ᠬᠥᠳᠡᠯᠮᠦᠷᠢ ᠶᠢᠨ ᠵᠢᠪᠬᠤᠭ᠎ᠠ
ᠨᠡᠶᠢᠲᠡᠯᠡᠭᠰᠡᠨ ᠴᠠᠭ᠄
2023/4/26
      ᠳᠡᠯᠡᠬᠡᠢ ᠶᠢᠨ ᠬᠥᠳᠡᠯᠮᠦᠷᠢᠴᠢᠳ ᠤᠨ ᠪᠠᠶᠠᠷ ᠤᠨ ᠡᠳᠦᠷ ᠬᠦᠷᠴᠦ ᠢᠷᠡᠬᠦ ᠣᠶᠢᠷᠠᠲᠤᠯ᠎ᠠ᠃ ᠠᠵᠤ ᠠᠮᠢᠳᠤᠷᠠᠯ ᠭᠡᠵᠦ᠂ ᠠᠵᠢᠯ ᠠᠯᠪᠠ ᠭᠡᠵᠦ᠂ ᠠᠮᠵᠢᠯᠲᠠ ᠵᠢᠳᠬᠦᠯ ᠭᠡᠵᠦ ᠵᠣᠷᠢᠵᠤ ᠵᠢᠳᠬᠦᠵᠦ ᠪᠠᠶᠢᠭ᠎ᠠ ᠦᠢ ᠲᠦᠮᠡᠨ ᠬᠥᠳᠡᠯᠮᠦᠷᠢᠴᠢᠳ ᠤᠨ ᠥᠩᠭᠡ ᠭᠡᠷᠡᠯ᠂ ᠦᠵᠡᠰᠬᠦᠯᠡᠩ ᠭᠤᠸ᠎ᠠ ᠶᠢ ᠠᠯᠳᠠᠷᠰᠢᠭᠤᠯᠤᠨ ᠲᠡᠮᠳᠡᠭᠯᠡᠭᠰᠡᠨ ᠪᠠᠶᠠᠷ ᠤᠨ ᠡᠳᠦᠷ ᠬᠦᠷᠴᠦ ᠢᠷᠡᠯ᠎ᠡ᠃      ᠪᠠᠶᠠᠷ ᠤᠨ ᠡᠳᠦᠷ ᠪᠣᠯᠬᠤᠷ ᠪᠠᠭ᠋ᠠᠳᠤᠨ ᠳᠠᠭᠤᠯᠠᠬᠤ ᠨᠢ ᠵᠦᠢ᠃ ᠦᠨᠡᠨ ᠢ ᠬᠡᠯᠡᠪᠡᠯ ᠡᠨᠡ ᠳᠡᠯᠡᠬᠡᠢ ᠳᠤ ᠬᠥᠳᠡᠯᠮᠦᠷᠢ ᠠᠴᠠ ᠰᠠᠯᠤᠭᠰᠠᠨ ᠬᠥᠮᠥᠨ ᠭᠡᠵᠦ ᠠᠯᠠᠭ᠎ᠠ᠃ ᠲᠠᠷᠢᠶᠠᠨ ᠵᠠᠬ᠎ᠠ᠂ ᠲᠣᠭᠤᠯ ᠤᠨ ᠪᠡᠯᠴᠢᠭᠡᠷ᠂ ᠣᠰᠣᠨ ᠤ ᠳᠡᠷᠭᠡᠳᠡ᠂ ᠠᠭᠤᠷᠬᠠᠢ ᠶᠢᠨ ᠬᠤᠳᠳᠤᠭ ᠁ ᠲᠤ ᠠᠵᠢᠯ ᠬᠥᠳᠡᠯᠮᠦᠷᠢ ᠶᠢᠨ ᠤᠶᠠᠩᠭ᠎ᠠ ᠳᠠᠭᠤᠤ ᠬᠠᠩᠭᠢᠨᠠᠵᠤ᠂ ᠠᠮᠢᠳᠤᠷᠠᠯ ᠲᠡᠮᠡᠴᠡᠯ ᠤᠨ ᠦᠵᠡᠮᠵᠢ ᠵᠢᠷᠤᠭ ᠦᠷᠭᠦᠯᠵᠢᠯᠡᠭᠰᠡᠭᠡᠷ᠃ ᠶᠡᠷᠦ ᠨᠢ ᠲᠠᠷᠢᠬᠢ ᠪᠠᠨ ᠭᠠᠰᠢᠯᠲᠠᠯ᠎ᠠ ᠪᠤᠲᠣᠵᠦ᠂ ᠴᠢᠮᠦᠭᠡ ᠪᠠᠨ ᠳᠤᠨᠳᠠᠷᠠᠲᠠᠯ᠎ᠠ ᠵᠢᠳᠬᠦᠵᠦ ᠲᠡᠰᠪᠦᠷᠢ ᠲᠡᠪᠴᠢᠶᠡᠷᠢ ᠰᠢᠯᠭᠠᠬᠤ ᠬᠥᠳᠡᠯᠮᠦᠷᠢ ᠨᠢ ᠴᠠᠭ ᠵᠠᠪ ᠵᠠᠷᠤᠴᠠᠭᠤᠯᠤᠨ ᠴᠢᠳᠠᠯ ᠲᠠᠷ ᠰᠢᠯᠭᠠᠵᠤ ᠰᠥᠰᠥ ᠠᠮᠲᠠᠯᠠᠬᠤ ᠮᠡᠲᠦ ᠭᠠᠰᠢᠭᠤᠨ ᠪᠠᠶᠢᠳᠠᠭ ᠪᠣᠯᠪᠠᠴᠤ ᠡᠷᠭᠢᠴᠡᠭᠦᠯᠦᠨ ᠰᠠᠨᠠᠬᠤ ᠳᠤ ᠬᠠᠷᠢᠨ ᠵᠥᠭᠡᠢ ᠶᠢᠨ ᠪᠠᠯ ᠮᠡᠲᠦ ᠠᠮᠲᠠᠲᠠᠢ ᠪᠠᠶᠢᠳᠠᠭ ᠠᠵᠢ᠃      ︽ᠬᠥᠳᠡᠯᠮᠦᠷᠢ ᠬᠥᠮᠥᠨ ᠢ ᠪᠦᠲᠦᠭᠡᠭᠰᠡᠨ︾ ᠭᠡᠵᠦ ᠬᠢᠴᠢᠶᠡᠯ ᠤᠨ ᠪᠢᠴᠢᠭ ᠲᠤ ᠵᠢᠭᠠᠳᠠᠭ᠃ ᠡᠪᠦᠭᠡᠴᠦᠦᠯ ᠪᠠᠰᠠ ᠬᠥᠳᠡᠯᠮᠦᠷᠢ ᠬᠥᠮᠥᠨ ᠢ ᠭᠤᠮᠣᠳᠠᠭᠠᠳᠠᠭ ᠦᠭᠡᠢ ᠭᠡᠵᠦ ᠥᠭᠦᠯᠡᠵᠦ ᠵᠠᠬᠢᠳᠠᠭ᠃ ᠲᠡᠶᠢᠮᠦ ᠠ᠋᠂ ᠠᠮᠢ ᠵᠢᠭᠤᠬᠤ ᠳᠤ ᠠᠵᠢᠯ ᠬᠥᠳᠡᠯᠮᠦᠷᠢ ᠱᠠᠭᠠᠷᠳᠠᠨ᠎ᠠ᠂ ᠠᠵᠠ ᠵᠢᠷᠭᠠᠯ ᠳᠤ ᠬᠦᠷᠬᠦ ᠳᠤ ᠴᠦ ᠠᠵᠢᠯ ᠬᠥᠳᠡᠯᠮᠦᠷᠢ ᠬᠡᠷᠡᠭ ᠲᠠᠢ᠃ ᠶᠠᠭ ᠡᠶᠢᠮᠦ ᠠᠴᠠ ᠪᠢᠳᠡ ᠡᠳᠦᠷᠵᠢᠨ ᠠᠵᠢᠯ ᠬᠥᠳᠡᠯᠮᠦᠷᠢ ᠬᠢᠵᠦ ᠵᠢᠳᠬᠦᠭᠰᠡᠭᠡᠷ᠃ ᠲᠠᠷᠢᠬᠤ᠂ ᠠᠷᠠᠴᠢᠯᠠᠬᠤ᠂ ᠰᠤᠷᠤᠯᠴᠠᠬᠤ᠂ ᠰᠤᠳᠤᠯᠬᠤ᠂ ᠪᠢᠴᠢᠬᠦ᠂ ᠵᠢᠷᠤᠬᠤ ᠁ ᠭᠡᠵᠦ ᠪᠦᠷ ᠯᠡ ᠪᠡᠶ᠎ᠡ ᠶᠢᠨ ᠬᠥᠳᠡᠯᠮᠦᠷᠢ ᠪᠠ ᠣᠶᠣᠨ ᠤ ᠬᠥᠳᠡᠯᠮᠦᠷᠢ ᠶᠢᠨ ᠨᠦᠭᠦᠭᠡ ᠨᠡᠷᠡᠶᠢᠳᠦᠯ᠃ ᠲᠡᠷᠡᠴᠢᠯᠡᠨ ᠡᠳᠦᠷ ᠲᠣᠲᠣᠮ ᠬᠡᠷᠡᠭᠰᠡᠬᠦ ᠡᠮᠬᠦ ᠠᠮᠤ᠂ ᠣᠭᠤᠴᠢ ᠤᠰᠤ ᠠᠴᠠ ᠡᠬᠢᠯᠡᠭᠡᠳ ᠰᠠᠭᠤᠬᠤ ᠭᠡᠷ᠂ ᠵᠢᠯᠤᠭᠤᠳᠬᠤ ᠮᠠᠰᠢᠨ᠂ ᠤᠩᠰᠢᠬᠤ ᠨᠣᠮ ᠁ ᠭᠦᠷᠲᠡᠯ᠎ᠡ ᠪᠦᠷ ᠬᠥᠳᠡᠯᠮᠦᠷᠢ ᠵᠢᠳᠬᠦᠯ ᠤᠨ ᠰᠣᠶᠣᠷᠬᠠᠭᠰᠠᠨ ᠬᠡᠰᠢᠭ ᠬᠦᠷᠲᠡᠭᠡᠯ ᠪᠣᠯᠬᠤ ᠶᠤᠮ᠃      ᠠᠵᠢᠯ ᠬᠥᠳᠡᠯᠮᠦᠷᠢ ᠪᠣᠯ ᠠᠵᠠ ᠵᠢᠷᠭᠠᠯ ᠤᠨ ᠱᠠᠲᠤ ᠳᠡᠭᠲᠡᠷ ᠪᠣᠯᠬᠤ ᠶᠤᠮ᠃ ᠠᠵᠢᠯ ᠬᠥᠳᠡᠯᠮᠦᠷᠢ ᠭᠡᠵᠦ ᠠᠪᠤᠨ ᠬᠡᠯᠡᠬᠦ ᠳᠤ ᠬᠤᠶᠠᠷᠬᠠᠨ ᠦᠭᠡ ᠲᠡᠳᠦᠢ ᠴᠦ ᠬᠦᠨᠳᠦ ᠶᠢᠨ ᠵᠢᠩ ᠨᠢ  ᠶᠡᠭᠡ᠃ ᠬᠥᠳᠡᠯᠮᠦᠷᠢ ᠳᠤ ᠳᠠᠳᠴᠤ ᠴᠠᠭᠠᠷᠠᠭᠰᠠᠨ ᠬᠥᠮᠥᠨ ᠬᠦᠴᠦ ᠲᠠᠢ᠂ ᠪᠢᠷ᠎ᠠ ᠲᠠᠢ᠂ ᠰᠦᠷ ᠲᠠᠢ᠂ ᠤᠬᠠᠭᠠᠨ ᠲᠠᠢ᠃ ᠪᠠᠭ᠎ᠠ ᠠᠴᠠ ᠬᠡᠯᠡᠪᠡᠯ ᠲᠡᠷᠡ ᠨᠢ ᠬᠤᠪᠢ ᠬᠥᠮᠥᠨ ᠤ ᠣᠷᠣᠰᠢᠨ ᠲᠣᠭᠲᠠᠨᠢᠯ᠂ ᠠᠵᠤ ᠲᠦᠷᠦᠭᠦ ᠲᠠᠢ ᠬᠤᠯᠪᠣᠭᠳᠠᠵᠤ᠂ ᠶᠡᠭᠡ ᠠᠴᠠ ᠶᠠᠷᠢᠪᠠᠯ ᠤᠯᠤᠰ ᠣᠷᠣᠨ ᠤ ᠬᠥᠭᠵᠢᠯᠲᠡ ᠲᠣᠭᠲᠠᠭᠤᠨ  ᠲᠠᠢ ᠬᠤᠯᠪᠣᠭᠳᠠᠳᠠᠭ᠃ ᠨᠡᠩ ᠴᠢᠨᠠᠭᠰᠢᠯᠠᠨ ᠬᠥᠮᠥᠨ ᠲᠥᠷᠥᠯᠬᠢᠲᠡᠨ ᠤ ᠪᠣᠯᠪᠠᠰᠤᠨ ᠤ ᠤᠷᠤᠭᠰᠢᠯᠠᠯ ᠲᠠᠪᠰᠢᠯᠳᠠ ᠭᠦᠷᠳᠡᠯ᠎ᠡ ᠬᠥᠳᠡᠯᠮᠦᠷᠢ ᠠᠴᠠ ᠰᠠᠯᠵᠤ ᠴᠢᠳᠠᠰᠢ ᠦᠭᠡᠢ᠃ ᠠᠵᠢᠯ ᠬᠥᠳᠡᠯᠮᠦᠷᠢ ᠠᠴᠠ ᠵᠠᠶᠢᠳᠠᠭᠰᠠᠨ ᠬᠥᠮᠥᠨ ᠳᠤ ᠠᠵᠠ ᠵᠢᠷᠭᠠᠯ ᠭᠡᠵᠦ ᠶᠠᠭᠤ ᠶᠠᠷᠢᠭᠰᠠᠨ ᠴᠦ ᠭᠤᠨᠵᠢ ᠶᠢᠨ ᠵᠣᠭᠤᠭ᠃ ᠬᠠᠷᠢᠨ ᠠᠵᠢᠯ ᠳᠠᠭᠠᠨ ᠰᠢᠮᠳᠠᠵᠤ ᠬᠥᠳᠡᠯᠮᠦᠷᠢ ᠳᠡᠭᠡᠨ ᠴᠠᠭᠠᠷᠠᠪᠠᠯ ᠠᠮᠢᠳᠤᠷᠠᠯ ᠢᠶᠠᠨ ᠥᠭᠡᠳᠡ ᠲᠠᠲᠠᠵᠤ᠂ ᠠᠮᠵᠢᠯᠲᠠ ᠶᠢᠨ ᠣᠷᠭᠢᠯ ᠳᠤ ᠬᠦᠷᠬᠦ ᠨᠢ ᠯᠠᠪᠲᠠᠢ᠃ ᠡᠷᠲᠡᠨ ᠤ ᠭᠦᠨ ᠤᠬᠠᠭᠠᠨᠲᠠᠨ ᠰᠣᠺᠷᠠᠲ ᠶᠢᠨ ᠥᠭᠦᠯᠡᠭᠰᠡᠨ᠄︽ᠠᠵᠠ ᠵᠢᠷᠭᠠᠯ ᠳᠤ ᠬᠦᠷᠬᠦ ᠡᠬᠢᠨ ᠤ ᠱᠠᠲᠤ ᠪᠣᠯ ᠡᠷᠡᠭᠦᠯ ᠮᠡᠨᠲᠦ᠂ᠳᠠᠷᠠᠭᠠᠬᠢ ᠨᠢ  ᠪᠣᠯ ᠠᠵᠢᠯ ᠬᠥᠳᠡᠯᠮᠦᠷᠢ︾ ᠭᠡᠰᠡᠨ ᠨᠢ ᠮᠥᠨ ᠡᠭᠦᠨ ᠢ ᠵᠢᠭᠠᠭᠰᠠᠨ ᠤᠳᠬ᠎ᠠ ᠪᠢᠵᠡ᠃      ︽ᠬᠠᠯᠠᠭᠤᠨ ᠨᠠᠷᠠᠨ ᠳᠤ ᠲᠠᠷᠢᠶ᠎ᠠ ᠠᠷᠴᠢᠬᠤᠶ᠎ᠠ᠂ ᠬᠠᠷ᠎ᠠ ᠬᠥᠯᠥᠰᠦ ᠴᠢᠪ ᠴᠢᠪ ᠲᠣᠰᠣᠯᠠᠮᠣᠢ᠂ ᠬᠠᠯᠪᠠᠭᠠᠨ ᠳᠠᠬᠢ ᠮᠥᠬᠦᠯᠢᠭ ᠠᠮᠤ ᠶᠢᠨ ᠬᠠᠯᠠᠰᠢᠷᠠᠯ ᠵᠣᠪᠠᠯᠠᠩ ᠢ ᠬᠡᠨ ᠮᠡᠳᠡᠬᠦ ᠠᠵᠢ︾ ᠭᠡᠰᠡᠨ ᠮᠢᠩᠭᠠᠨ ᠵᠢᠯ ᠤᠨ ᠡᠮᠦᠨ᠎ᠡ ᠪᠢᠴᠢᠭᠰᠡᠨ ᠰᠢᠯᠦᠭ ᠤᠨ ᠮᠥᠷ ᠪᠠᠳᠠᠭ ᠢ ᠥᠨᠥᠳᠥᠷ ᠤᠩᠰᠢᠬᠤ ᠳᠤ ᠮᠥᠨ ᠢᠯᠴᠢ ᠭᠡᠷᠡᠯ ᠨᠢ ᠪᠠᠳᠠᠷᠠᠭᠰᠠᠭᠠᠷ᠃ ᠬᠥᠳᠡᠯᠮᠦᠷᠢ ᠥᠩᠭᠡ ᠭᠡᠷᠡᠯ ᠲᠠᠢ᠃ ᠬᠥᠳᠡᠯᠮᠦᠷᠢ ᠨᠢ ᠬᠥᠮᠥᠨ ᠢ ᠪᠦᠲᠦᠭᠡᠭᠰᠡᠨ ᠲᠡᠳᠦᠢ ᠦᠭᠡᠢ ᠪᠠᠰᠠ ᠬᠥᠮᠥᠨ ᠢ ᠥᠪᠰᠢᠭᠦᠯᠦᠨ ᠬᠥᠷᠥᠩᠭᠡᠵᠢᠭᠦᠯᠵᠦ ᠥᠨᠥᠳᠥᠷ ᠲᠤ ᠬᠦᠷᠭᠡᠭᠰᠡᠨ ᠪᠢᠯᠡ᠃ ᠡᠨᠡ ᠬᠦ ᠶᠣᠰᠣᠨ ᠠᠴᠠ ᠥᠭᠦᠯᠡᠪᠡᠯ ᠬᠥᠮᠥᠨ ᠲᠥᠷᠥᠯᠬᠢᠲᠡᠨ ᠤ ᠲᠡᠦᠬᠡ ᠪᠣᠯ ᠬᠥᠳᠡᠯᠮᠦᠷᠢ ᠶᠢᠨ ᠲᠡᠦᠬᠡ ᠪᠣᠯᠬᠤ ᠪᠥᠭᠡᠳ ᠬᠥᠳᠡᠯᠮᠦᠷᠢ ᠭᠡᠬᠦ ᠭᠠᠶᠢᠬᠠᠮᠰᠢᠭᠲᠤ ᠬᠦᠴᠦᠨ ᠨᠢ ᠬᠥᠮᠥᠨ ᠲᠥᠷᠥᠯᠬᠢᠲᠡᠨ ᠤ ᠲᠡᠦᠬᠡ ᠶᠢᠨ ᠬᠦᠷᠳᠦ ᠶᠢ ᠲᠦᠯᠬᠢᠨ ᠤᠷᠤᠭᠰᠢᠯᠠᠭᠤᠯᠵᠤ ᠢᠷᠡᠭᠰᠡᠨ ᠤᠴᠢᠷᠲᠠᠢ᠃      ᠠᠵᠢᠯ ᠬᠥᠳᠡᠯᠮᠦᠷᠢ ᠠᠯᠢᠪᠠ ᠬᠥᠮᠥᠨ ᠢ ᠥᠭᠡᠳᠡ ᠲᠠᠲᠠᠨ᠎ᠠ᠃ ᠬᠥᠳᠡᠯᠮᠦᠷᠢ ᠠᠴᠠ ᠬᠥᠮᠥᠰ ᠠᠮᠢᠳᠤᠷᠠᠯ ᠤᠨ ᠠᠷᠭ᠎ᠠ ᠲᠤᠷᠰᠢᠯᠭ᠎ᠠ ᠬᠤᠷᠠᠮᠳᠤᠭᠤᠯᠵᠤ᠂ ᠢᠷᠡᠭᠡᠳᠦᠢ ᠳᠤ ᠵᠠᠯᠭᠠᠬᠤ ᠨᠥᠭᠡᠴᠡ ᠬᠦᠴᠦᠨ ᠰᠡᠯᠪᠢᠳᠡᠭ᠃ ᠮᠣᠩᠭᠤᠯ ᠠᠷᠠᠳ ᠤᠨ ᠦᠭᠡᠨ ᠳᠤ ︽ᠵᠦᠭᠡᠷ ᠰᠠᠭᠤᠬᠤ ᠪᠠᠷ ᠵᠦᠯᠭᠦᠵᠦ ᠰᠠᠭᠤ︾︽ᠣᠷᠣᠯᠲᠣᠪᠠᠯ ᠨᠢᠭᠡ ᠶᠢ ᠰᠤᠷᠴᠤ᠂ ᠣᠷᠣᠯᠲᠣᠪᠠᠯ ᠨᠢᠭᠡ ᠶᠢ ᠲᠡᠷᠢᠭᠦᠯᠡᠳᠡᠭ︾ᠭᠡᠲᠡᠭ ᠪᠥᠭᠡᠳ ᠲᠡᠷᠡ ᠨᠢ ᠭᠠᠭᠴᠠᠬᠦ ᠬᠥᠳᠡᠯᠮᠦᠷᠢ ᠪᠣᠯ ᠰᠠᠶ᠋ᠢ ᠬᠥᠮᠥᠰ ᠤᠨ ᠰᠠᠨᠠᠭᠠᠨ ᠳᠤ ᠣᠷᠣᠭᠰᠠᠨ ᠵᠦᠢᠯ ᠢ ᠰᠢᠭᠤᠳ ᠪᠦᠲᠦᠭᠡᠬᠦ ᠰᠢᠳᠢ ᠲᠠᠢ ᠪᠠᠶᠢᠵᠤ᠂ ᠬᠦᠰᠡᠯ ᠮᠥᠷᠥᠭᠡᠳᠦᠯ ᠪᠣᠯᠣᠨ ᠪᠣᠳᠠᠲᠤ ᠠᠬᠤᠢ ᠶᠢ ᠬᠤᠯᠪᠣᠳᠠᠭ ᠭᠡᠰᠡᠨ ᠤᠴᠢᠷ ᠢ ᠵᠢᠭᠠᠵᠤ ᠪᠠᠶᠢᠭ᠎ᠠ ᠶᠤᠮ᠃ ᠲᠡᠭᠡᠭᠦ ᠳᠡᠭᠡᠨ ᠣᠶᠢᠭ᠎ᠠ ᠦᠭᠡᠢ ᠣᠷᠣᠯᠳᠣᠯᠭ᠎ᠠ ᠬᠥᠳᠡᠯᠮᠦᠷᠢ ᠠᠴᠠ ᠰᠠᠶ᠋ᠢ ᠠᠯᠳᠠᠷ ᠢᠶᠠᠨ ᠮᠥᠩᠬᠡᠯᠡᠭᠰᠡᠨ ᠰᠤᠤᠲᠤ ᠬᠥᠮᠥᠰ ᠮᠡᠨᠳᠦᠯᠡᠳᠡᠭ ᠤᠴᠢᠷ ᠲᠠᠢ ᠪᠢᠯᠡ᠃      ᠠᠵᠢᠯ ᠬᠥᠳᠡᠯᠮᠦᠷᠢ ᠠᠮᠵᠢᠯᠲᠠ ᠲᠡᠶᠢᠰᠢ ᠬᠥᠲᠥᠯᠵᠦ᠂ ᠬᠥᠳᠡᠯᠮᠦᠷᠢ ᠵᠢᠳᠬᠦᠯ ᠬᠦᠨᠳᠦᠳᠬᠡᠯ ᠳᠤ ᠵᠠᠯᠠᠨ᠎ᠠ᠃ ᠵᠥᠪᠬᠡᠨ ᠲᠠᠪᠤᠨ ᠰᠠᠷ᠎ᠠ ᠶᠢᠨ ᠨᠢᠭᠡᠨ ᠲᠡᠳᠦᠢ ᠪᠢᠰᠢ ᠭᠤᠷᠪᠠᠨ ᠵᠠᠭᠤ ᠵᠢᠷᠠᠨ ᠲᠠᠪᠤᠨ ᠬᠤᠨᠤᠭ ᠪᠣᠯᠭᠠᠨ ᠬᠥᠳᠡᠯᠮᠦᠷᠢᠴᠢᠳ ᠭᠡᠬᠦ ᠬᠦᠨᠳᠦᠳᠬᠡᠯ ᠤᠨ ᠦᠭᠡᠨ ᠳᠤ ᠴᠢᠮᠡᠭ ᠲᠣᠳᠣᠳᠬᠠᠯ ᠨᠡᠮᠡᠭᠰᠡᠨ ᠪᠠᠶᠠᠷ ᠤᠨ ᠡᠳᠦᠷ ᠪᠠᠶᠢᠭᠠᠰᠠᠢ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ