ᠠᠮᠢ ᠨᠠᠰᠤᠨ ᠤ ᠮᠣᠳᠣ ᠮᠥᠩᠬᠡ ᠴᠡᠯᠭᠡᠷᠡᠨ᠎ᠡ
ᠨᠡᠶᠢᠲᠡᠯᠡᠭᠰᠡᠨ ᠴᠠᠭ᠄
2023/4/20
-  ︽ᠬᠦᠢᠰᠦ︾  ᠺᠢᠨᠣ᠋ ᠶᠢ ᠦᠵᠡᠭᠰᠡᠨ ᠲᠥᠷᠥᠭᠳᠡᠯ

6381689157425149344879997.png

ᠦᠯᠢᠭᠡᠷ ᠤᠨ ᠲᠣᠶᠢᠮᠣ -

      ᠳᠠᠭᠤᠤ ᠬᠥᠭᠵᠢᠮᠴᠢᠨ ᠠᠯᠤᠰ ︵ᠢᠳᠡᠷ ᠤᠨ ᠲᠣᠭᠯᠠᠭᠰᠠᠨ︶ ᠮᠡᠨᠡᠭ ᠡᠪᠡᠳᠴᠢᠨ ᠭᠦᠷᠦᠭᠰᠡᠨ ᠡᠵᠢ ︵ᠪᠠᠳᠮ᠎ᠠ ᠶᠢᠨ ᠲᠣᠭᠯᠠᠭᠰᠠᠨ︶  ᠪᠠᠨ ᠳᠠᠭᠠᠭᠤᠯᠤᠨ᠂

ᠠᠮᠢᠳᠤᠷᠠᠵᠤ ᠪᠠᠶᠢᠭᠰᠠᠨ ᠭᠡᠷ ᠣᠷᠣᠨ ᠢᠶᠠᠷ ᠢᠶᠠᠨ ᠬᠦᠷᠴᠦ᠂ ᠡᠵᠢ ᠶᠢᠨ ᠢᠶᠠᠨ ᠤᠢ ᠳᠤᠷᠠᠰᠤᠮᠵᠢ ᠳᠠᠬᠢ ᠬᠥᠳᠡᠭᠡ ᠨᠤᠲᠤᠭ ᠢ ᠨᠢ ᠦᠵᠡᠭᠦᠯᠭᠦ ᠪᠠᠷ ᠲᠦᠷᠦᠭᠰᠡᠨ

ᠨᠤᠲᠤᠭ ᠲᠠᠭᠠᠨ ᠬᠠᠷᠢᠬᠤ ᠵᠠᠮ ᠵᠠᠭᠤᠷ᠎ᠠ ᠡᠪᠡᠳᠴᠢᠨ ᠲᠠᠢ ᠡᠵᠢ ᠪᠠᠨ ᠠᠯᠳᠠᠵᠤ ᠶᠠᠪᠤᠭᠤᠯᠬᠤ ᠠᠴᠠ ᠪᠣᠯᠭᠤᠮᠵᠢᠯᠠᠨ᠂ ᠨᠢᠭᠡ ᠰᠢᠷᠬᠡᠭ ᠳᠡᠭᠡᠰᠦ ᠪᠠᠷ ᠡᠵᠢ ᠪᠠᠨ

ᠥᠪᠡᠷ ᠤᠨ ᠪᠡᠶ᠎ᠡ ᠲᠠᠢ ᠪᠠᠨ ᠬᠤᠯᠪᠣᠨ ᠤᠶᠠᠵᠠᠢ᠃ ᠡᠨᠡ ᠨᠢ ᠶᠠᠭ ᠬᠥᠮᠥᠨ ᠤ ᠬᠦᠢᠰᠦ ᠶᠢᠨ ᠣᠭᠤᠰᠣᠷ ᠰᠢᠭ᠋ ᠵᠠᠯᠭᠠᠯᠳᠤᠵᠤ᠂ ᠡᠨᠡ ᠬᠦ ᠳᠡᠭᠡᠰᠦ ᠪᠠᠷ ᠰᠢᠵᠢᠮ

ᠪᠣᠯᠭᠠᠵᠤ ᠡᠬᠡ ᠬᠦᠦ ᠬᠤᠶᠠᠭᠤᠯᠠ ᠶᠢᠨ ᠬᠤᠭᠤᠷᠤᠨᠳᠤᠭᠢ ᠰᠡᠳᠬᠢᠯ ᠬᠥᠳᠡᠯᠭᠡᠮ᠎ᠡ ᠦᠯᠢᠭᠡᠷ ᠢ ᠶᠠᠷᠢᠭᠰᠠᠨ ᠪᠠᠶᠢᠨ᠎ᠠ᠃

ᠢᠷᠠᠭᠤ ᠠᠯᠳᠠᠷ -

      ᠲᠤᠰ ᠺᠢᠨᠣ᠋ ᠨᠢ 2022 ᠣᠨ ᠤ 9 ᠰᠠᠷ᠎ᠠ ᠶᠢᠨ 21  ᠤ ᠡᠳᠦᠷ᠂ 35 ᠳ᠋ᠤᠭᠠᠷ ᠬᠤᠭᠤᠴᠠᠭᠠᠨ ᠤ ᠲᠣᠣᠺᠢᠤ᠋ ᠶᠢᠨ ᠣᠯᠠᠨ ᠤᠯᠤᠰ ᠤᠨ ᠺᠢᠨᠣ᠋ ᠶᠢᠨ ᠨᠠᠶᠢᠷ ᠤᠨ

︽ᠠᠽᠢᠶ᠎ᠠ ᠶᠢᠨ ᠢᠷᠡᠭᠡᠳᠦᠢ︾ ᠭᠡᠬᠦ ᠨᠢᠭᠡᠴᠢ ᠳᠤ ᠰᠣᠩᠭᠤᠭᠳᠠᠨ ᠣᠷᠣᠪᠠ;

      2022 ᠣᠨ ᠤ 12 ᠰᠠᠷ᠎ᠠ ᠳᠤ᠂ ᠲᠣᠰ ᠺᠢᠨᠣ᠋ ᠨᠢ 4 ᠳ᠋ᠦ᠋ᠭᠡᠷ ᠬᠤᠭᠤᠴᠠᠭᠠᠨ ᠤ ᠬᠠᠶᠢᠨᠠᠨ ᠠᠷᠠᠯ ᠤᠨ ᠣᠯᠠᠨ ᠤᠯᠤᠰ ᠤᠨ ᠺᠢᠨᠣ᠋ ᠶᠢᠨ ᠨᠠᠶᠢᠷ ᠤᠨ

︽ᠬᠠᠮᠤᠭ ᠤᠨ ᠰᠢᠯᠢᠳᠡᠭ ᠮᠡᠷᠭᠡᠵᠢᠯ ᠤᠨ ᠱᠠᠩᠨᠠᠯ︾ ᠢ ᠭᠦᠷᠳᠡᠪᠡ᠃

      ᠴᠡᠩᠬᠡᠷ ᠤᠨᠢᠶᠠᠷ ᠬᠥᠰᠢᠭᠡᠯᠡᠭᠰᠡᠨ ᠠᠭᠤᠳᠠᠮ ᠲᠠᠯ᠎ᠠ ᠶᠢᠨ ᠰᠤᠨᠤᠯᠵᠠᠭᠰᠠᠨ ᠰᠢᠷ᠎ᠠ ᠵᠥᠷᠢᠭ ᠢᠶᠠᠷ ᠵᠢᠵᠢᠭᠬᠡᠨ ᠲᠣᠯᠪᠤ ᠭᠡᠮᠡᠷ ᠭᠤᠷᠪᠠᠨ ᠬᠦᠷᠳᠦᠲᠦ ᠮᠣᠲ᠋ᠣᠷ

ᠲᠣᠳᠣᠷᠠᠨ ᠭᠠᠷᠴᠤ ᠢᠷᠠᠯ᠎ᠠ᠃ ᠬᠦᠦ ᠮᠣᠲ᠋ᠣᠷ ᠪᠠᠷᠢᠵᠤ ᠡᠬᠡ ᠨᠢ ᠬᠠᠵᠠᠭᠤ ᠳᠤᠨᠢ ᠰᠠᠭᠤᠵᠠᠢ᠃ ᠲᠣᠭᠤᠨᠣᠲᠤ ᠭᠡᠷ ᠢᠶᠠᠨ ᠠᠷᠤ ᠶᠢᠨ ᠴᠢᠷᠭᠡᠦᠯ ᠲᠡᠷᠭᠡᠨ ᠳᠤ ᠠᠴᠢᠵᠤ᠂

ᠶᠠᠭᠠᠷᠠᠮ᠎ᠠ ᠦᠭᠡᠢ ᠶᠠᠪᠤᠬᠤ ᠳᠠᠭᠠᠨ ᠤᠰᠤᠨ ᠤ ᠭᠦᠪᠡᠭᠡ ᠠᠭᠤᠯᠠ ᠶᠢᠨ ᠬᠤᠷᠮᠣᠢ ᠳᠤ ᠬᠤᠨᠤᠭ ᠲᠠᠯᠪᠢᠨ᠎ᠠ᠃ ᠬᠦᠦ ᠰᠡᠪ ᠯᠠ ᠭᠡᠪᠡᠯ ᠤᠰᠤᠨ ᠤ ᠴᠠᠯᠭᠢᠶᠠᠨ᠂

ᠰᠢᠪᠠᠭᠤᠨ ᠤ ᠨᠤᠷᠭᠢᠶᠠᠨ ᠪᠠ ᠡᠬᠡ ᠶᠢᠨ ᠠᠯᠬᠤᠭᠠᠨ ᠤ ᠳᠠᠭᠤ ᠠᠨᠢᠷ ᠢ ᠴᠤᠭᠯᠠᠭᠤᠯᠵᠤ ᠡᠯᠧᠺᠲᠷᠣᠨ ᠬᠥᠭᠵᠢᠮ ᠢᠶᠠᠨ ᠨᠠᠶᠢᠷᠠᠭᠤᠯᠤᠨ᠎ᠠ᠃ ᠡᠬᠡ ᠨᠢ ᠢᠮᠠᠭᠲᠠ

ᠮᠦᠰᠢᠶᠡᠩᠭᠦᠢ ᠴᠢᠷᠠᠢ ᠲᠠᠢ᠂ ᠬᠠᠶᠠ ᠳᠠᠭᠠᠨ ᠥᠪᠡᠷ ᠤᠨ ᠮᠡᠳᠡᠯ ᠦᠭᠡᠢ ᠪᠥᠵᠢᠭᠯᠡᠬᠦ ᠠᠭᠠᠳ ᠬᠥᠪᠡᠭᠦᠨ ᠯᠦᠭᠡ ᠪᠠᠨ ᠪᠦᠰᠡᠯᠡᠭᠦᠷ ᠤᠨ ᠳᠡᠭᠡᠰᠦ ᠪᠠᠷ ᠬᠤᠯᠪᠣᠯᠳᠤᠭᠰᠠᠨ

ᠪᠠᠶᠢᠳᠠᠭ᠃ ᠡᠪᠡᠰᠦᠨ ᠤ ᠨᠣᠭᠤᠭᠠᠨ ᠰᠥᠯ᠂ ᠨᠠᠮᠤᠷ ᠤᠨ ᠲᠠᠯ᠎ᠠ ᠶᠢᠨ ᠬᠦᠷᠡᠩ ᠪᠣᠷᠣ ᠰᠢᠷ᠎ᠠ ᠥᠩᠭᠡ ᠪᠤᠳᠤᠭ ᠤᠨ ᠨᠠᠶᠢᠷᠠᠯ ᠬᠥᠭᠵᠢᠮ᠂ ᠡᠪᠦᠯ ᠤᠨ ᠬᠤᠩᠭᠠᠷᠯᠠᠭᠰᠠᠨ

ᠴᠠᠰᠤ ᠭᠡᠳ ᠠᠶᠠᠨ ᠵᠠᠮ ᠤᠨ ᠥᠩᠭᠡ ᠦᠵᠡᠮᠵᠢ ᠰᠣᠯᠢᠭᠳᠠᠵᠤ ᠪᠠᠶᠢᠳᠠᠭ ᠨᠢ ᠤᠳᠠᠭᠠᠨ ᠡᠳᠦᠷ ᠶᠠᠪᠤᠭᠰᠠᠨ ᠢ ᠬᠠᠷᠠᠭᠤᠯᠤᠨ᠎ᠠ᠃ ᠳᠠᠭᠤᠴᠢᠨ ᠵᠠᠯᠠᠭᠤ ᠠᠯᠤᠰ᠂

ᠮᠡᠳᠡᠷᠡᠯ ᠤᠨ ᠭᠡᠮ ᠰᠠᠭᠤᠵᠤ ᠥᠪᠡᠷ ᠢ ᠨᠢ ᠲᠠᠨᠢᠬᠤ ᠪᠠᠨ ᠪᠣᠯᠢᠭᠰᠠᠨ ᠡᠵᠢ ᠶᠢᠨ ᠢᠶᠠᠨ ︽ᠭᠡᠷ ᠲᠡᠭᠡᠨ ᠬᠠᠷᠢᠨ᠎ᠠ︾ ᠭᠡᠰᠡᠨ ᠬᠦᠰᠡᠯ ᠢ ᠭᠦᠢᠴᠡᠭᠡᠬᠦ ᠶᠢᠨ ᠲᠥᠯᠥᠭᠡ ᠡᠶᠢᠨ

ᠠᠶᠠᠯᠠᠵᠤ ᠪᠠᠶᠢᠭ᠎ᠠ ᠰᠠᠨᠵᠠᠢ᠃ ᠡᠨᠡ ᠪᠣᠯ ᠬᠥᠯᠥᠨ ᠪᠤᠶᠢᠷ ᠨᠤᠲᠤᠭ ᠲᠠᠢ ᠳᠠᠭᠤᠷ ᠦᠨᠳᠦᠰᠦᠲᠡᠨ ᠤ ᠵᠠᠯᠠᠭᠤ ᠤᠷᠠᠯᠢᠭᠴᠢᠨ ᠴᠢᠶᠤᠤ ᠰᠧ ᠰᠢᠤᠸᠠᠢ ᠶᠢᠨ ᠨᠠᠶᠢᠷᠠᠭᠤᠯᠵᠤ

ᠤᠳᠤᠷᠢᠳᠤᠭᠠᠭᠰᠠᠨ ᠮᠣᠩᠭᠤᠯ ᠬᠡᠯᠡᠨ ᠤ ᠺᠢᠨᠣ᠋ ︽ᠬᠦᠢᠰᠦ︾  ᠶᠢᠨ ᠬᠡᠰᠡᠭ ᠦᠵᠡᠭᠳᠡᠯ᠃ ᠡᠨᠡ ᠬᠦ ᠺᠢᠨᠣ᠋ 3 ᠰᠠᠷ᠎ᠠ ᠶᠢᠨ 18  ᠳᠤ ᠪᠦᠭᠦ ᠤᠯᠤᠰ ᠲᠤ ᠠᠩᠬ᠎ᠠ

ᠲᠠᠷᠬᠠᠭᠠᠭᠳᠠᠵᠤ᠂ ᠣᠶᠢᠷ᠎ᠠ ᠶᠢᠨ ᠡᠳᠦᠷ ᠲᠤ ᠭᠦᠭᠡᠬᠤᠲᠠ ᠶᠢᠨ ᠦᠵᠡᠭᠴᠢᠳ ᠤᠨ ᠨᠢᠳᠦ ᠶᠢ ᠬᠤᠵᠢᠷᠯᠠᠭᠠᠳ᠂ ᠵᠣᠭᠤᠭ ᠤᠨ ᠬᠠᠯᠠᠭᠤᠨ ᠰᠡᠳᠦᠪ ᠪᠣᠯᠵᠤ ᠪᠠᠶᠢᠨ᠎ᠠ᠃

︽ᠬᠦᠢᠰᠦ︾ ᠺᠢᠨᠣ᠋ ᠨᠢᠭᠡᠨᠲᠡ 35 ᠳ᠋ᠤᠭᠠᠷ ᠬᠤᠭᠤᠴᠠᠭᠠᠨ ᠤ ᠲᠣᠣᠺᠢᠤ᠋ ᠶᠢᠨ ᠣᠯᠠᠨ ᠤᠯᠤᠰ ᠤᠨ ᠺᠢᠨᠣ᠋ ᠶᠢᠨ ᠨᠠᠶᠢᠷ ᠤᠨ ︽ᠠᠽᠢᠶ᠎ᠠ ᠶᠢᠨ ᠢᠷᠡᠭᠡᠳᠦᠢ ᠨᠢᠭᠡᠴᠢ︾  ᠳᠤ

ᠰᠢᠯᠢᠭᠳᠡᠭᠰᠡᠨ ᠪᠥᠭᠡᠳ ᠳᠥᠷᠪᠡᠳᠦᠭᠡᠷ ᠬᠤᠭᠤᠴᠠᠭᠠᠨ ᠤ ᠬᠠᠶᠢᠨᠠᠨ ᠠᠷᠠᠯ ᠤᠨ ᠣᠯᠠᠨ ᠤᠯᠤᠰ ᠤᠨ ᠺᠢᠨᠣ᠋ ᠶᠢᠨ ᠨᠠᠶᠢᠷ ᠳᠡᠭᠡᠷ᠎ᠡ ︽ᠬᠠᠮᠤᠭ ᠤᠨ ᠰᠢᠯᠢᠳᠡᠭ ᠮᠡᠷᠭᠡᠵᠢᠯ ᠤᠨ

ᠱᠠᠩᠨᠠᠯ︾  ᠢ ᠳᠤᠰᠤᠭᠰᠠᠨ ᠪᠠᠶᠢᠨ᠎ᠠ᠃

6381689160940472778339107.png

      ᠡᠨᠡ ᠬᠦ ᠺᠢᠨᠣ᠋ ᠬᠦᠨᠳᠦ ᠰᠡᠳᠦᠪ ᠢ ᠭᠦᠨᠳᠡᠭᠰᠡᠨ ᠠᠲᠠᠯ᠎ᠠ ᠪᠠᠨ ᠬᠥᠰᠢᠭᠦᠨ ᠨᠦᠰᠡᠷ ᠪᠣᠯᠤᠭᠰᠠᠨ ᠦᠭᠡᠢ᠂ ᠡᠬᠢᠨ ᠠᠴᠠ ᠪᠠᠨ ᠳᠠᠭᠤᠰᠲᠠᠯ᠎ᠠ ︽ᠬᠦᠢᠰᠦ︾ ᠭᠡᠬᠦ

ᠦᠭᠡ ᠶᠢ ᠴᠣᠬᠤᠶᠢᠯᠭᠠᠬᠰᠠᠨ ᠦᠭᠡᠢ᠂ ᠤᠬᠠᠭᠳᠠᠬᠤᠨᠴᠢᠯᠠᠭᠰᠠᠨ ᠦᠭᠡᠢ᠂ ᠰᠤᠷᠭᠠᠯ ᠨᠣᠮᠯᠠᠯ ᠠᠶᠢᠯᠠᠳᠤᠭᠰᠠᠨ ᠦᠭᠡᠢ᠂ ᠡᠯᠪᠡᠷᠢᠯ ᠤᠨ ᠰᠡᠳᠬᠢᠯ ᠢ ᠬᠥᠭᠡᠷᠭᠡᠳᠡᠭᠰᠡᠨ ᠦᠭᠡᠢ᠂

ᠵᠠᠩ ᠦᠢᠯᠡ ᠶᠢ ᠣᠪᠣᠭᠠᠯᠠᠭᠰᠠᠨ ᠦᠭᠡᠢ᠃ ᠠᠶᠠᠨᠳᠠᠭᠠᠨ ᠤ ᠬᠦᠦᠷᠨᠢᠯ᠂ ᠪᠤᠲᠠᠲᠠᠶᠢᠴᠢ ᠦᠵᠡᠭᠳᠡᠯ᠂ ᠠᠭᠠᠵᠢᠮᠬᠠᠨ ᠠᠶᠢᠵᠠᠮ᠂ ᠪᠣᠷᠣᠭᠵᠢᠭᠤᠨ ᠬᠡᠯᠡ ︵ᠥᠨᠥ ᠶᠢᠨ ᠡᠳᠦᠷ

ᠲᠤᠲᠤᠮ ᠤᠨ ᠪᠠᠷᠭᠤ ᠶᠠᠷᠢᠶᠠᠨ ᠤ ᠬᠡᠯᠡ ᠶᠢ ᠣᠬᠲᠣ ᠬᠡᠭᠡᠨᠴᠢᠷᠯᠡᠯ ᠦᠭᠡᠢ ᠬᠡᠷᠡᠭᠯᠡᠬᠦ ᠭᠡᠵᠦ ᠣᠷᠣᠯᠳᠤᠵᠠᠢ︶᠃ ᠶᠠᠭ ᠲᠡᠶᠢᠮᠦ ᠳᠡᠭᠡᠨ ᠤᠷᠠᠯᠢᠭ ᠤᠨ ᠳᠡᠭᠦᠯᠢᠯ ᠢᠶᠠᠨ

ᠲᠤᠱᠠᠬᠰᠠᠨ ᠦᠭᠡᠢ᠂ ᠤᠴᠢᠷ ᠤᠳᠬ᠎ᠠ ᠪᠠᠨ ᠢᠪᠴᠤᠷᠠᠭᠤᠯᠤᠭᠰᠠᠨ ᠦᠭᠡᠢ᠂ ᠦᠵᠡᠭᠴᠢᠳ ᠲᠤ ᠤᠷᠭᠤᠭᠤᠯᠤᠨ ᠪᠤᠳᠤᠬᠤ ᠥᠷᠭᠡᠨ  ᠴᠢᠯᠦᠭᠡ᠂ ᠲᠥᠰᠥᠭᠡᠯᠡᠨ ᠰᠡᠳᠬᠢᠬᠦ

ᠠᠭᠤᠳᠠᠮ ᠵᠠᠢ ᠶᠢ ᠣᠯᠭᠤᠭᠰᠠᠨ ᠪᠠᠶᠢᠨ᠎ᠠ᠃

      ᠨᠢᠭᠡ᠂  AD᠄ ᠮᠠᠷᠲᠠᠬᠤ ᠪᠠ ᠴᠡᠭᠡᠵᠢᠯᠡᠬᠦ

      ᠠᠯᠲᠠᠨ ᠲᠠᠭᠢᠶ᠎ᠠ ᠱᠠᠩᠨᠠᠯᠲᠤ ᠨᠡᠷᠡᠲᠦ ᠲᠣᠭᠯᠠᠭᠴᠢ ᠪᠠᠳᠮ᠎ᠠ ︽ᠬᠦᠢᠰᠦ︾ ᠺᠢᠨᠣ᠋ ᠶᠢᠨ ᠡᠮᠡᠭᠲᠡᠢ ᠭᠤᠣᠯ ᠳᠦᠷᠢ ᠨᠠᠷᠠᠨᠵᠦ᠋ᠭ ᠡᠵᠢ ᠶᠢ ᠲᠣᠭᠯᠠᠵᠠᠢ᠃

ᠪᠠᠯᠭᠠᠰᠤᠨ ᠳᠤ ᠪᠠᠶᠢᠭ᠎ᠠ ᠶᠡᠭᠡ ᠬᠦᠦ ᠶᠢᠨ ᠢᠶᠠᠨ ᠠᠰᠠᠷ ᠤᠨ ᠳᠠᠪᠴᠢᠭᠤᠬᠠᠨ ᠥᠷᠥᠭᠡᠨ ᠳᠤ ᠲᠠᠪᠤᠨ ᠵᠢᠯ ᠰᠠᠭᠤᠭᠰᠠᠨ ᠨᠠᠷᠠᠨᠵᠦ᠋ᠭ ᠡᠵᠢ᠂ ᠪᠡᠭᠡᠵᠢᠩ ᠳᠤ ᠳᠠᠭᠤᠤ

ᠬᠥᠭᠵᠢᠮ ᠤᠨ ᠲᠣᠭᠯᠠᠯᠲᠠ ᠭᠠᠷᠭᠠᠵᠤ ᠪᠠᠶᠢᠭᠰᠠᠨ ᠪᠠᠭ᠎ᠠ ᠬᠦᠦ ᠠᠯᠤᠰ ᠲᠠᠭᠠᠨ ᠰᠠᠨᠠᠮᠰᠠᠷ ᠦᠭᠡᠢ ᠤᠲᠠᠰᠤᠳᠠᠭᠠᠳ᠂ ᠬᠠᠷᠢᠨ ᠬᠦᠦ ᠶᠢᠨ ᠢᠶᠠᠨ ᠳᠠᠭᠤ ᠶᠢ ᠲᠠᠨᠢᠬᠤ

ᠦᠭᠡᠢ᠂ ᠬᠡᠨ ᠭᠡᠳᠡᠭ ᠢ ᠨᠢ ᠮᠡᠳᠡᠬᠦ ᠦᠭᠡᠢ ᠪᠣᠯᠤᠭᠰᠠᠨ ᠢᠶᠠᠷ ᠺᠢᠨᠣ᠋ ᠡᠬᠢᠯᠡᠨ᠎ᠡ᠃ ᠠᠦ᠋ᠼᠾᠠᠶᠢᠮᠧᠽ ︵Alzheimer's disease᠂ ᠲᠣᠪᠴᠢᠯᠠᠪᠠᠯ AD︶

ᠡᠪᠡᠳᠴᠢᠨ ᠨᠠᠷᠠᠨᠵᠦ᠋ᠭ ᠡᠵᠢ ᠶᠢ ᠨᠡᠷᠪᠡᠵᠦ ᠡᠬᠢᠯᠡᠭᠰᠡᠨ ᠨᠢ ᠡᠨᠡ᠃ ᠡᠳᠦᠭᠡ ᠪᠤᠯᠲᠠᠯᠠᠭᠢ ᠠᠨᠠᠭᠠᠬᠤ ᠤᠬᠠᠭᠠᠨ ᠡᠨᠡ ᠬᠦ ᠡᠪᠡᠳᠴᠢᠨ ᠤ ᠡᠭᠦᠰᠦᠯ ᠤᠨ ᠰᠢᠯᠲᠠᠭᠠᠨ ᠢ

ᠲᠣᠳᠣᠯᠠᠵᠤ ᠴᠢᠳᠠᠭᠠᠳᠤᠢ᠂ ᠡᠮᠨᠡᠨ ᠵᠠᠰᠠᠯᠭ᠎ᠠ ᠨᠢ ᠴᠤ ᠡᠪᠡᠳᠴᠢᠨ ᠤ ᠬᠦᠨᠳᠦᠷᠡᠯ ᠢ ᠵᠢᠭᠠᠬᠠᠨ ᠠᠯᠭᠤᠷᠯᠠᠬᠤ ᠲᠡᠳᠦᠢ᠂ ᠢᠯᠡᠷᠢᠰᠢᠭᠦᠯᠵᠦ ᠬᠠᠷᠠᠬᠠᠨ ᠴᠢᠳᠠᠬᠤ ᠦᠭᠡᠢ

ᠪᠠᠶᠢᠭᠰᠠᠭᠠᠷ᠃ ︽ᠶᠡᠭᠡ ᠲᠠᠷᠢᠬᠢᠨ ᠤ ᠪᠠᠯᠠᠯᠤᠭᠤᠷ︾ ︽ᠪᠤᠰᠠᠨᠢᠭᠤᠯᠳᠠᠭ ᠡᠪᠡᠳᠴᠢᠨ︾ ᠭᠡᠬᠦ ᠮᠠᠭᠤ ᠨᠡᠷ᠎ᠡ ᠮᠤᠨᠳᠠᠷ ᠴᠣᠯᠠ ᠲᠠᠢ ᠡᠨᠡ ᠬᠦ ᠡᠪᠡᠳᠴᠢᠨ ᠳᠤ

ᠨᠡᠷᠪᠡᠭᠳᠡᠭᠰᠡᠳ ᠤᠨ ᠣᠢ ᠰᠠᠨᠠᠮᠵᠢ ᠰᠡᠪᠲᠦᠵᠦ᠂ ᠴᠡᠭᠡᠵᠢᠯᠡᠬᠦ ᠴᠢᠳᠠᠪᠤᠷᠢ᠂ ᠮᠠᠭᠠᠳᠯᠠᠬᠤ ᠴᠢᠳᠠᠪᠤᠷᠢ ᠪᠠᠨ ᠠᠯᠳᠠᠬᠤ ᠶᠢᠨ ᠤᠯᠠᠮ ᠢᠶᠠᠷ ᠬᠥᠮᠥᠨ ᠲᠠᠨᠢᠬᠤ ᠦᠭᠡᠢ᠂ ᠵᠦᠭ

ᠴᠢᠭ ᠢᠯᠭᠠᠬᠤ ᠦᠭᠡᠢ᠂ ᠬᠡᠪ ᠤᠨ ᠹᠢᠽᠢᠣᠯᠣᠭᠢ ᠶᠢᠨ ᠠᠵᠢᠯᠯᠠᠭ᠎ᠠ ᠪᠠᠨ ᠡᠵᠡᠮᠳᠡᠵᠦ ᠴᠢᠳᠠᠬᠤ ᠦᠭᠡᠢ ᠪᠣᠯᠣᠭᠠᠳ ᠬᠥᠮᠥᠨ ᠤ ᠭᠠᠷ ᠳᠡᠭᠡᠷ᠎ᠡ ᠪᠤᠯᠳᠠᠭ ᠪᠠᠶᠢᠨ᠎ᠠ᠃ ᠡᠨᠡ

ᠬᠦ ᠡᠪᠡᠳᠴᠢᠨ ᠨᠢ ᠨᠠᠰᠤᠲᠠᠶᠢᠴᠤᠳ ᠤᠨ ᠮᠡᠨᠡᠭᠷᠡᠯ ᠤᠨ ᠵᠣᠩᠬᠢᠯᠠᠬᠤ ᠣᠯᠠᠨ ᠬᠤᠪᠢ ᠶᠢ ᠡᠵᠡᠯᠡᠳᠡᠭ᠃

6381689163357928698921358.png

      ᠭᠡᠬᠦ ᠳᠡᠭᠡᠨ ︽ᠬᠦᠢᠰᠦ︾ ᠺᠢᠨᠣ᠋ ᠪᠣᠯᠪᠠᠰᠤ ᠹᠢᠽᠢᠣᠯᠣᠭᠢ ᠶᠢᠨ ᠪᠤᠶᠤ ᠠᠨᠠᠭᠠᠬᠤ ᠤᠬᠠᠭᠠᠨ ᠤ ᠪᠠᠷᠢᠮᠲᠠᠲᠤ ᠹᠢᠯᠢᠮ ᠪᠢᠰᠢ ᠪᠣᠯᠬᠤᠷ᠂ AD  ᠶᠢᠨ ᠲᠤᠬᠠᠢ

ᠲᠥᠰᠥᠭᠡᠯᠡᠯ ᠵᠢᠱᠢᠯᠲᠡ ᠬᠢᠬᠦ ᠶᠣᠰᠣᠲᠠᠢ᠂ ᠳᠦᠷᠢ ᠪᠠᠷ ᠲᠡᠭᠦᠨ ᠢ ᠱᠤᠭᠤᠨ ᠪᠦᠲᠦᠭᠡᠬᠦ ᠶᠣᠰᠣᠲᠠᠢ ᠠᠵᠠᠢ᠃ ᠲᠡᠭᠡᠭᠦᠯᠡᠷ ᠮᠠᠷᠲᠠᠩᠬᠠᠢ ᠶᠢᠨ ᠬᠡᠮᠵᠢᠶ᠎ᠡ ᠨᠢ ᠤᠯᠠᠮ ᠢᠶᠠᠷ

ᠳᠠᠭᠠᠭᠠᠮᠵᠢᠷᠠᠳᠠᠭ᠂ ᠬᠦᠨᠳᠦᠷᠡᠯ ᠳᠤ ᠣᠷᠣᠪᠠᠴᠤ ᠵᠠᠷᠢᠮ ᠵᠦᠢᠯᠡᠰ ᠢ ᠬᠠᠷᠢᠨ ᠴᠡᠭᠡᠵᠢᠯᠡᠭᠰᠡᠭᠡᠷ ᠪᠠᠶᠢᠳᠠᠭ ᠭᠡᠬᠦ ᠠᠨᠠᠭᠠᠬᠤ ᠤᠬᠠᠭᠠᠨ ᠤ ᠦᠨᠳᠦᠰᠦᠯᠡᠯ ᠢ ᠵᠢᠷᠤᠮᠯᠠᠭᠰᠠᠨ

ᠤᠷᠢᠳᠠᠯ ᠳᠣᠣᠷ᠎ᠠ ᠵᠣᠬᠢᠰᠲᠠᠢ ᠰᠣᠩᠭᠤᠯᠲᠠ ᠪᠠ ᠤᠷᠠᠯᠢᠭ ᠤᠨ ᠲᠠᠭᠠᠮᠠᠭᠯᠠᠯ ᠬᠢᠵᠡᠢ᠄ 1. ᠡᠪᠡᠳᠴᠢᠨ ᠤ ᠭᠤᠨᠢᠭ ᠵᠣᠪᠠᠯᠠᠩ ᠢ ᠲᠡᠭᠡᠵᠦ ᠶᠡᠭᠡ ᠲᠣᠪᠤᠶᠢᠯᠭᠠᠬᠰᠠᠨ

ᠦᠭᠡᠢ᠂ ᠭᠠᠰᠠᠯᠠᠩᠲᠤ ᠺᠢᠨᠣ᠋ ᠪᠣᠯᠭᠠᠨ ᠰᠡᠭᠦᠳᠡᠷᠯᠡᠭᠰᠡᠨ ᠦᠭᠡᠢ᠂ ᠤᠰᠤ ᠨᠢᠯᠪᠤᠰᠤ ᠭᠤᠭᠤᠵᠢᠭᠤᠯᠤᠨ ᠤᠷᠢ ᠳᠠᠭᠤ ᠲᠠᠯᠪᠢᠨ ᠡᠬᠡᠷ ᠲᠠᠲᠠᠬᠤ ᠦᠵᠡᠭᠳᠡᠯ

ᠲᠣᠬᠢᠷᠠᠭᠤᠯᠤᠭᠰᠠᠨ ᠦᠭᠡᠢ᠃ ︽ᠡᠷ᠎ᠡ ᠬᠥᠮᠥᠨ ᠪᠠᠶᠠᠷᠯᠠᠪᠠᠴᠤ ᠮᠠᠩᠨᠠᠢ ᠥᠯᠥ ᠬᠠᠭᠠᠷᠠᠨᠠᠮ ᠭᠡᠯ᠎ᠡ︾ ᠭᠡᠬᠦ ᠦᠭᠡ ᠪᠤᠢ᠂ ᠡᠷᠬᠢᠮ ᠬᠥᠮᠥᠰ ᠡᠮᠭᠡᠨᠢᠪᠡᠴᠦ ᠡᠯᠢᠭᠡ ᠥᠯᠥ

ᠡᠮᠲᠡᠷᠡᠨᠡᠮ ᠭᠡᠯ᠎ᠡ ᠭᠡᠵᠦ ᠨᠡᠮᠡᠵᠦ ᠬᠡᠯᠡᠮᠡᠷ ᠪᠠᠶᠢᠨ᠎ᠠ᠃ 2. ᠨᠠᠷᠠᠨᠵᠦ᠋ᠭ ᠡᠵᠢ ᠶᠠᠭᠤ ᠶᠠᠭᠤ ᠶᠢ ᠮᠠᠷᠲᠠᠵᠤ ᠣᠷᠭᠢᠪᠠ︖ ᠴᠠᠢ ᠴᠢᠨᠠᠬᠤ ᠶᠢ ᠮᠡᠳᠡᠵᠦ ᠪᠠᠶᠢᠪᠠᠴᠤ  ᠳᠠᠪᠤᠰᠤ

ᠬᠢᠬᠦ ᠳᠡᠭᠡᠨ ᠤᠭᠤᠲᠠ ᠪᠠᠷ ᠨᠢ ᠴᠢᠳᠬᠤᠳᠠᠭ᠂ ᠭᠡᠷ ᠢᠶᠠᠨ ᠮᠡᠳᠡᠬᠦ ᠦᠭᠡᠢ᠂ ᠬᠡᠦᠬᠡᠳ ᠢᠶᠠᠨ ᠲᠠᠨᠢᠬᠤ ᠦᠭᠡᠢ᠂ ᠬᠥᠮᠥᠨ ᠤ ᠥᠪᠡᠷ ᠤᠨ ᠬᠢ ᠶᠢ ᠢᠯᠭᠠᠬᠤ ᠦᠭᠡᠢ᠂

ᠬᠠᠨᠳᠤᠭᠰᠠᠨ ᠵᠦᠭ ᠲᠡᠭᠡᠨ ᠬᠠᠷᠠᠩᠭᠤᠢ ᠰᠥᠨᠢ ᠪᠠᠷ ᠴᠤ ᠭᠠᠷᠤᠭᠠᠳ ᠶᠠᠪᠤᠴᠢᠬᠠᠳᠠᠭ᠃ 3. ᠴᠡᠭᠡᠵᠢᠯᠡᠭᠳᠡᠵᠦ ᠦᠯᠡᠳᠡᠭᠰᠡᠨ ᠪᠤᠶᠤ ᠰᠠᠶᠢᠵᠢᠷᠠᠵᠤ ᠰᠡᠷᠭᠦᠭᠰᠡᠨ ᠨᠢ ᠶᠠᠭᠤ

ᠪᠤᠢ︖ ᠲᠠᠯ᠎ᠠ ᠶᠢᠨ ᠵᠠᠮ ᠢ ᠮᠡᠳᠡᠳᠡᠭ᠂ ᠡᠸᠡᠩᠬᠢ ᠦᠭᠡ ᠶᠢ ᠭᠦᠷᠲᠡᠯ᠎ᠡ ᠮᠠᠷᠲᠠᠭᠠᠳᠤᠢ᠂ ᠭᠡᠭᠡᠭᠳᠡᠭᠰᠡᠨ ᠬᠤᠷᠠᠭ᠎ᠠ ᠶᠢ ᠬᠥᠬᠦᠭᠦᠯᠬᠦ ᠭᠡᠵᠦ ᠲᠣᠶᠢᠭ ᠤᠨ ᠳᠠᠭᠤ ᠳᠠᠭᠤᠯᠠᠳᠠᠭ᠂

ᠬᠦᠦ ᠪᠠᠨ ᠪᠠᠭ᠎ᠠ ᠶᠢᠨ ᠦᠶ᠎ᠡ ᠶᠢᠨ ᠵᠢᠷᠤᠭ ᠢᠶᠠᠷ ᠨᠢ ᠲᠠᠨᠢᠳᠠᠭ ᠭᠡᠬᠦᠴᠢᠯᠡᠨ ᠮᠠᠷᠲᠠᠭᠳᠠᠯ ᠤᠨ ᠮᠠᠩᠬᠠᠨ ᠳᠤ ᠪᠤᠯᠠᠬᠳᠠᠭ᠎ᠠ ᠦᠭᠡᠢ ᠡᠷᠳᠡᠨᠢᠲᠦ ᠴᠡᠭᠡᠵᠢᠯᠡᠪᠦᠷᠢ ᠨᠦᠭᠦᠳ

ᠬᠡᠯᠬᠢᠶ᠎ᠡ ᠨᠢ ᠲᠠᠰᠤᠷᠠᠭᠰᠠᠨ ᠰᠤᠪᠤᠳ ᠮᠡᠲᠦ ᠡᠶᠢᠰᠢ ᠲᠡᠶᠢᠰᠢ ᠪᠥᠮᠪᠥᠷᠢᠨ᠎ᠡ᠃ 4. ᠮᠠᠷᠲᠠᠩᠬᠠᠢ ᠪᠣᠯᠤᠭᠰᠠᠨ ᠨᠠᠷᠠᠨᠵᠦ᠋ᠭ ᠡᠵᠢ ᠵᠠᠷᠢᠮ ᠲᠣᠬᠢᠶᠠᠯᠳᠤᠯ ᠳᠤ ᠬᠠᠷᠢᠨ ᠨᠡᠩ

ᠢᠯᠡᠭᠦᠦ ᠬᠤᠷᠴᠠ ᠮᠡᠳᠡᠷᠡᠮᠡᠲᠡᠭᠡᠢ᠂ ᠰᠣᠷᠭᠤᠭ ᠰᠡᠷᠡᠬᠦᠢ ᠲᠠᠢ ᠪᠣᠯᠤᠭᠰᠠᠨ ᠭᠡᠵᠦ ᠰᠢᠢᠳᠪᠦᠷᠢᠯᠡᠭᠰᠡᠨ ᠨᠢ ᠥᠭᠦᠯᠡᠨ ᠪᠤᠢ ᠺᠢᠨᠣ᠋ ᠶᠢᠨ ᠨᠢᠭᠡᠨ ᠭᠠᠶᠢᠬᠠᠮᠰᠢᠭ ᠶᠤᠮ᠃

ᠨᠠᠭᠤᠷ ᠤᠨ ᠬᠥᠪᠡᠭᠡᠨ ᠳᠤ ᠣᠴᠢᠭᠠᠳ ᠡᠷᠡᠭᠦᠯ ᠬᠥᠮᠥᠨ ᠤ ᠣᠯᠵᠤ ᠰᠣᠨᠣᠰᠬᠤ ᠦᠭᠡᠢ ᠡᠯᠳᠡᠪ ᠵᠦᠢᠯ ᠤᠨ ᠪᠠᠶᠢᠭᠠᠯᠢ ᠶᠢᠨ ᠠᠨᠢᠷ ᠴᠢᠮᠡᠭᠡ ᠶᠢ ᠴᠢᠩᠨᠠᠨ

ᠰᠣᠭᠲᠣᠭᠤᠷᠠᠨ᠎ᠠ᠂ ᠬᠦᠦ ᠳᠤᠨᠢ ᠬᠤᠭᠤᠰᠤᠨ ᠬᠠᠷᠠᠭᠳᠠᠳᠠᠭ ᠲᠢᠶᠠᠲᠷ ᠤᠨ ᠲᠠᠶᠢᠵᠠ ᠡᠵᠢ ᠳᠤ ᠬᠥᠭᠵᠢᠮ ᠤᠨ ᠠᠩᠭᠢ ᠶᠢᠨ ᠲᠣᠭᠯᠠᠯᠲᠠ ᠪᠠᠷ ᠬᠠᠷᠠᠭᠳᠠᠵᠤ

ᠰᠣᠨᠣᠰᠳᠠᠳᠠᠭ᠂ ᠬᠠᠷᠠᠩᠭᠤᠢ ᠶᠢᠨ ᠳᠤᠮᠳᠠ ᠲᠠᠯᠶᠢᠭᠠᠴᠢ ᠪᠣᠯᠤᠭᠰᠠᠨ ᠠᠪᠤ ᠡᠵᠢ ᠨᠢ ᠪᠥᠵᠢᠭᠯᠡᠨ ᠳᠠᠭᠤᠳᠠᠵᠤ ᠪᠠᠶᠢᠬᠤ ᠶᠢ ᠬᠠᠷᠠᠵᠤ ᠳᠤᠭᠤᠯᠤᠨ᠎ᠠ᠃

      ︽ᠬᠦᠢᠰᠦ︾ ᠺᠢᠨᠣ᠋ ᠶᠢᠨ ᠲᠥᠰᠥᠭᠡᠯᠡᠯ ᠳᠤ᠂ AD  ᠳᠤ ᠨᠡᠷᠪᠡᠭᠳᠡᠭᠰᠡᠨ ᠨᠠᠷᠠᠨᠵᠦ᠋ᠭ ᠡᠵᠢ ᠣᠨᠴᠠ ᠵᠠᠷᠢᠮ ᠳᠠᠭᠠᠨ ᠭᠠᠩᠳᠠᠭᠤᠨ ᠭᠦᠯᠢᠷᠡᠩᠭᠦᠢ ᠪᠤᠯᠳᠠᠭ

ᠪᠣᠯᠪᠠᠴᠤ ᠪᠠᠶᠢᠩᠭᠤ ᠮᠦᠰᠢᠶᠡᠩᠭᠦᠢ ᠪᠠᠶᠠᠰᠤᠩᠭᠤᠢ ᠡᠨᠡᠷᠢᠩᠭᠦᠢ ᠴᠠᠶᠢᠯᠭᠠᠨ ᠪᠠᠶᠢᠳᠠᠭ᠃  ᠶᠢᠷᠲᠢᠨᠴᠦ ᠶᠢᠨ ᠬᠥᠮᠥᠨ ᠤ ᠣᠶᠤᠨ ᠰᠡᠳᠬᠢᠯ ᠳᠤ ᠭᠤᠨᠢᠭ ᠵᠣᠪᠠᠭᠤᠷᠢ ᠨᠢ

ᠢᠯᠡᠭᠦᠦ ᠬᠤᠪᠢ ᠶᠢᠨ ᠵᠢᠩ ᠲᠠᠢ᠂ ᠲᠡᠷᠡ ᠨᠢ ᠮᠠᠷᠲᠠᠭᠳᠠᠬᠤᠯᠠᠷ ᠬᠥᠮᠥᠨ ᠪᠠᠶᠠᠰᠤᠩᠭᠤᠢ ᠪᠤᠯᠳᠠᠭ ᠪᠣᠯᠪᠠ ᠦᠦ︖ ᠦᠵᠦᠭᠦᠷ ᠬᠢᠵᠠᠭᠠᠷ ᠦᠭᠡᠢ ᠵᠣᠯ ᠪᠤᠰᠤ ᠶᠢᠨ

ᠳᠣᠲᠣᠷᠠᠬᠢ ᠥᠴᠥᠬᠡᠨ ᠲᠡᠳᠦᠢ ᠠᠵᠠ ᠵᠠᠪᠰᠢᠶᠠᠨ ᠭᠡᠵᠦ ᠡᠨᠡ ᠪᠣᠯᠪᠠ ᠦᠦ︖ ᠶᠠᠭᠤᠲᠠᠢ ᠴᠤ ᠭᠡᠰᠡᠨ᠂ ᠡᠯ᠎ᠡ ᠺᠢᠨᠣ᠋ ᠮᠠᠷᠲᠠᠬᠤ ᠶᠢᠨ ᠱᠦᠭᠦᠯᠳᠡᠭᠦᠷ ᠢᠶᠠᠷ ᠶᠢᠷᠲᠢᠨᠴᠦ ᠶᠢ

ᠨᠤᠷᠠᠭᠠᠭᠠᠳ ᠥᠭᠡᠷ᠎ᠡ ᠪᠠᠷ ᠴᠣᠭᠴᠠᠯᠠᠵᠤ᠂ ᠬᠥᠮᠥᠨ ᠤ ᠨᠢᠭᠡ ᠨᠠᠰᠤ ᠶᠢ ︽ᠳᠠᠭᠢᠨ ᠡᠮᠬᠢᠯᠡᠭᠰᠡᠨ︾ ᠪᠠᠶᠢᠨ᠎ᠠ᠃

      ᠬᠤᠶᠠᠷ᠂ ᠡᠷᠢᠯ᠄ ᠮᠣᠷᠳᠠᠬᠤ ᠪᠠ ᠪᠤᠴᠠᠬᠤ

      ᠨᠠᠷᠠᠨᠵᠦ᠋ᠭ ᠡᠵᠢ ᠶᠢᠨ ᠵᠥᠷᠢᠭᠦᠳᠯᠡᠳᠡᠭ ᠵᠦᠢᠯ ᠭᠠᠭᠴᠠᠬᠠᠨ ᠪᠤᠢ᠂ ᠪᠣᠭᠴᠣ ᠪᠣᠭᠤᠳᠠᠯ ᠢᠶᠠᠨ ᠪᠠᠭᠴᠠᠯᠠᠭᠠᠳ᠂ ᠮᠠᠰᠢᠨ ᠲᠡᠷᠭᠡ ᠦᠵᠡᠪᠡᠯ ᠭᠠᠷᠴᠤ ᠰᠠᠭᠤᠭᠠᠳ

︽ᠪᠢ ᠭᠡᠷ ᠲᠡᠭᠡᠨ ᠬᠠᠷᠢᠨ᠎ᠠ︾ ᠭᠡᠵᠦ ᠠᠬᠢᠨ ᠳᠠᠭᠢᠨ ᠬᠡᠯᠡᠳᠡᠭ᠃ ᠠᠯᠤᠰ ᠬᠦᠦ ᠨᠢ ᠡᠵᠢ ᠶᠢᠨ ᠢᠶᠠᠨ ᠰᠠᠨᠠᠭ᠎ᠠ ᠶᠢ ᠳᠠᠭᠠᠭᠤᠯᠵᠤ ᠬᠥᠳᠡᠭᠡ ᠭᠡᠷ ᠲᠡᠭᠡᠨ

ᠠᠪᠴᠢᠷᠠᠭᠰᠠᠨ ᠳᠤ ᠡᠵᠢ ᠪᠠᠰᠠ ᠯᠠ ︽ᠡᠨᠡ ᠮᠢᠨᠤ ᠭᠡᠷ ᠪᠢᠰᠢ᠂ ᠪᠢ ᠭᠡᠷ ᠲᠡᠭᠡᠨ ᠬᠠᠷᠢᠨ᠎ᠠ︾ ᠭᠡᠵᠦ ᠥᠭᠡᠯᠡᠳᠡᠭ᠃ ᠲᠡᠭᠡᠭᠡᠳ ᠡᠵᠢ ᠶᠢᠨ ᠵᠢᠷᠤᠭᠰᠠᠨ ᠲᠠᠯ᠎ᠠ ᠬᠠᠭᠠᠰ

 ᠨᠢ ᠬᠤᠪᠠᠭ᠋ᠠᠶᠢᠷᠠᠵᠤ ᠲᠠᠯ᠎ᠠ ᠬᠠᠭᠠᠰ ᠨᠢ ᠨᠣᠭᠤᠭᠠᠷᠠᠭᠰᠠᠨ ᠱᠠᠩᠰᠢ ᠶᠢᠨ ᠲᠡᠨᠳᠡ ︽ᠬᠦᠰᠡᠯ ᠤᠨ ᠭᠡᠷ︾  ᠨᠢ ᠪᠤᠢ ᠭᠡᠵᠦ ᠠᠯᠤᠰ ᠲᠠᠭᠠᠮᠠᠭᠯᠠᠭᠠᠳ ᠡᠬᠡ ᠬᠥᠪᠡᠭᠦᠨ

ᠬᠤᠶᠠᠷ ᠭᠤᠷᠪᠠᠨ ᠬᠦᠷᠳᠦᠲᠦ ᠮᠣᠲ᠋ᠣᠷ ᠢᠶᠠᠷ ᠮᠣᠷᠳᠠᠯ᠎ᠠ᠃ ᠡᠨᠡ ᠬᠦ ᠡᠷᠢᠯ ᠳᠤ ᠨᠠᠭᠠᠲᠤ ᠵᠠᠬ᠎ᠠ ᠨᠢ ᠭᠤᠷᠪᠠᠨ ᠳᠠᠪᠬᠤᠷ ᠤᠳᠬ᠎ᠠ ᠪᠤᠢ᠄ 1. ᠨᠠᠷᠠᠨᠵᠦ᠋ᠭ ᠡᠵᠢ ᠶᠢᠨ

ᠭᠡᠷ ᠢᠶᠠᠨ ᠡᠷᠢᠭᠰᠡᠨ ᠦᠯᠢᠭᠡᠷ᠃ AD  ᠳᠤ ᠨᠡᠷᠪᠡᠭᠳᠡᠭᠰᠡᠨ ᠨᠠᠷᠠᠨᠵᠦ᠋ᠭ ᠡᠵᠢ ᠨᠡᠬᠡᠷᠡᠨ ᠶᠢᠷᠲᠢᠨᠴᠦ ᠶᠢᠨ ᠭᠡᠮ ᠣᠰᠣᠯ ᠠᠴᠠ ᠠᠩᠭᠢᠵᠢᠷᠠᠵᠤ᠂ ᠭᠡᠷ ᠢᠶᠠᠨ ᠡᠷᠢᠭᠰᠡᠨ

ᠬᠡᠦᠬᠡᠳ ᠮᠡᠲᠦ ᠪᠣᠯᠵᠠᠢ᠃ ᠲᠡᠭᠦᠨ ᠤ ᠣᠢ ᠲᠣᠢ ᠳᠠᠬᠢ ᠬᠠᠭᠠᠰ ᠨᠢ ᠬᠤᠪᠠᠭ᠋ᠠᠶᠢᠷᠠᠭᠰᠠᠨ ᠲᠣᠮᠣ ᠱᠠᠩᠰᠢ ᠨᠢ ᠪᠤᠰᠤᠳᠴᠢ ᠣᠷᠣᠰᠢᠬᠤᠢ ᠮᠥᠨ ᠦᠦ︖ ᠠᠯᠢ ᠡᠰᠡᠬᠦᠯ᠎ᠡ

ᠰᠠᠪᠠ ᠰᠢᠮ᠎ᠡ ᠶᠢᠨ ᠶᠡᠭᠡ ᠣᠷᠴᠢᠯ ᠢ ᠵᠦᠩ ᠢᠶᠠᠷ ᠢᠶᠠᠨ ᠮᠡᠳᠡᠷᠡᠭᠰᠡᠨ ᠬᠡᠷᠡᠭ ᠦᠦ︖ ᠠᠯᠲᠠᠨ ᠭᠠᠳᠠᠰᠤ ᠣᠳᠣ ᠶᠢ ᠬᠠᠷᠠᠭᠠᠳ ᠠᠰ ᠬᠤᠶᠢᠰᠢ ᠪᠠᠨ ᠶᠠᠪᠤᠭᠠᠳ ᠪᠠᠶᠢᠪᠠᠯ

ᠣᠯᠣᠨ᠎ᠠ ᠭᠡᠵᠦ ᠨᠠᠰᠤᠲᠠᠶᠢᠴᠤᠳ ᠬᠡᠯᠡᠳᠡᠭ ᠭᠡᠨ᠎ᠡ᠂ ᠲᠡᠶᠢᠮᠦ ᠠ᠋᠂ ᠡᠨᠡ ᠪᠣᠯ ᠨᠠᠰᠤᠲᠠᠶᠢᠴᠤᠳ ᠤᠨ ᠢᠲᠡᠭᠡᠯ ᠪᠢᠰᠢᠷᠡᠯ᠃ ᠡᠴᠦᠰ ᠲᠡᠭᠦᠰᠬᠡᠯ ᠳᠤ ᠨᠠᠷᠠᠨᠵᠦ᠋ᠭ ᠡᠵᠢ ᠶᠢᠨ

ᠣᠷᠣᠵᠤ ᠣᠴᠢᠭᠰᠠᠨ ᠶᠢᠷᠲᠢᠨᠴᠦ ᠪᠣᠯ ᠴᠡᠭᠡᠵᠢᠯᠡᠬᠦᠢ ᠶᠢᠨ ᠭᠦᠨ ᠳᠠᠬᠢ ᠡᠴᠢᠭᠡ ᠡᠬᠡ ᠶᠢᠨ ᠬᠠᠶᠢᠷ᠎ᠠ ᠪᠢᠯᠬᠠᠭᠰᠠᠨ ᠣᠷᠣᠨ ᠭᠡᠷ ᠪᠠᠶᠢᠯ᠎ᠠ᠃ ᠬᠡᠭᠡᠷ᠎ᠡ ᠬᠤᠨᠣᠬᠤ ᠭᠡᠳ

ᠮᠣᠩᠭᠤᠯ ᠭᠡᠷ ᠪᠣᠰᠬᠠᠬᠤ ᠳᠤ᠂ ᠨᠠᠷᠠᠨᠵᠦ᠋ᠭ ᠡᠵᠢ ᠬᠡᠴᠢᠨᠡᠭᠡᠨ ᠣᠷᠣᠯᠳᠤᠭᠠᠳ ᠣᠨᠢ ᠶᠢ ᠲᠠᠭᠠᠷᠠᠭᠤᠯᠵᠤ ᠡᠰᠡ ᠴᠢᠳᠠᠭᠰᠠᠨ ᠨᠢ ᠬᠠᠨᠠᠲᠤ ᠭᠡᠷ ᠠᠴᠠ ᠬᠤᠯᠠᠳᠴᠤ᠂

ᠬᠠᠳᠠᠨ ᠭᠡᠷ ᠲᠤ ᠣᠶᠢᠷᠠᠲᠤᠭᠰᠠᠨ ᠢ ᠬᠠᠷᠠᠭᠤᠯᠵᠤ ᠪᠠᠶᠢᠨ᠎ᠠ᠃ 2. ᠡᠲᠦᠭᠡᠨ ᠡᠬᠡ ᠶᠢᠨ ᠡᠭᠡᠯᠲᠡ ᠶᠢᠨ ᠦᠯᠢᠭᠡᠷ᠃ ᠡᠨᠡᠷᠢᠩᠭᠦᠢ ᠰᠡᠳᠬᠢᠯᠲᠦ ᠨᠠᠷᠠᠨᠵᠦ᠋ᠭ ᠡᠵᠢ ᠶᠢ ᠶᠡᠭᠡ

ᠪᠠᠶᠢᠭᠠᠯᠢ ᠪᠤᠶᠤ ᠡᠲᠦᠭᠡᠨ ᠡᠬᠡ ᠶᠢᠨ ᠪᠦᠷᠢᠯᠸ᠎ᠠ ᠭᠡᠵᠦ ᠦᠵᠡᠵᠦ ᠪᠣᠯᠬᠤ ᠲᠠᠯ᠎ᠠ ᠲᠠᠢ᠃ ᠶᠡᠭᠡ ᠬᠦᠦ ᠶᠢᠨ ᠢᠶᠠᠨ ᠵᠢᠵᠢᠭᠬᠡᠨ ᠥᠷᠥᠭᠡᠨ ᠳᠤ ᠴᠣᠣᠵᠢᠯᠠᠭᠳᠠᠭᠰᠠᠨ ᠡᠵᠢ

ᠪᠣᠯ ᠬᠤᠲᠠ ᠳᠤ ᠣᠷᠣᠩᠨᠠᠬᠤ ᠭᠠᠵᠠᠷ ᠦᠭᠡᠢ ᠪᠣᠯᠤᠭᠰᠠᠨ ᠶᠡᠭᠡ ᠪᠠᠶᠢᠭᠠᠯᠢ ᠶᠢᠨ ᠳᠦᠷᠢ ᠮᠥᠨ᠃

6381689165528995999218120.png

      ᠬᠥᠳᠡᠭᠡ ᠭᠡᠷ ᠢ ᠨᠢ ᠮᠥᠷᠭᠦᠵᠦ ᠨᠦᠬᠡᠯᠡᠭᠰᠡᠨ ᠰᠣᠭᠲᠣᠭᠤ ᠬᠥᠮᠥᠨ ᠤ ᠮᠠᠰᠢᠨ ᠲᠡᠷᠭᠡ ᠪᠠ ᠪᠡᠯᠴᠢᠭᠡᠷ ᠠᠴᠠ ᠪᠠᠨ ᠦᠯᠳᠡᠭᠰᠡᠨ ᠵᠢᠯᠣᠭᠤᠴᠢ ᠦᠭᠡᠢ ᠵᠢᠵᠢᠭ

ᠨᠢᠰᠬᠡᠯ ᠨᠢ ᠴᠤ ᠣᠳᠣᠬᠢᠴᠢ ᠪᠣᠯᠪᠠᠰᠤᠨ ᠤ ᠲᠥᠯᠥᠭᠡᠯᠡᠯ ᠮᠥᠨ᠃ ᠣᠳᠣᠬᠢᠴᠢ ᠪᠣᠯᠪᠠᠰᠤᠨ ᠠᠴᠠ ᠠᠶᠠᠷᠯᠠᠨ ᠰᠠᠯᠵᠤ ᠠᠭᠯᠠᠭ ᠬᠡᠭᠡᠷ᠎ᠡ ᠶᠢᠨ ᠭᠦᠨ ᠤᠷᠤᠭᠤ

ᠮᠣᠷᠳᠠᠭᠰᠠᠨ ᠠᠶᠠᠨ ᠨᠢ ᠥᠨᠥ ᠶᠢᠨ ᠬᠤᠲᠠ ᠶᠢᠨ ᠬᠥᠮᠥᠰ ᠤᠨ ᠠᠷᠢᠭᠤᠨ ᠪᠠᠶᠢᠭᠠᠯᠢ ᠳᠠᠭᠠᠨ ᠪᠤᠴᠠᠬᠤ ᠬᠦᠰᠡᠯ ᠢ ᠲᠥᠯᠥᠭᠡᠯᠡᠵᠦ ᠪᠠᠶᠢᠨ᠎ᠠ᠃ 3. ᠠᠯᠤᠰ ᠤᠨ

ᠲᠥᠭᠡᠷᠢᠯ ᠠᠴᠠ ᠮᠤᠯᠲᠤᠷᠠᠭᠰᠠᠨ ᠦᠯᠢᠭᠡᠷ᠃ ᠺᠢᠨᠣ᠋ ᠶᠢᠨ ᠡᠬᠢᠯᠡᠯᠲᠡ ᠳᠠᠬᠢ ᠠᠯᠤᠰ ᠤᠨ ᠳᠠᠭᠤᠤ ᠠᠴᠠ ᠲᠡᠭᠦᠨ ᠤ ᠪᠤᠳᠤᠯᠢᠯ ᠪᠠ ᠣᠶᠤᠨ ᠰᠠᠨᠠᠭᠠᠨ ᠤ ᠲᠥᠭᠡᠷᠢᠯ ᠢ

ᠬᠠᠷᠠᠵᠤ ᠪᠣᠯᠣᠨ᠎ᠠ᠄ ︽ᠥᠩᠭᠡᠪᠴᠢ ᠰᠠᠭᠠᠳ᠂ ᠥᠯᠥᠨ ᠨᠢᠳᠦ / ᠥᠪᠡᠷ ᠢ ᠪᠠᠨ ᠪᠢ ᠠᠯᠳᠠᠵᠤ ᠲᠥᠭᠡᠷᠢᠯ᠎ᠡ / ᠥᠷᠭᠡᠨ ᠬᠤᠷᠸ᠎ᠠ᠂ ᠥᠯᠥᠨ ᠨᠢᠳᠦ /

ᠥᠩᠭᠡᠷᠡᠭᠰᠡᠨ ᠢᠶᠠᠨ ᠪᠢ ᠠᠯᠳᠠᠵᠤ ᠭᠡᠭᠡᠯ᠎ᠡ︾᠃ ᠡᠵᠢ ᠪᠠᠨ ᠳᠠᠭᠠᠭᠤᠯᠤᠨ ︽ᠭᠡᠷ︾  ᠢ ᠨᠢ ᠡᠷᠢᠬᠦ ᠠᠶᠠᠨ ᠨᠢ ᠪᠠᠰᠠ ᠴᠤ ᠠᠯᠤᠰ ᠤᠨ ᠥᠪᠡᠷ ᠢ ᠪᠠᠨ ᠡᠷᠢᠵᠦ᠂ ᠣᠶᠣᠨ

ᠰᠠᠨᠠᠭᠠᠨ ᠤ ᠡᠬᠡ ᠨᠤᠲᠤᠭ ᠲᠠᠭᠠᠨ ᠡᠭᠡᠬᠦ ᠶᠠᠪᠤᠴᠠ ᠪᠠᠶᠢᠯ᠎ᠠ᠃ ᠡᠵᠢ ᠶᠢ ᠪᠠᠨ ᠭᠦᠨᠵᠡᠭᠡᠢ ᠣᠶᠢᠯᠠᠭᠠᠭᠰᠠᠨ᠂ ᠬᠥᠳᠡᠭᠡ ᠳᠡᠭᠡᠨ ᠬᠠᠷᠢᠵᠤ ᠨᠤᠲᠤᠭᠰᠢᠭᠰᠠᠨ ᠲᠠᠨ᠎ᠠ ᠲᠠᠢ

ᠲᠠᠨᠢᠯᠴᠠᠵᠤ ᠰᠡᠳᠬᠢᠯ ᠢᠶᠠᠨ ᠣᠯᠣᠯᠴᠠᠭᠰᠠᠨ᠂ ᠡᠵᠢ ᠶᠢᠨ ᠨᠢᠳᠦᠨ ᠳᠤ ᠲᠣᠳᠣᠷᠠᠳᠠᠭ ᠬᠡᠢ ᠦᠵᠡᠭᠳᠡᠯ ᠢ ᠣᠯᠵᠤ ᠬᠠᠷᠠᠭᠰᠠᠨ᠂ ᠠᠮᠢ ᠨᠠᠰᠤᠨ ᠤ ᠮᠣᠳᠣ ᠶᠢ

ᠭᠠᠭᠴᠠᠭᠠᠷ ᠢᠶᠠᠨ ᠡᠷᠢᠵᠦ ᠣᠯᠣᠭᠰᠠᠨ ᠨᠢ ᠠᠯᠤᠰ ᠤᠨ ᠡᠷᠢᠯ ᠲᠠᠯᠠᠭᠠᠷᠳᠠᠭ᠎ᠠ ᠦᠭᠡᠢ ᠪᠠᠶᠢᠬᠤ ᠶᠢ ᠬᠠᠷᠠᠭᠤᠯᠵᠤ ᠪᠠᠶᠢᠨ᠎ᠠ᠃ ᠺᠢᠨᠣ᠋ ᠳᠤ ᠬᠤᠯᠠ ᠶᠢᠨ ᠠᠶᠠᠨ ᠳᠤ

ᠮᠣᠷᠳᠠᠬᠤ ᠪᠠ ᠣᠶᠣᠨ ᠰᠠᠨᠠᠭᠠᠨ ᠤ ᠨᠤᠲᠤᠭ ᠲᠠᠭᠠᠨ ᠡᠭᠡᠵᠦ ᠪᠤᠴᠠᠬᠤ ᠨᠢ ᠡᠶᠢᠨ ᠬᠦ ᠨᠢᠭᠡᠳᠦᠭᠰᠡᠨ ᠪᠠᠶᠢᠨ᠎ᠠ᠃

      ᠭᠤᠷᠪᠠ᠂ ᠬᠦᠢᠰᠦ᠄ ᠬᠤᠯᠪᠣᠬᠤ ᠪᠠ ᠲᠠᠰᠤᠯᠬᠤ

      ᠥᠭᠦᠯᠡᠨ ᠪᠤᠢ ᠺᠢᠨᠣ᠋ ᠳᠤ ᠬᠡᠳᠦᠶᠢᠪᠡᠷ ︽ᠬᠦᠢᠰᠦ︾ ᠭᠡᠵᠦ ᠰᠢᠭᠤᠳ ᠳᠤᠷᠠᠳᠤᠭ᠎ᠠ ᠦᠭᠡᠢ ᠪᠣᠯᠪᠠᠴᠤ ᠡᠬᠡ ᠦᠷ᠎ᠡ ᠶᠢᠨ ᠲᠠᠰᠤᠷᠠᠰᠢ ᠦᠭᠡᠢ ᠭᠦᠢ ᠶᠢᠨ

ᠬᠤᠯᠪᠣᠭ᠎ᠠ ᠶᠢ ᠲᠡᠷᠡ ᠬᠦ ᠪᠦᠰᠡᠯᠡᠭᠦᠷ ᠢᠶᠠᠷ ᠬᠤᠯᠪᠣᠭᠰᠠᠨ ᠪᠦᠳᠦᠭᠦᠨ ᠳᠡᠭᠡᠰᠦ ᠪᠠᠷ ᠢᠯᠡᠳᠬᠡᠭᠰᠡᠨ ᠪᠢᠯᠡ᠃ ᠡᠬᠡ ᠶᠢᠨ ᠢᠶᠠᠨ ᠬᠡᠪᠡᠯᠢ ᠳᠤ ᠪᠠᠶᠢᠭ᠎ᠠ ᠬᠡᠦᠬᠡᠳ ᠠᠮᠤᠷ

ᠲᠠᠪᠠᠲᠠᠢ᠂ ᠬᠦᠢᠰᠦ ᠪᠠᠷ ᠢᠶᠠᠨ ᠡᠬᠡ ᠠᠴᠠ ᠪᠠᠨ ᠰᠢᠮ᠎ᠡ ᠲᠡᠵᠢᠭᠡᠯ ᠬᠦᠷᠲᠡᠵᠦ ᠪᠣᠶᠢᠵᠢᠵᠤ ᠪᠠᠶᠢᠳᠠᠭ᠃ ᠬᠠᠷᠢᠨ ᠭᠠᠳᠠᠨᠠᠬᠢ ᠶᠢᠷᠲᠢᠨᠴᠦ ᠲᠠᠢ ᠠᠩᠬ᠎ᠠ ᠵᠣᠯᠭᠠᠮᠠᠭᠴᠠ

ᠴᠢᠴᠠᠭᠠᠨᠠᠨ ᠤᠭᠢᠯᠠᠳᠠᠭ ᠨᠢ ᠬᠠᠯᠠᠭᠤᠨ ᠪᠦᠯᠢᠶᠡᠨ᠂ ᠠᠮᠤᠷ ᠲᠦᠪᠰᠢᠨ ᠪᠥᠭᠡᠴᠡᠶᠢᠯᠡᠯ ᠠᠴᠠ ᠰᠠᠯᠤᠭᠰᠠᠨ ᠲᠠᠢ ᠬᠤᠯᠪᠣᠭ᠎ᠠ ᠲᠠᠢ᠃ ᠬᠦᠢᠰᠦ ᠶᠢᠨ ᠣᠭᠤᠰᠣᠷ ᠢ ᠨᠢ

ᠣᠭᠲᠣᠯᠣᠮᠠᠭᠴᠠ ᠲᠤᠰᠠᠭᠠᠷ ᠴᠣᠭᠴᠠ ᠪᠣᠯᠬᠤ ᠤᠷᠲᠤ ᠠᠶᠠᠨ ᠢᠶᠠᠨ ᠡᠬᠢᠯᠡᠭᠦᠯᠦᠨ᠎ᠡ᠃ ᠬᠡᠦᠬᠡᠳ ᠦᠰᠦᠨ ᠪᠣᠶᠢᠵᠢᠬᠤ ᠶᠠᠪᠤᠴᠠ ᠳᠠᠭᠠᠨ ᠬᠦᠢᠰᠦ ᠪᠠᠨ ᠡᠷᠢᠵᠦ

ᠡᠷᠭᠢᠴᠡᠵᠦ ᠪᠤᠯᠳᠠᠭ ᠦᠭᠡᠢ᠂ ᠮᠠᠷᠲᠠᠬᠤ ᠬᠡᠷᠡᠭᠲᠡᠢ᠃ ᠭᠡᠪᠡᠴᠦ ᠡᠬᠡ ᠦᠷ᠎ᠡ ᠶᠢᠨ ᠬᠡᠯᠬᠢᠶ᠎ᠡ ᠥᠨᠢ ᠡᠭᠦᠷᠢᠳᠡ ᠲᠠᠰᠤᠷᠠᠬᠤ ᠦᠭᠡᠢ᠂ ᠡᠬᠡ ᠡᠴᠢᠭᠡ ᠶᠢᠨ ᠬᠠᠶᠢᠷ᠎ᠠ ᠨᠢ

ᠬᠡᠦᠬᠡᠳ ᠤᠨ ︽ᠦᠵᠡᠭᠳᠡᠬᠦ ᠦᠭᠡᠢ ᠬᠦᠢᠰᠦ︾ ᠪᠣᠯᠵᠤ ᠪᠠᠶᠢᠳᠠᠭ᠃ ᠬᠡᠷᠪᠡ ᠪᠠᠭ᠎ᠠ ᠪᠠᠯᠴᠢᠷ ᠨᠠᠰᠤᠨ ᠳᠠᠭᠠᠨ ᠡᠬᠡ ᠡᠴᠢᠭᠡ ᠶᠢᠨ ᠬᠠᠶᠢᠷ᠎ᠠ ᠶᠢ ᠠᠯᠳᠠᠪᠠᠯ ᠪᠠᠰᠠ ᠨᠢᠭᠡ

ᠤᠳᠠᠭ᠎ᠠ ᠬᠦᠢᠰᠦ ᠶᠢᠨ ᠣᠭᠤᠰᠣᠷ ᠢᠶᠠᠨ ᠣᠭᠲᠣᠯᠣᠭᠤᠯᠤᠯ᠎ᠠ ᠭᠡᠰᠡᠨ ᠦᠭᠡ᠃ ᠺᠢᠨᠣ᠋ ᠳᠤ ᠬᠡᠳᠦᠶᠢᠪᠡᠷ ᠰᠢᠭᠤᠳ ᠲᠤᠰᠢᠶᠠᠭᠰᠠᠨ ᠦᠭᠡᠢ ᠪᠣᠯᠪᠠᠴᠤ ᠨᠠᠷᠠᠨᠵᠦ᠋ᠭ

ᠡᠵᠢ ᠶᠢᠨ ᠬᠡᠢ ᠰᠡᠷᠡᠯ ᠢᠶᠠᠷ ᠢᠶᠠᠨ ᠣᠯᠵᠤ ᠬᠠᠷᠠᠭᠰᠠᠨ ᠵᠠᠯᠠᠭᠤ ᠽᠠᠨᠳᠠᠨ ᠡᠬᠡ ᠡᠴᠢᠭᠡ ᠶᠢ ᠨᠢ ᠶᠠᠭ ᠨᠠᠰᠤ ᠪᠠᠷᠠᠬᠤ ᠶᠢᠨ ᠦᠶ᠎ᠡ ᠶᠢᠨ ᠪᠠᠶᠢᠳᠠᠯ ᠲᠥᠷᠬᠦ ᠭᠡᠵᠦ

ᠵᠦᠢᠴᠢᠯᠡᠪᠡᠯ᠂ ᠨᠠᠷᠠᠨᠵᠦ᠋ᠭ ᠪᠠᠯᠴᠢᠷ ᠨᠠᠰᠤᠨ ᠳᠠᠭᠠᠨ ᠥᠨᠥᠴᠢᠷᠡᠭᠰᠡᠨ ᠭᠡᠳᠡᠭ ᠢ ᠮᠡᠳᠡᠵᠦ ᠪᠣᠯᠣᠨ᠎ᠠ᠃ ᠲᠡᠷᠡ ᠥᠰᠴᠦ ᠥᠭᠡᠯᠡᠢ ᠪᠣᠯᠤᠭᠰᠠᠨ ᠤ ᠳᠠᠷᠠᠭ᠎ᠠ ᠡᠨᠡ ᠬᠦ

ᠰᠢᠷᠬᠠᠯᠠᠭᠠᠳᠤ ᠴᠡᠭᠡᠵᠢᠯᠡᠪᠦᠷᠢ ᠨᠢ ᠮᠠᠷᠲᠠᠭᠳᠠᠵᠤ ᠳᠠᠷᠤᠭᠳᠠᠭᠰᠠᠨ ᠪᠣᠯᠪᠠᠴᠤ ᠬᠠᠷᠢᠨ ᠠᠷᠢᠯᠵᠤ ᠠᠯᠠᠭ᠎ᠠ ᠪᠣᠯᠤᠭᠰᠠᠨ ᠦᠭᠡᠢ ᠪᠢᠯᠡ᠃ ᠥᠲᠡᠯᠦᠭᠡ ᠨᠠᠰᠤᠨ ᠳᠤᠨᠢ ᠶᠠᠮᠠᠷ

ᠨᠢᠭᠡᠨ ᠭᠡᠨᠡᠳᠲᠡ ᠶᠢᠨ ᠰᠡᠳᠡᠯᠲᠡ ᠪᠠᠷ ᠲᠡᠭᠦᠨ ᠤ ᠳᠠᠯᠳᠠ ᠤᠬᠠᠮᠰᠠᠷ ᠲᠤ ᠪᠠᠶᠢᠭᠰᠠᠨ ᠰᠡᠳᠬᠢᠯ ᠤᠨ ᠰᠢᠷᠬ᠎ᠠ ᠨᠢ ᠳᠠᠬᠢᠨᠲᠠ ᠲᠡᠭᠦᠨ ᠢ ᠲᠠᠷᠴᠢᠯᠠᠭᠠᠭᠰᠠᠨ ᠭᠡᠵᠦ

ᠮᠠᠭᠠᠳᠯᠠᠵᠤ ᠪᠣᠯᠣᠨ᠎ᠠ᠃ ᠠᠯᠤᠰ ᠤᠨ ᠡᠬᠡ ᠯᠦᠭᠡ ᠪᠠᠨ ᠪᠦᠰᠡᠯᠡᠭᠦᠷ ᠢᠶᠠᠷ ᠬᠤᠯᠪᠣᠭᠰᠠᠨ ᠳᠡᠭᠡᠰᠦ ᠨᠢ᠂ ᠨᠠᠷᠠᠨᠵᠦ᠋ᠭ ᠡᠵᠢ ᠳᠤ ᠠᠪᠴᠤ ᠬᠡᠯᠡᠪᠡᠯ ︽ᠨᠥᠬᠦᠨ ᠣᠯᠭᠤᠪᠤᠷᠢ︾

 ᠶᠢᠨ ᠰᠢᠨᠵᠢᠲᠡᠢ᠂ ᠲᠡᠭᠡᠭᠦ ᠪᠠᠷ ᠢᠶᠠᠨ ᠵᠣᠬᠢᠬᠤ ᠵᠠᠰᠠᠯᠭ᠎ᠠ ᠶᠢᠨ ᠦᠢᠯᠡᠳᠦᠯ ᠲᠠᠢ᠂ ᠨᠠᠷᠠᠨᠵᠦ᠋ᠭ ᠡᠵᠢ ᠡᠬᠡ ᠦᠷ᠎ᠡ ᠶᠢᠨ ᠬᠠᠷᠢᠴᠠᠭ᠎ᠠ ᠶᠢ ᠲᠣᠩᠭᠤᠷᠠᠭᠤᠯᠤᠨ ᠲᠠᠨᠢᠬᠤ ᠳᠤ

ᠭᠦᠷᠦᠭᠰᠡᠨ ᠨᠢ ᠴᠤ ᠡᠭᠦᠨ ᠢᠶᠠᠷ ᠲᠠᠶᠢᠯᠪᠤᠷᠢᠯᠠᠭᠳᠠᠵᠤ ᠪᠠᠶᠢᠨ᠎ᠠ᠃ ᠡᠨᠡ ᠬᠦ ᠺᠢᠨᠣ᠋ ᠶᠢᠨ ᠬᠠᠪᠰᠤᠷᠭᠠᠯᠲᠠ ᠬᠥᠭᠵᠢᠮ ᠨᠢ ᠡᠶᠡᠪᠡᠷᠭᠦᠦ᠂ ᠢᠷᠠᠭᠤ ᠲᠤᠩᠭᠠᠯᠠᠭ᠂ ᠡᠮᠡᠭᠲᠡᠢ

ᠬᠥᠮᠥᠨ ᠤ ᠰᠡᠳᠬᠢᠯ ᠢ ᠠᠷᠭᠠᠳᠠᠨ ᠵᠠᠰᠠᠭᠰᠠᠨ᠂ ᠬᠡᠦᠬᠡᠳ ᠢ ᠪᠦᠪᠡᠶᠢᠯᠡᠭᠰᠡᠨ ᠣᠨᠴᠠᠯᠢᠭ ᠲᠠᠢ᠂ ᠠᠯᠤᠰ ᠤᠨ ᠡᠯᠧᠺᠲᠷᠣᠨ ᠬᠥᠭᠵᠢᠮᠴᠢᠨ ᠤ ᠷᠣᠯᠢ ᠳᠤ ᠲᠣᠭᠯᠠᠭᠰᠠᠨ ᠨᠢ

ᠴᠤ ᠤᠴᠢᠷᠲᠠᠢ᠃ ᠪᠦᠬᠦᠶᠢᠯᠡ ᠳᠠᠭᠤᠤ ᠬᠥᠭᠵᠢᠮ ᠨᠢ ᠰᠦᠨᠡᠰᠦᠨ ᠤ ᠳᠠᠭᠤᠳᠠᠯᠭ᠎ᠠ ᠪᠣᠯᠵᠤ᠂ ᠨᠠᠷᠠᠨᠵᠦ᠋ᠭ ᠡᠵᠢ ᠶᠢᠨ ᠡᠴᠢᠭᠡ ᠡᠬᠡ ᠶᠢᠨ ᠢᠶᠠᠨ ᠶᠢᠷᠲᠢᠨᠴᠦ ᠳᠤ ᠪᠠᠶᠠᠷᠲᠠᠢ

ᠣᠷᠣᠵᠤ ᠣᠴᠢᠬᠤ ᠳᠤ ᠰᠡᠳᠬᠢᠯ ᠤᠨ ᠭᠦᠦᠷ ᠪᠣᠯᠵᠤ ᠥᠭᠴᠡᠢ᠃

6381689167415189158690951.png

      ᠮᠣᠲ᠋ᠣᠷ ᠤᠨ ᠬᠦᠷᠴᠢᠭᠢᠨᠡᠯ ᠯᠠᠪᠠᠷ ᠤᠨ ᠳᠠᠭᠤ ᠴᠤ ᠳᠠᠭᠤᠤ ᠬᠥᠭᠵᠢᠮ ᠤᠨ ᠡᠯᠧᠮᠧᠨ᠋ᠲ ᠪᠣᠯᠵᠤ ᠪᠤᠯᠳᠠᠭ᠂ ︽ᠪᠢᠳᠡᠨ ᠤ ᠠᠮᠢᠳᠤᠷᠠᠯ ᠳᠤ ᠵᠥᠪᠬᠡᠨ ᠮᠣᠷᠢᠨ

ᠬᠤᠭᠤᠷ᠂ ᠬᠥᠭᠡᠮᠡᠢ ᠪᠠᠶᠢᠭᠠᠳ ᠯᠠ ᠪᠣᠯᠬᠤ ᠪᠢᠰᠢ︾ ︽ᠪᠢ ᠠᠳᠡ ᠲᠦᠷᠦᠵᠦ ᠥᠰᠦᠭᠰᠡᠨ ᠬᠥᠮᠥᠨ᠂ ᠬᠠᠷᠢᠭᠠᠳ ᠢᠷᠡᠴᠢᠬᠡᠪᠡᠯ ᠪᠢ ᠬᠡᠨ ᠪᠤᠢ︖ ᠪᠢ ᠬᠠᠮᠢᠭ᠎ᠠ

ᠣᠴᠢᠨ᠎ᠠ ᠪᠤᠢ︖ ᠭᠡᠬᠦ ᠠᠰᠠᠭᠤᠯᠲᠠ ᠣᠷᠣᠰᠢᠬᠤ ᠦᠭᠡᠢ ᠪᠣᠯᠣᠨ᠎ᠠ︾ ︽ᠭᠤᠲᠤᠯ ᠢ ᠵᠥᠪᠬᠡᠨ ᠠᠳᠡ ᠡᠮᠦᠰᠴᠦ ᠪᠣᠯᠣᠨ᠎ᠠ᠂ ᠬᠠᠷᠢᠨ ᠲᠠᠮᠢᠷ ᠤᠨ ᠱᠠᠬᠠᠢ ᠶᠢ ᠪᠣᠯ

ᠬᠠᠮᠢᠭ᠎ᠠ ᠴᠤ ᠡᠮᠦᠰᠴᠦ ᠪᠤᠯᠳᠠᠭ︾ ᠭᠡᠬᠦ ᠠᠯᠤᠰ ᠲᠠᠨ᠎ᠠ ᠬᠤᠶᠠᠷ ᠤᠨ ᠬᠠᠷᠢᠯᠴᠠᠭ᠎ᠠ᠂ ᠶᠠᠷᠢᠯᠴᠠᠭ᠎ᠠ᠂ ᠢᠨᠠᠭᠯᠠᠯ ᠠᠴᠠ ᠪᠢᠳᠡ ᠰᠣᠶᠣᠯ ᠪᠣᠯᠪᠠᠰᠤᠨ ᠤ ᠤᠳᠬ᠎ᠠ ᠳᠠᠬᠢ

ᠬᠦᠢᠰᠦᠨ ᠤ ᠲᠠᠰᠤᠯᠤᠯᠲᠠ ᠪᠠ ᠵᠠᠯᠭᠠᠯᠲᠠ ᠶᠢᠨ ᠲᠤᠬᠠᠢ ᠪᠤᠳᠤᠯᠢᠶᠠᠨᠲᠠᠢ ᠰᠣᠩᠭᠤᠯᠲᠠ ᠶᠢ ᠬᠠᠷᠠᠵᠤ ᠪᠣᠯᠣᠨ᠎ᠠ᠃ ᠨᠡᠩ ᠵᠠᠯᠠᠭᠤ ᠦᠶ᠎ᠡ ᠶᠢᠨ ᠬᠢᠨ ᠤ ᠳᠡᠯᠡᠬᠡᠢ ᠶᠢᠨ

ᠳᠡᠪᠵᠢᠶᠡᠨ ᠳᠤ ᠳᠡᠪᠢᠬᠦ ᠬᠦᠰᠡᠯ ᠢ ᠴᠦ ᠣᠯᠵᠤ ᠬᠠᠷᠠᠨ᠎ᠠ᠃

6381689169131161756249163.png

      ︽ᠬᠦᠢᠰᠦ︾  ᠺᠢᠨᠣ᠋ ᠨᠢ ᠮᠠᠷᠲᠠᠬᠤ  \  ᠴᠡᠭᠡᠵᠢᠯᠡᠬᠦ᠂ ᠮᠣᠷᠳᠠᠬᠤ  \  ᠪᠤᠴᠠᠬᠤ᠂  ᠬᠤᠯᠪᠣᠬᠤ  \  ᠲᠠᠰᠤᠯᠬᠤ  ᠵᠡᠷᠭᠡ  ᠣᠯᠠᠨ  ᠬᠤᠣᠰ  ᠵᠢᠮ᠎ᠡ ᠶᠢᠨ 

ᠬᠠᠷᠰᠢᠯ ᠢ  ᠤᠯᠠᠷᠢᠭᠤᠯᠤᠨ ᠬᠡᠷᠡᠭᠯᠡᠵᠦ᠂ ᠤᠷᠠᠯᠢᠭ ᠤᠨ ᠬᠤᠪᠢᠰᠤᠩᠭᠤᠢ ᠠᠷᠭ᠎ᠠ ᠪᠠᠷ ᠰᠢᠢᠳᠪᠦᠷᠢᠯᠡᠭᠰᠡᠨ ᠨᠢ ᠠᠮᠵᠢᠯᠲᠠ ᠲᠠᠢ ᠪᠣᠯᠵᠠᠢ᠃

      ᠵᠣᠬᠢᠶᠠᠨ ᠪᠦᠲᠦᠭᠡᠯᠭᠡ ᠶᠢᠨ ᠪᠠᠭ᠄

      ᠤᠳᠤᠷᠢᠳᠤᠭᠠᠴᠢ  ᠵᠦᠴᠦᠭᠡ   ᠶᠢᠨ  ᠵᠣᠬᠢᠶᠠᠭᠴᠢ᠄ ᠴᠢᠶᠤᠤ   ᠰᠧ  ᠰᠢᠤᠸᠠᠢ

      ᠶᠡᠷᠦᠩᠬᠡᠢ  ᠳᠠᠭᠠᠭᠠᠮᠠᠯ᠄ ᠹᠦ᠋  ᠷᠥᠸᠧ  ᠴᠢᠩ

      ᠬᠢᠨᠠᠨ  ᠦᠢᠯᠡᠳᠦᠭᠴᠢ᠄ ᠼᠤᠤ   ᠢᠦᠢ   ᠶᠣᠣ   ᠴᠧᠨ

      ᠺᠢᠨᠣ᠋   ᠦᠢᠯᠡᠳᠦᠭᠴᠢ ᠄ ᠯᠢᠦ   ᠬᠤᠢ    ᠬᠤ᠋   ᠵᠢᠩ

      ᠭᠤᠣᠯ  ᠲᠣᠭᠯᠠᠭᠴᠢ ᠄  ᠪᠠᠳᠮ᠎ᠠ  ᠢᠳᠡᠷ ᠨᠠᠬᠢᠶ᠎ᠠ

      ᠣᠷᠴᠢᠭᠤᠯᠤᠭᠴᠢ᠄

      ᠨᠠᠶᠢᠷᠠᠭᠤᠯᠤᠭᠴᠢ᠄ ᠣᠷᠭᠢᠯ

 

ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ