ᠮᠣᠷᠢᠨ ᠤ ᠲᠤᠬᠠᠢ ᠮᠡᠳᠡᠯᠭᠡ ᠶᠢ ᠶᠠᠷᠢᠬᠤᠢ
ᠨᠡᠶᠢᠲᠡᠯᠡᠭᠰᠡᠨ ᠴᠠᠭ᠄
2023/7/13
      ᠨᠢᠭᠡ᠂ ᠮᠣᠷᠢᠨ ᠤ ᠶᠠᠪᠤᠳᠠᠯ ᠤᠨ ᠲᠤᠬᠠᠢ            ᠮᠣᠷᠢᠨ ᠳᠤ ᠪᠠᠭᠠᠲᠠᠢ ᠮᠣᠩᠭᠤᠯᠴᠤᠳ ᠰᠠᠶᠢᠨ ᠮᠠᠭᠤ ᠮᠣᠷᠢ ᠶᠢ ᠶᠠᠪᠤᠳᠠᠯ ᠢᠶᠠᠷ ᠨᠢ ᠰᠢᠨᠵᠢᠳᠡᠭ᠃ ᠮᠣᠷᠢᠨ ᠤ ᠶᠠᠪᠤᠳᠠᠯ ᠳᠤ ᠤᠷᠠᠨ ᠶᠠᠪᠤᠳᠠᠯ᠂ ᠡᠩ ᠤᠨ ᠶᠠᠪᠤᠳᠠᠯ ᠭᠡᠵᠦ ᠬᠤᠶᠠᠷ ᠵᠦᠢᠯ ᠪᠠᠶᠢᠵᠤ᠂ ᠤᠷᠠᠨ ᠶᠠᠪᠤᠳᠠᠯ ᠳᠤ ᠵᠢᠷᠤᠭ᠎ᠠ᠂ ᠰᠠᠶᠢᠪᠤᠷ᠂ ᠬᠤᠸᠠᠷ ᠬᠠᠳᠤᠷᠢᠶ᠎ᠠ ᠪᠠᠭᠲᠠᠭᠳᠠᠵᠤ᠂ ᠡᠩ ᠤᠨ ᠶᠠᠪᠤᠳᠠᠯ ᠳᠤ ᠱᠣᠭᠰᠢᠶ᠎ᠠ᠂ ᠬᠠᠳᠤᠷᠢᠶ᠎ᠠ᠂ ᠳᠠᠪᠬᠢᠭ᠎ᠠ᠂ ᠠᠯᠬᠤᠭ᠎ᠠ᠂ ᠰᠡᠭᠡᠯᠭᠡ ᠮᠡᠲᠦ ᠪᠣᠢ᠃            ᠵᠢᠷᠤᠭ᠎ᠠ - ᠵᠢᠷᠤᠭ᠎ᠠ ᠪᠣᠯ ᠮᠣᠷᠢᠨ ᠤ ᠬᠠᠮᠤᠭ ᠰᠠᠶᠢᠨ ᠶᠠᠪᠤᠳᠠᠯ ᠪᠣᠯᠣᠨ᠎ᠠ᠃ ᠵᠢᠷᠤᠭ᠎ᠠ ᠮᠣᠷᠢᠨ ᠤ ᠥᠷᠥᠭᠡᠯ ᠬᠤᠶᠠᠷ ᠬᠥᠯ ᠨᠢ ᠵᠡᠷᠭᠡ ᠪᠠᠷ ᠲᠤᠰᠬᠤ ᠲᠤᠯᠠ ᠨᠢᠭᠡ ᠠᠯᠬᠤᠮ ᠳᠤ ᠬᠤᠶᠠᠷ ᠲᠤᠭᠤᠷᠠᠢ ᠶᠢᠨ ᠳᠠᠭᠤᠨ ᠭᠠᠷᠬᠤ ᠪᠥᠭᠡᠳ ᠠᠯᠬᠤᠮ ᠪᠦᠷᠢ ᠶᠢᠨ ᠵᠠᠢ ᠪᠣᠯᠣᠨ ᠲᠤᠰᠤᠯᠲᠠ ᠨᠢ ᠵᠢᠭᠳᠡ ᠪᠠᠶᠢᠳᠠᠭ ᠲᠤᠯᠠ ᠲᠤᠭᠤᠷᠠᠢ ᠶᠢᠨ ᠳᠠᠭᠤ ᠨᠢ ᠵᠢᠭᠳᠡ ᠰᠣᠨᠣᠰᠳᠠᠬᠤ ᠮᠥᠷᠲᠡᠭᠡᠨ ᠮᠣᠷᠢᠨ ᠤ ᠨᠢᠷᠤᠭᠤ ᠵᠡᠭᠦᠨᠰᠢ ᠪᠠᠷᠠᠭᠤᠨᠰᠢ ᠪᠠᠭ᠎ᠠ ᠰᠠᠭ᠎ᠠ ᠬᠡᠯᠪᠡᠯᠵᠡᠬᠦ ᠠᠴᠠ ᠪᠢᠰᠢ ᠳᠡᠭᠡᠭᠰᠢ ᠳᠣᠭᠤᠭᠰᠢ ᠳᠡᠮᠡᠢ ᠬᠥᠳᠡᠯᠬᠦ ᠦᠭᠡᠢ ᠪᠠᠶᠢᠳᠠᠭ᠃ ᠳᠣᠣᠭᠤᠷ ᠵᠢᠷᠤᠭ᠎ᠠ ᠪᠠᠷ ᠶᠠᠪᠤᠭᠤᠯᠬᠤ ᠳᠤ ᠮᠣᠷᠢᠨ ᠤ ᠲᠥᠷᠪᠡᠨ ᠲᠤᠭᠤᠷᠠᠢ ᠨᠢ ᠪᠠᠷᠤᠭ ᠨᠢᠭᠡ ᠰᠢᠯᠤᠭᠤᠨ ᠳᠡᠭᠡᠷ᠎ᠡ ᠲᠤᠰᠤᠨ᠎ᠠ᠃ ᠭᠡᠲᠡᠯ᠎ᠡ ᠰᠤᠨᠤᠮ᠎ᠠ ᠵᠢᠷᠤᠭ᠎ᠠ ᠪᠠᠷ ᠶᠠᠪᠤᠭᠤᠯᠬᠤ ᠳᠤ ᠲᠥᠷᠪᠡᠨ ᠲᠤᠭᠤᠷᠠᠢ ᠨᠢ ᠬᠤᠶᠠᠷ ᠰᠢᠯᠤᠭᠤᠨ ᠳᠡᠭᠡᠷ᠎ᠡ ᠲᠤᠰᠤᠨ᠎ᠠ᠃ ᠰᠤᠨᠤᠮ᠎ᠠ ᠵᠢᠷᠤᠭ᠎ᠠ ᠮᠢᠨᠦ᠋ᠲ ᠪᠦᠷᠢ ᠪᠠᠷᠤᠭ 1500  ᠶᠠᠪᠤᠨ᠎ᠠ᠃ ᠵᠢᠷᠤᠭ᠎ᠠ ᠶᠠᠪᠤᠳᠠᠯ ᠳᠤ ᠳᠣᠣᠭᠤᠷ ᠵᠢᠷᠤᠭ᠎ᠠ᠂ ᠲᠡᠮᠡᠭᠡᠨ ᠵᠢᠷᠤᠭ᠎ᠠ᠂ ᠲᠡᠯᠢᠮ ᠵᠢᠷᠤᠭ᠎ᠠ᠂ ᠤᠰᠤᠨ ᠵᠢᠷᠤᠭ᠎ᠠ᠂ ᠤᠨᠠᠭᠠᠨ ᠵᠢᠷᠤᠭ᠎ᠠ᠂ ᠬᠤᠨᠢᠨ ᠵᠢᠷᠤᠭ᠎ᠠ᠂ ᠰᠠᠯᠭ᠎ᠠ ᠵᠢᠷᠤᠭ᠎ᠠ᠂ ᠰᠤᠨᠤᠮ᠎ᠠ ᠵᠢᠷᠤᠭ᠎ᠠ ᠭᠡᠵᠦ ᠪᠣᠢ᠃ ᠵᠢᠷᠤᠭ᠎ᠠ ᠶᠠᠪᠤᠳᠠᠯ ᠨᠢ ᠮᠣᠷᠢᠨ ᠤ ᠲᠥᠷᠪᠡᠨ ᠮᠦ᠋ᠴᠢ ᠪᠣᠯᠣᠨ ᠰᠢᠭᠢᠷ᠎ᠡ ᠶᠢ ᠴᠢᠭᠢᠷᠠᠭᠵᠢᠭᠤᠯᠳᠠᠭ᠃            ᠰᠠᠶᠢᠪᠤᠷ - ᠰᠠᠶᠢᠪᠤᠷ ᠲᠤ ᠵᠠᠮ ᠤᠨ ᠰᠠᠶᠢᠪᠤᠷ᠂ ᠳᠡᠭᠡᠭᠦᠷ ᠰᠠᠶᠢᠪᠤᠷ᠂ ᠡᠯᠭᠦᠭᠡ ᠰᠠᠶᠢᠪᠤᠷ ᠭᠡᠵᠦ ᠪᠣᠢ᠃  ᠮᠧᠲᠷ           ᠱᠣᠭᠰᠢᠶ᠎ᠠ - ᠱᠣᠭᠰᠢᠶ᠎ᠠ ᠪᠣᠯ ᠲᠠᠰᠢᠭᠤ ᠱᠤᠭᠤᠮ ᠢᠶᠠᠷ ᠤᠷᠢᠳᠤ ᠬᠤᠶᠢᠲᠤ ᠬᠥᠯ ᠠᠳᠠᠯᠢᠬᠠᠨ ᠤᠷᠤᠭᠰᠢᠯᠠᠵᠤ ᠬᠠᠷᠢᠯᠴᠠᠨ ᠡᠭᠡᠯᠵᠢᠯᠡᠵᠦ᠂ ᠨᠢᠭᠡ ᠠᠯᠬᠤᠮ ᠳᠤ ᠬᠤᠶᠠᠷ ᠲᠤᠭᠤᠷᠠᠢ ᠶᠢᠨ ᠳᠠᠭᠤᠨ ᠰᠣᠨᠣᠰᠳᠠᠨ᠎ᠠ᠃ ᠮᠢᠨᠦᠲ ᠪᠦᠷᠢ ᠪᠠᠷᠤᠭ 220 ᠮᠧᠳ᠋ᠷ ᠶᠠᠪᠤᠳᠠᠭ᠃ ᠱᠣᠭᠰᠢᠶ᠎ᠠ ᠳᠤ ᠱᠣᠭᠰᠢᠶ᠎ᠠ᠂ ᠲᠣᠭᠰᠢᠶ᠎ᠠ᠂ ᠬᠠᠲᠠᠭᠤ ᠱᠣᠭᠰᠢᠶ᠎ᠠ᠂ ᠨᠣᠬᠠᠢ ᠱᠣᠭᠰᠢᠶ᠎ᠠ ᠭᠡᠵᠦ ᠪᠠᠶᠢᠵᠤ᠂ ᠱᠣᠭᠰᠢᠶ᠎ᠠ ᠨᠢ ᠮᠣᠷᠢᠨ ᠤ ᠪᠣᠯᠴᠢᠩ ᠶᠠᠰᠤ ᠦᠶ᠎ᠡ ᠮᠥᠴᠢ ᠡᠷᠬᠡᠲᠡᠨ ᠢ ᠴᠢᠩᠭᠠᠷᠠᠭᠤᠯᠳᠠᠭ᠃            ᠬᠠᠳᠤᠷᠢᠶ᠎ᠠ - ᠬᠠᠳᠤᠷᠢᠶ᠎ᠠ ᠶᠢᠨ ᠭᠢᠰᠬᠢᠬᠦ ᠨᠢ ᠱᠣᠭᠰᠢᠶ᠎ᠠ ᠲᠠᠢ ᠠᠳᠠᠯᠢ᠂ ᠰᠤᠪᠤᠭ᠎ᠠ ᠬᠠᠳᠤᠷᠢᠶ᠎ᠠ ᠪᠣᠯ ᠬᠠᠳᠤᠷᠢᠬᠤ ᠶᠢᠨ ᠣᠷᠭᠢᠯ ᠪᠣᠯᠣᠨ᠎ᠠ᠃ ᠰᠤᠪᠤᠭ᠎ᠠ ᠬᠠᠳᠤᠷᠢᠶ᠎ᠠ ᠮᠣᠷᠢᠨ ᠤ ᠲᠥᠷᠪᠡᠨ ᠲᠤᠭᠤᠷᠠᠢ ᠨᠢ ᠨᠢᠭᠡ ᠰᠢᠯᠤᠭᠤᠨ ᠳᠡᠭᠡᠷ᠎ᠡ ᠬᠤᠯᠠ ᠣᠶᠢᠷ᠎ᠠ ᠨᠢ ᠠᠳᠠᠯᠢ ᠴᠢᠭ ᠳᠡᠭᠡᠷ᠎ᠡ ᠭᠢᠰᠬᠢᠳᠡᠭ᠃ ᠡᠩ ᠤᠨ ᠪᠠᠶᠢᠳᠠᠯ ᠳᠤ ᠬᠠᠳᠤᠷᠢᠶ᠎ᠠ ᠴᠠᠭ ᠲᠤ 30 ᠰᠢᠬᠠᠮ ᠭᠠᠵᠠᠷ ᠶᠠᠪᠤᠳᠠᠭ᠃ ᠬᠠᠳᠤᠷᠢᠶ᠎ᠠ ᠳᠤ ᠬᠤᠸᠠᠷ ᠬᠠᠳᠤᠷᠢᠶ᠎ᠠ᠂ ᠳᠠᠶᠢᠪᠠᠭ᠎ᠠ ᠬᠠᠳᠤᠷᠢᠶ᠎ᠠ᠂ ᠰᠤᠪᠤᠭ᠎ᠠ ᠬᠠᠳᠤᠷᠢᠶ᠎ᠠ ᠭᠡᠵᠦ ᠪᠣᠢ᠃ ᠬᠠᠳᠤᠷᠢᠶ᠎ᠠ ᠨᠢ ᠮᠣᠷᠢᠨ ᠤ ᠨᠢᠷᠤᠭᠤ ᠶᠢ ᠴᠢᠭᠢᠷᠠᠭᠵᠢᠭᠤᠯᠳᠠᠭ᠃           ᠰᠡᠭᠡᠯᠭᠡ - ᠰᠡᠭᠡᠯᠭᠡ ᠪᠣᠯ ᠬᠤᠶᠢᠲᠤ ᠬᠤᠶᠠᠷ ᠬᠥᠯ ᠤᠨ ᠬᠦᠴᠦᠨ ᠳᠡᠭᠡᠷ᠎ᠡ ᠪᠡᠶ᠎ᠡ ᠪᠠᠨ ᠡᠷᠭᠦᠵᠦ᠂ ᠨᠢᠭᠡ ᠠᠯᠬᠤᠮ ᠳᠤ ᠭᠤᠷᠪᠠᠨ ᠲᠤᠭᠤᠷᠠᠢ ᠶᠢᠨ ᠳᠠᠭᠤᠨ ᠰᠣᠨᠣᠰᠳᠠᠬᠤ ᠪᠥᠭᠡᠳ ᠮᠢᠨᠦ᠋ᠲ ᠪᠦᠷᠢ 320 - 400 ᠰᠢᠬᠠᠮ ᠮᠧᠳ᠋ᠷ ᠶᠠᠪᠤᠨ᠎ᠠ᠃ ᠰᠡᠭᠡᠯᠭᠡ ᠳᠤ ᠬᠠᠲᠠᠭᠤ ᠰᠡᠭᠡᠯᠭᠡ᠂ ᠨᠣᠬᠠᠢ ᠰᠡᠭᠡᠯᠭᠡ᠂ ᠭᠤᠷᠪᠠᠨ ᠬᠥᠯ ᠤᠨ ᠰᠡᠭᠡᠯᠭᠡ ᠭᠡᠵᠦ ᠪᠠᠶᠢᠵᠤ᠂ ᠰᠡᠭᠡᠯᠭᠡ ᠨᠢ ᠮᠣᠷᠢᠨ ᠤ ᠠᠭᠤᠰᠬᠢ ᠵᠢᠷᠦᠬᠡ ᠶᠢ ᠰᠠᠶᠢᠵᠢᠷᠠᠭᠤᠯᠤᠨ᠎ᠠ᠃           ᠳᠠᠪᠬᠢᠭ᠎ᠠ - ᠳᠠᠪᠬᠢᠭ᠎ᠠ ᠪᠣᠯ ᠮᠣᠷᠢᠨ ᠤ ᠬᠤᠶᠢᠲᠤ ᠬᠤᠶᠠᠷ ᠬᠥᠯ ᠤᠨ ᠬᠦᠴᠦᠨ ᠳᠡᠭᠡᠷ᠎ᠡ ᠴᠡᠭᠡᠵᠢᠨ ᠪᠡᠶ᠎ᠡ ᠪᠠᠨ ᠡᠷᠭᠦᠵᠦ᠂ ᠡᠮᠦᠨ᠎ᠡ ᠬᠤᠶᠠᠷ ᠬᠥᠯ ᠢᠶᠠᠷ ᠢᠶᠠᠨ ᠬᠠᠮᠤᠵᠤ ᠨᠤᠮᠤᠳᠠᠬᠤ ᠬᠡᠯᠪᠡᠷᠢ ᠪᠠᠷ ᠶᠠᠪᠤᠳᠠᠭ᠃ ᠨᠢᠭᠡ ᠠᠯᠬᠤᠮ ᠳᠤ ᠬᠤᠶᠠᠷ ᠳᠠᠭᠤ ᠭᠠᠷᠳᠠᠭ᠃ ᠬᠠᠮᠤᠭ ᠬᠤᠷᠳᠤᠨ ᠳᠠᠭᠠᠨ ᠮᠢᠨᠦ᠋ᠲ ᠪᠦᠷᠢ ᠪᠠᠷᠤᠭ 1400 ᠮᠧᠳ᠋ᠷ ᠶᠠᠪᠤᠵᠤ᠂ ᠡᠩ ᠤᠨ ᠪᠠᠶᠢᠳᠠᠯ ᠳᠣᠣᠷ᠎ᠠ 5 ᠮᠢᠨᠦ᠋ᠲ ᠠᠴᠠ ᠢᠯᠡᠭᠦᠦ ᠳᠠᠪᠬᠢᠭᠤᠯᠵᠤ ᠪᠣᠯᠬᠤ ᠦᠭᠡᠢ᠃ ᠳᠠᠪᠬᠢᠭ᠎ᠠ ᠨᠢ ᠤᠶᠠᠭ᠎ᠠ ᠰᠤᠶᠢᠯᠠᠭ᠎ᠠ ᠲᠡᠩᠴᠡᠭᠰᠡᠨ ᠦᠶ᠎ᠡ ᠳᠤ ᠳᠠᠭᠠᠭᠠᠴᠠ ᠰᠠᠶᠢᠲᠠᠢ ᠪᠠᠶᠢᠳᠠᠭ᠃ ᠳᠠᠪᠬᠢᠭ᠎ᠠ ᠳᠤ ᠬᠤᠯᠠ ᠳᠠᠪᠬᠢᠭ᠎ᠠ᠂ ᠬᠥᠨᠲᠥᠷᠦᠭᠡ ᠳᠠᠪᠬᠢᠭ᠎ᠠ᠂ ᠵᠥᠭᠡᠯᠡᠨ ᠳᠠᠪᠬᠢᠭ᠎ᠠ᠂ ᠴᠣᠴᠢᠭᠤᠷ ᠳᠠᠪᠬᠢᠭ᠎ᠠ᠂ ᠰᠢᠷᠦᠭᠦᠨ ᠳᠠᠪᠬᠢᠭ᠎ᠠ ᠭᠡᠵᠦ ᠪᠣᠢ᠃           ᠠᠯᠬᠤᠭ᠎ᠠ - ᠠᠯᠬᠤᠭ᠎ᠠ ᠪᠣᠯ ᠮᠣᠷᠢᠨ ᠤ ᠬᠠᠮᠤᠭ ᠠᠩᠬᠠᠨ ᠤ ᠶᠠᠪᠤᠳᠠᠯ ᠪᠣᠯᠬᠤ ᠪᠥᠭᠡᠳ ᠲᠥᠷᠪᠡᠨ ᠲᠤᠭᠤᠷᠠᠢ ᠨᠢ ᠲᠤᠰ ᠲᠤᠰ ᠲᠠᠭᠠᠨ ᠭᠠᠵᠠᠷ ᠬᠦᠷᠬᠦ ᠲᠤᠯᠠ ᠠᠯᠬᠤᠮ ᠪᠦᠷᠢ ᠳᠤ ᠲᠥᠷᠪᠡᠨ ᠲᠤᠭᠤᠷᠠᠢ ᠶᠢᠨ ᠲᠠᠭᠤᠨ ᠭᠠᠷᠳᠠᠭ᠃ ᠠᠯᠬᠤᠭ᠎ᠠ ᠳᠤ ᠬᠠᠷ᠎ᠠ ᠠᠯᠬᠤᠭ᠎ᠠ᠂ ᠬᠡᠯᠳᠦᠷᠢᠶ᠎ᠡ ᠠᠯᠬᠤᠭ᠎ᠠ᠂ ᠭᠦᠶᠦᠮ᠎ᠡ ᠠᠯᠬᠤᠭ᠎ᠠ᠂ ᠲᠦᠷᠭᠡᠨ ᠠᠯᠬᠤᠭ᠎ᠠ ᠭᠡᠵᠦ ᠪᠣᠢ᠃ ᠠᠯᠬᠤᠭ᠎ᠠ ᠪᠣᠯ ᠮᠣᠷᠢᠨ ᠤ ᠪᠣᠯᠴᠢᠩ ᠤᠨ ᠴᠢᠳᠠᠯ ᠢ ᠨᠡᠮᠡᠭᠳᠡᠭᠦᠯᠦᠨ᠎ᠡ᠃            ᠬᠠᠷᠠᠶᠢᠯᠲᠠ - ᠬᠠᠷᠠᠶᠢᠯᠲᠠ ᠪᠣᠯ ᠮᠡᠷᠭᠡᠵᠢᠯ ᠤᠨ ᠶᠠᠪᠤᠳᠠᠯ᠃ ᠬᠠᠷᠰᠢ ᠰᠠᠭᠠᠳ ᠢ ᠲᠠᠪᠠᠨ ᠭᠡᠲᠦᠯᠬᠦ ᠦᠶ᠎ᠡ ᠳᠤ ᠶᠠᠪᠤᠭᠳᠠᠳᠠᠭ᠃ ᠬᠠᠷᠠᠶᠢᠯᠲᠠ ᠪᠣᠯ ᠳᠠᠪᠬᠢᠭ᠎ᠠ ᠶᠢᠨ ᠦᠨᠳᠦᠰᠦᠨ ᠰᠠᠭᠤᠷᠢ ᠳᠡᠭᠡᠷ᠎ᠡ ᠬᠤᠶᠢᠲᠤ ᠬᠥᠯ ᠢᠶᠠᠨ ᠬᠦᠴᠦᠯᠡᠨ ᠪᠡᠶ᠎ᠡ ᠪᠠᠨ ᠳᠡᠭᠡᠷ᠎ᠡ ᠡᠷᠭᠦᠵᠦ ᠤᠷᠢᠳᠤ ᠬᠥᠯ ᠢᠶᠠᠨ ᠤᠷᠤᠭᠰᠢ ᠡᠷᠭᠦᠨ ᠲᠠᠯᠪᠢᠬᠤ ᠠᠷᠭ᠎ᠠ ᠪᠠᠷ ᠦᠰᠦᠷᠦᠨ᠎ᠡ᠃ ᠪᠣᠯᠪᠠᠰᠤᠷᠠᠯ ᠰᠠᠶᠢᠲᠠᠢ ᠮᠣᠷᠢ ᠬᠠᠷᠠᠶᠢᠯᠲᠠ ᠰᠠᠶᠢᠨ ᠪᠠᠶᠢᠳᠠᠭ᠃ ᠬᠠᠷᠠᠶᠢᠯᠲᠠ ᠳᠤ ᠥᠨᠳᠥᠷ ᠬᠠᠷᠠᠶᠢᠯᠲᠠ᠂ ᠣᠶᠢᠷ᠎ᠠ ᠬᠠᠷᠠᠶᠢᠯᠲᠠ᠂ ᠬᠤᠯᠠ ᠬᠠᠷᠠᠶᠢᠯᠲᠠ ᠭᠡᠵᠦ ᠪᠣᠢ᠃            ᠬᠤᠶᠠᠷ᠂ ᠮᠣᠷᠢᠨ ᠤ ᠵᠢᠰᠦᠮ ᠤᠨ ᠳᠠᠭᠤᠳᠠᠯᠭ᠎ᠠ           ᠰᠡᠷᠡᠯ ᠮᠣᠷᠢ - ᠴᠠᠭᠠᠨ ᠪᠤᠶᠤ ᠬᠤᠯᠢᠮᠠᠭ ᠴᠠᠭᠠᠨ ᠥᠩᠭᠡ ᠲᠠᠢ ᠮᠣᠷᠢ᠃ ᠡᠭᠦᠨ ᠳᠤ ᠬᠥᠬᠡᠪᠲᠦᠷ᠂ ᠴᠠᠭᠠᠨ ᠬᠤᠯᠢᠯᠳᠤᠭᠰᠠᠨ ᠵᠢᠰᠦᠮ ᠢ ᠴᠠᠭᠠᠨ ᠰᠡᠷᠡᠯ︔ ᠳᠤᠩ ᠴᠠᠭᠠᠨ ᠢ ᠴᠢᠨᠳᠠᠭᠠᠨ ᠰᠡᠷᠡᠯ︔ ᠰᠤᠷ ᠨᠢ ᠴᠠᠭᠠᠨ ᠬᠠᠷᠠᠪᠲᠤᠷ ᠦᠰᠦ ᠲᠠᠢ ᠶᠢ ᠬᠠᠷ᠎ᠠ ᠰᠡᠷᠡᠯ︔ ᠲᠡᠯ ᠰᠡᠭᠦᠯ ᠨᠢ ᠪᠣᠷᠣ ᠥᠩᠭᠡᠲᠡᠢ ᠰᠡᠷᠡᠯ ᠮᠣᠷᠢ ᠶᠢ ᠬᠤᠸᠠ ᠰᠡᠷᠡᠯ︔ ᠨᠢᠳᠦ ᠨᠢ ᠴᠠᠭᠠᠨ ᠠᠮᠠ ᠬᠠᠮᠠᠷ ᠨᠢ ᠮᠢᠬᠠᠨ ᠥᠩᠭᠡᠲᠡᠢ ᠴᠠᠭᠠᠪᠲᠤᠷ ᠰᠡᠷᠡᠯ ᠢ ᠴᠢᠯᠪᠠᠩ ᠰᠡᠷᠡᠯ︔ ᠳᠡᠯ ᠰᠡᠭᠦᠯ ᠨᠢ ᠦᠨᠡᠰᠦᠨ ᠥᠩᠭᠡ ᠲᠠᠢ ᠰᠡᠷᠡᠯ ᠢ ᠬᠥᠬᠡ ᠰᠡᠷᠡᠯ︔ ᠳᠡᠯ ᠰᠡᠭᠦᠯ ᠨᠢ ᠬᠠᠯᠢᠭᠤ ᠶᠢᠨ ᠥᠩᠭᠡ ᠲᠠᠢ ᠰᠡᠷᠡᠯ ᠢ ᠬᠠᠯᠢᠭᠤᠨ ᠰᠡᠷᠡᠯ ᠭᠡᠵᠦ ᠲᠣᠰ ᠲᠣᠰ ᠨᠡᠷᠡᠯᠡᠨ᠎ᠡ᠃             ᠬᠠᠯᠢᠭᠤᠨ ᠮᠣᠷᠢ - ᠬᠠᠯᠢᠭᠤ ᠶᠢᠨ ᠥᠩᠭᠡ ᠲᠠᠢ᠂ ᠪᠡᠶ᠎ᠡ ᠨᠢ ᠬᠠᠷᠠᠪᠲᠤᠷ᠂ ᠭᠡᠳᠡᠰᠦ ᠴᠠᠪᠢ ᠶᠢᠨ ᠳᠣᠣᠭᠤᠷ ᠭᠦᠢᠬᠡᠨ ᠥᠩᠭᠡ ᠲᠠᠢ ᠮᠣᠷᠢ᠃ ᠡᠭᠦᠨ ᠳᠤ ᠶᠡᠭᠡ ᠪᠡᠶ᠎ᠡ ᠨᠢ ᠰᠢᠷ᠎ᠠ ᠵᠢᠰᠦᠮ᠂ ᠭᠤᠣᠯ ᠢᠶᠠᠷ ᠢᠶᠠᠨ ᠬᠠᠷ᠎ᠠ ᠶᠢ ᠰᠢᠷ᠎ᠠ ᠬᠠᠯᠢᠭᠤᠨ︔ ᠰᠤᠷ ᠨᠢ ᠤᠯᠠᠭᠠᠪᠲᠤᠷ᠂ ᠦᠰᠦ ᠨᠢ ᠬᠠᠷ᠎ᠠ ᠪᠤᠶᠤ ᠰᠤᠷ ᠨᠢ ᠬᠠᠷ᠎ᠠ ᠦᠰᠦ ᠨᠢ ᠤᠯᠠᠭᠠᠨ ᠢ ᠤᠯᠠᠭᠠᠨ ᠬᠠᠯᠢᠭᠤᠨ᠃ ᠪᠣᠷᠣᠪᠲᠤᠷ ᠦᠰᠦ ᠲᠠᠢ ᠬᠤᠸᠠ ᠴᠦ ᠪᠢᠰᠢ ᠵᠡᠭᠡᠷᠳᠡ ᠴᠦ ᠪᠢᠰᠢ ᠲᠡᠯ ᠰᠡᠭᠦᠯ ᠨᠢ ᠬᠠᠪ ᠬᠠᠷ᠎ᠠ ᠶᠢ ᠬᠠᠷ᠎ᠠ ᠬᠠᠯᠢᠭᠤᠨ︔ ᠴᠠᠭᠠᠨ ᠦᠰᠦ ᠲᠠᠢ᠂ ᠲᠡᠯ ᠰᠡᠭᠦᠯ ᠨᠢ ᠬᠠᠯᠢᠭᠤ ᠶᠢᠨ ᠥᠩᠭᠡ ᠲᠠᠢ ᠮᠣᠷᠢ ᠶᠢ ᠴᠠᠭᠠᠨ ᠬᠠᠯᠢᠭᠤᠨ︔ ᠴᠠᠪᠢ ᠨᠢ ᠬᠠᠯᠢᠭᠤ ᠶᠢᠨ ᠥᠩᠭᠡ ᠲᠠᠢ ᠶᠢ ᠴᠠᠪᠢᠳᠠᠷ ᠬᠠᠯᠢᠭᠤᠨ ᠭᠡᠬᠦ ᠮᠡᠲᠦ ᠪᠠᠷ ᠲᠤᠰ ᠲᠤᠰ ᠨᠡᠷᠡᠯᠡᠨ᠎ᠡ᠃            ᠰᠢᠷᠭ᠎ᠠ ᠮᠣᠷᠢ - ᠬᠤᠯᠤᠰᠤᠨ ᠥᠩᠭᠡ ᠲᠠᠢ ᠰᠢᠷ᠎ᠠ ᠮᠣᠷᠢ᠃ ᠪᠡᠶ᠎ᠡ ᠨᠢ ᠰᠢᠷ᠎ᠠ᠂ ᠲᠡᠯ ᠰᠡᠭᠦᠯ ᠨᠢ ᠴᠠᠭᠠᠨ ᠪᠤᠶᠤ ᠬᠠᠷ᠎ᠠ᠃ ᠡᠭᠦᠨ ᠳᠤ ᠳᠡᠯ ᠰᠡᠭᠦᠯ ᠨᠢ ᠴᠠᠭᠠᠨ ᠴᠠᠶᠢᠪᠤᠷ ᠰᠢᠷ᠎ᠠ ᠥᠩᠭᠡ ᠲᠠᠢ ᠶᠢ ᠬᠤᠯᠤᠰᠤᠨ ᠰᠢᠷᠭ᠎ᠠ︔ ᠣᠭᠤᠨᠣ ᠶᠢᠨ ᠥᠩᠭᠡ ᠲᠠᠢ ᠰᠢᠷᠠᠪᠲᠤᠷ ᠮᠣᠷᠢ ᠶᠢ ᠣᠭᠤᠨᠣ ᠶᠢᠨ ᠰᠢᠷᠭ᠎ᠠ ᠭᠡᠨ᠎ᠡ᠃            ᠬᠤᠯᠠ ᠮᠣᠷᠢ - ᠪᠡᠶ᠎ᠡ ᠨᠢ ᠰᠢᠷ᠎ᠠ ᠬᠤᠸᠠ᠂ ᠳᠡᠯ ᠰᠡᠭᠦᠯ ᠨᠢ ᠬᠠᠷᠠᠪᠲᠤᠷ ᠬᠤᠯᠠᠨ ᠤ ᠥᠩᠭᠡ ᠲᠠᠢ ᠮᠣᠷᠢ᠃             ᠪᠣᠷᠣ ᠮᠣᠷᠢ - ᠬᠠᠷᠠᠪᠲᠤᠷ ᠤᠯᠠᠭᠠᠨ ᠮᠣᠷᠢ᠂ ᠦᠰᠦᠨ ᠰᠤᠷ ᠨᠢ ᠪᠣᠷᠣ᠃            ᠤᠯᠠᠭᠠᠨ ᠮᠣᠷᠢ - ᠦᠰᠦᠨ ᠳᠣᠲᠣᠷ᠎ᠠ ᠨᠢ ᠤᠯᠠᠭᠠᠨ ᠲᠠᠢ ᠬᠥᠬᠡ ᠮᠣᠷᠢ᠃ ᠡᠭᠦᠨ ᠳᠤ ᠦᠰᠦᠨ ᠰᠤᠷ ᠨᠢ ᠬᠠᠷ᠎ᠠ ᠪᠣᠷᠣ ᠥᠩᠭᠡ ᠲᠠᠢ ᠶᠢ ᠪᠣᠷᠣ ᠤᠯᠠᠭᠠᠨ ᠮᠣᠷᠢ︔ ᠬᠦᠷᠡᠩ ᠤᠯᠠᠭᠠᠨ ᠵᠢᠰᠦᠮ ᠲᠠᠢ ᠶᠢ ᠴᠢᠪᠠᠭᠠᠨ ᠤᠯᠠᠭᠠᠨ ᠭᠡᠨ᠎ᠡ᠃            ᠬᠠᠷ᠎ᠠ ᠮᠣᠷᠢ - ᠲᠡᠰ ᠬᠠᠷ᠎ᠠ ᠥᠩᠭᠡ ᠲᠠᠢ ᠮᠣᠷᠢ᠃ ᠤᠰᠤᠨ ᠬᠠᠷ᠎ᠠ ᠴᠦ ᠭᠡᠳᠡᠭ᠃            ᠪᠤᠭᠤᠷᠤᠯ ᠮᠣᠷᠢ - ᠦᠰᠦᠨ ᠰᠤᠷ ᠨᠢ ᠴᠠᠭᠠᠪᠲᠤᠷ᠂ ᠦᠨᠡᠰᠦᠨ ᠬᠥᠬᠡ ᠥᠩᠭᠡᠨ ᠳᠤ ᠪᠣᠷᠣᠪᠲᠤᠷ ᠥᠩᠭᠡ ᠬᠤᠯᠢᠯᠳᠤᠭᠰᠠᠨ ᠮᠣᠷᠢ᠃ ᠡᠭᠦᠨ ᠳᠤ ᠴᠠᠭᠠᠨ ᠪᠤᠭᠤᠷᠤᠯ᠂ ᠬᠥᠬᠡ ᠪᠤᠭᠤᠷᠤᠯ᠂ ᠤᠯᠠᠭᠠᠨ ᠪᠤᠭᠤᠷᠤᠯ ᠭᠡᠵᠦ ᠢᠯᠭᠠᠳᠠᠭ᠃            ᠬᠤᠸᠠ ᠮᠣᠷᠢ - ᠲᠦᠭᠦᠬᠡᠢ ᠰᠢᠷ᠎ᠠ ᠥᠩᠭᠡ ᠲᠠᠢ ᠮᠣᠷᠢ᠃            ᠴᠣᠬᠤᠷ ᠮᠣᠷᠢ - ᠵᠢᠵᠢᠭ ᠵᠢᠵᠢᠭ ᠣᠨᠳᠣᠣ ᠥᠩᠭᠡ ᠬᠤᠯᠢᠯᠳᠤᠭᠰᠠᠨ ᠮᠣᠷᠢ᠃ ᠡᠷᠢᠶᠡᠨ ᠴᠣᠬᠤᠷ ᠢ ᠪᠠᠷᠰ ᠴᠣᠬᠤᠷ᠂ ᠲᠣᠯᠪᠤᠴᠣᠬᠤᠷ ᠢ ᠪᠤᠭᠤ ᠶᠢᠨ ᠴᠣᠬᠤᠷ ᠭᠡᠬᠦ ᠮᠡᠲᠦᠴᠢᠯᠡᠨ ᠨᠡᠷᠡᠯᠡᠳᠡᠭ᠃            ᠠᠯᠠᠭ ᠮᠣᠷᠢ - ᠬᠡᠰᠡᠭ ᠬᠡᠰᠡᠭ ᠣᠨᠳᠣᠣ ᠥᠩᠭᠡ ᠲᠠᠢ ᠮᠣᠷᠢ᠃ ᠡᠭᠦᠨ ᠳᠤ ᠲᠠᠰᠢᠶ᠎ᠠ ᠠᠯᠠᠭ᠂ ᠰᠢᠭᠢᠷ᠎ᠡ ᠠᠯᠠᠭ ᠭᠡᠬᠦ ᠮᠡᠲᠦ ᠪᠠᠶᠢᠳᠠᠭ᠃        ᠬᠥᠬᠡ ᠮᠣᠷᠢ - ᠭᠦᠨ ᠬᠥᠬᠡ ᠥᠩᠭᠡ ᠲᠠᠢ ᠮᠣᠷᠢ᠃ ᠡᠭᠦᠨ ᠳᠤ ᠲᠡᠮᠦᠷ ᠤᠨ ᠵᠢᠪᠡ ᠮᠡᠲᠦ ᠥᠩᠭᠡ ᠲᠠᠢ ᠮᠣᠷᠢ ᠶᠢ ᠲᠡᠮᠦᠷ ᠬᠥᠬᠡ ᠪᠤᠶᠤ ᠡᠭᠦᠯᠡᠨ ᠪᠣᠷᠣ ᠭᠡᠳᠡᠭ᠃             ᠬᠠᠯᠲᠠᠷ ᠮᠣᠷᠢ - ᠬᠠᠷᠠᠪᠲᠤᠷ ᠤᠯᠠᠭᠠᠨ ᠥᠩᠭᠡ ᠲᠠᠢ᠂ ᠠᠮᠠ᠂ ᠴᠠᠪᠢ ᠪᠤᠶᠤ ᠨᠢᠳᠦ ᠨᠢ ᠴᠠᠭᠠᠨ᠃            ᠵᠡᠭᠡᠷᠳᠡ ᠮᠣᠷᠢ - ᠲᠡᠯ ᠰᠡᠭᠦᠯ ᠨᠢ ᠤᠯᠠᠭᠠᠨ ᠭᠦᠢᠬᠡᠨ ᠤᠯᠠᠭᠠᠨ ᠥᠩᠭᠡ ᠲᠠᠢ ᠮᠣᠷᠢ᠃ ᠡᠭᠦᠨ ᠳᠤ ᠬᠠᠯᠵᠠᠨ ᠵᠡᠭᠡᠷᠳᠡ᠂ ᠬᠦᠷᠡᠩ ᠵᠡᠭᠡᠷᠳᠡ᠂ ᠴᠢᠪᠠᠭᠠᠨ ᠵᠡᠭᠡᠷᠳᠡ ᠭᠡᠬᠦ ᠮᠡᠲᠦᠴᠢᠯᠡᠨ ᠢᠯᠭᠠᠨ᠎ᠠ᠃             ᠬᠡᠭᠡᠷ ᠮᠣᠷᠢ - ᠴᠢᠪᠠᠭᠠᠨ ᠤᠯᠠᠭᠠᠨ ᠵᠢᠰᠦᠮ ᠤᠨ ᠲᠡᠯ ᠰᠡᠭᠦᠯ ᠨᠢ ᠬᠠᠷᠠᠪᠲᠤᠷ ᠮᠣᠷᠢ᠃ ᠡᠭᠦᠨ ᠳᠤ ᠬᠠᠯᠵᠠᠨ ᠬᠡᠭᠡᠷ᠂ ᠰᠠᠷᠠᠲᠤ ᠬᠡᠭᠡᠷ᠂ ᠬᠠᠷ ᠎ᠠ ᠬᠡᠭᠡᠷ ᠮᠡᠲᠦᠴᠢᠯᠡᠨ ᠢᠯᠭᠠᠳᠠᠭ᠃ 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ