢ ᠨᠢ ᠴᠠᠭᠯᠠᠰᠢ ᠦᠭᠡᠢ ᠨᠠᠨᠳᠢᠩᠨᠠᠵᠤ ᠬᠠᠶᠢᠷᠠᠯᠠᠭᠠᠴᠢ       ᠢᠲᠡᠭᠡᠯ ᠬᠦᠰᠡᠯ ᠤᠨ ᠰᠠᠶᠢᠬᠠᠨ ᠢ ᠨᠢ ᠤᠶᠠᠩᠭᠠᠯᠠᠵᠤ ᠳᠠᠭᠤᠯᠠᠵᠤ ᠬᠠᠶᠢᠷᠠᠯᠠᠭᠠᠴᠢ       ᠢᠨᠢᠶᠡᠳᠦ ᠪᠠᠶᠠᠰᠤᠯ ᠵᠢᠷᠭᠠᠯ ᠢ ᠨᠢ ᠪᠠᠭ᠋ᠠᠳᠤᠵᠤ ᠡᠷᠬᠢᠮᠯᠡᠵᠦ ᠬᠠᠶᠢᠷᠠᠯᠠᠭᠠᠴᠢ 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ