ᠤᠯᠠᠮᠵᠢᠯᠠᠯᠲᠤ ᠬᠡᠦᠬᠡᠳ ᠤᠨ ᠲᠣᠭᠯᠠᠭᠠᠮ - ᠤᠲᠠᠰᠤ ᠭᠤᠬᠠᠳᠠᠬᠤ
ᠨᠡᠶᠢᠲᠡᠯᠡᠭᠰᠡᠨ ᠴᠠᠭ᠄
2023/6/7
      ᠡᠨᠡ ᠲᠣᠭᠯᠠᠭᠠᠮ ᠢ ᠬᠤᠶᠠᠷ ᠬᠥᠮᠥᠨ ᠨᠠᠭᠠᠳᠤᠨ᠎ᠠ᠂ ᠭᠤᠣᠯᠳᠠᠭᠤ ᠬᠡᠦᠬᠡᠨᠴᠦᠳ ᠲᠣᠭᠯᠠᠬᠤ ᠳᠤᠷᠠᠲᠠᠢ᠃ ᠬᠤᠶᠠᠷ ᠲᠣᠬᠤᠢ ᠢᠯᠡᠭᠦᠦ ᠤᠲᠠᠰᠤ ᠶᠢ ᠬᠤᠶᠠᠷ ᠦᠵᠦᠭᠦᠷ ᠢ ᠨᠢ ᠵᠠᠩᠭᠢᠯᠠᠵᠤ ᠪᠢᠲᠡᠭᠦᠯᠡᠭᠡᠳ᠂ ᠬᠤᠶᠠᠷ ᠭᠠᠷ ᠤᠨ ᠲᠦᠷᠪᠡᠨ ᠬᠤᠷᠤᠭᠤ ᠳᠠᠭᠠᠤ ᠲᠤᠰ ᠲᠤᠰ ᠨᠢᠭᠡ ᠣᠷᠢᠶᠠᠵᠤ᠂ ᠬᠤᠶᠠᠷ ᠳᠤᠮᠳᠠ ᠬᠤᠷᠤᠭᠤ ᠪᠠᠷ ᠡᠰᠡᠷᠭᠦ ᠲᠠᠯ᠎ᠠ ᠶᠢᠨ ᠠᠯᠠᠭᠠᠨ ᠳᠠᠬᠢ ᠤᠲᠠᠰᠤ ᠶᠢ ᠭᠤᠬᠠᠳᠠᠵᠤ ᠠᠪᠤᠪᠠᠯ ᠡᠷᠪᠡᠭᠡᠯᠵᠢ ᠳᠦᠷᠰᠦ ᠪᠦᠳᠦᠨ᠎ᠡ᠃ ᠡᠭᠦᠨ ᠢ ᠨᠦᠬᠦᠬᠡ ᠬᠡᠦᠬᠡᠳ ᠥᠭᠡᠷ᠎ᠡ ᠶᠠᠩᠵᠤ ᠪᠠᠷ ᠬᠤᠷᠤᠭᠤᠨ ᠳᠠᠭᠠᠨ ᠡᠯᠭᠦᠵᠦ ᠠᠪᠤᠪᠠᠯ ᠪᠠᠰᠠ ᠥᠭᠡᠷ᠎ᠡ ᠳᠦᠷᠰᠦ ᠪᠦᠳᠦᠨ᠎ᠡ᠃ ᠢᠩᠭᠢᠵᠦ ᠡᠭᠡᠯᠵᠢᠯᠡᠨ ᠭᠤᠬᠠᠳᠠᠵᠤ ᠠᠪᠬᠤ ᠳᠤ ᠤᠯᠠᠨ ᠶᠠᠩᠵᠤ ᠶᠢᠨ ᠬᠡᠯᠪᠡᠷᠢ ᠳᠦᠷᠰᠦ ᠪᠠᠷ ᠬᠤᠪᠢᠷᠠᠳᠠᠭ᠃ ᠡᠳᠡᠭᠡᠷ ᠢ ᠡᠷᠪᠡᠭᠡᠯᠵᠢ᠂ ᠬᠠᠭᠠᠯᠭ᠎ᠠ᠂ ᠣᠩᠭᠤᠴᠠ᠂ ᠬᠠᠨ᠎ᠠ᠂ ᠬᠠᠶᠢᠴᠢ᠂᠂᠂᠂᠂ ᠭᠡᠬᠦ ᠮᠡᠲᠦ ᠪᠠᠷ ᠨᠡᠷᠡᠯᠡᠳᠡᠭ᠃ ᠡᠨᠡ ᠲᠣᠭᠯᠠᠭᠠᠮ ᠢ ᠲᠣᠭᠯᠠᠬᠤ ᠳᠤ ᠲᠠᠪᠤᠨ ᠬᠤᠷᠤᠭᠤ ᠴᠥᠮ ᠣᠷᠤᠯᠴᠠᠬᠤ ᠪᠠ ᠤᠷ᠎ᠠ ᠲᠡᠮ ᠬᠡᠷᠡᠭᠰᠡᠨ᠎ᠡ᠃    
ᠢᠷᠡᠯᠲᠡ᠄ ︽ᠲᠠᠯ᠎ᠠ ᠨᠤᠲᠤᠭ ᠤᠨ ᠨᠡᠭᠦᠳᠡᠯ ᠰᠣᠶᠣᠯ ᠤᠨ ᠪᠡᠯᠭᠡ ᠲᠡᠮᠳᠡᠭ︾ ᠴᠤᠪᠤᠷᠠᠯ ᠪᠢᠴᠢᠭ - ᠲᠠᠶᠢᠹᠤᠰᠧ ᠬᠤᠰᠢᠭᠤ