ᠮᠣᠩᠭᠤᠯ ᠭᠡᠷ ᠬᠢᠭᠡᠳ ᠲᠣᠭᠠᠨ ᠤ ᠤᠬᠠᠭᠠᠨ
ᠨᠡᠶᠢᠲᠡᠯᠡᠭᠰᠡᠨ ᠴᠠᠭ᠄
2023/7/13
      ᠮᠠᠨ ᠤ ᠮᠣᠩᠭᠤᠯ ᠦᠨᠳᠦᠰᠦᠲᠡᠨ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠠᠽᠢᠶ᠎ᠠ ᠡᠧᠦᠷᠤᠫᠠ ᠶᠢ ᠰᠤᠨᠳᠠᠯᠠᠨ ᠮᠠᠨᠳᠤᠨ ᠬᠥᠭᠵᠢᠵᠦ ᠪᠠᠶᠢᠭᠰᠠᠨ ᠦᠶ᠎ᠡ ᠳᠡᠭᠡᠨ ᠠᠷᠠᠪ ᠭᠷᠧᠭ ᠤᠨ ᠪᠣᠯᠪᠠᠰᠤᠨ ᠰᠣᠶᠣᠯ ᠢ ᠮᠠᠨ ᠤ ᠤᠯᠤᠰ ᠲᠠᠭᠠᠨ ᠠᠪᠴᠢᠷᠠᠵᠤ ᠮᠠᠨ ᠤ ᠤᠯᠤᠰ ᠤᠨ ᠢᠶᠠᠨ ᠪᠣᠯᠪᠠᠰᠤᠨ ᠲᠠᠢ ᠤᠶᠠᠯᠳᠤᠭᠤᠯᠤᠭᠠᠳ ᠭᠢᠯᠠᠯᠵᠠᠭᠰᠠᠨ ᠶᠡᠭᠡ ᠠᠮᠵᠢᠯᠲᠠ ᠣᠯᠵᠤ ᠪᠠᠶᠢᠭᠰᠠᠨ ᠨᠢ ᠲᠡᠦᠬᠡᠨ ᠬᠠᠭᠤᠳᠠᠰᠤᠨ ᠳᠤ ᠢᠯᠡᠬᠡᠨ ᠪᠠᠶᠢᠨ᠎ᠠ᠃            ᠤᠳᠤ ᠶᠠᠷᠢᠬᠤ ᠭᠡᠵᠦ ᠪᠠᠶᠢᠬᠤ ᠪᠣᠯ ᠮᠣᠩᠭᠤᠯ ᠦᠨᠳᠦᠰᠦᠳᠡᠨᠨ ᠤ ᠡᠷᠲᠡᠨ ᠠᠴᠠ ᠠᠪᠤᠭᠠᠳ ᠬᠡᠷᠡᠭᠯᠡᠭᠡᠳ ᠢᠷᠡᠭᠰᠡᠨ ᠮᠣᠩᠭᠤᠯ ᠭᠡᠷ ᠪᠣᠯᠣᠨ᠎ᠠ᠃ ᠮᠣᠩᠭᠤᠯ ᠦᠨᠳᠦᠰᠦᠲᠡᠨ ᠪᠣᠯ ᠤᠭ ᠠᠴᠠ ᠪᠠᠨ ᠮᠠᠯ ᠮᠠᠯᠵᠢᠵᠤ ᠢᠷᠡᠭᠰᠡᠨ ᠦᠨᠳᠦᠰᠦᠲᠡᠨ ᠶᠤᠮ᠃ ᠡᠶᠢᠮᠦ ᠠᠴᠠ ᠪᠡᠯᠴᠢᠭᠡᠷ ᠤᠰᠤᠨ ᠤ ᠰᠠᠶᠢᠨ ᠢ ᠲᠠᠭᠠᠵᠤ ᠨᠡᠭᠦᠳᠡᠯᠯᠡᠬᠦ ᠬᠡᠷᠡᠭᠴᠡᠭᠡ ᠠᠴᠠ ᠪᠣᠯᠵᠤ ᠮᠣᠩᠭᠤᠯ ᠭᠡᠷ ᠡᠭᠦᠰᠦᠭᠰᠡᠨ ᠪᠠᠶᠢᠨ᠎ᠠ᠃            ᠲᠣᠭᠠᠨ ᠤ ᠤᠬᠠᠭᠠᠨ ᠤ ᠦᠵᠡᠯᠲᠡ ᠪᠠᠷ ᠮᠣᠩᠭᠤᠯ ᠭᠡᠷ ᠢ ᠰᠢᠨᠵᠢᠯᠡᠪᠡᠯ᠄            ︵1︶ ᠪᠠᠭᠤᠴᠠ - - ᠮᠣᠩᠭᠤᠯ ᠭᠡᠷ ᠢᠶᠠᠨ ᠪᠣᠰᠬᠠᠬᠤ ᠳᠠᠭᠠᠨ ᠶᠠᠭᠤᠨ ᠤ ᠡᠮᠦᠨ᠎ᠡ ᠪᠠᠭᠤᠴᠠ ᠪᠠᠨ ᠪᠡᠯᠡᠳᠬᠡᠳᠡᠭ᠃ ᠲᠡᠷᠡ ᠨᠢ ᠲᠣᠭᠤᠷᠢᠭ ᠬᠢᠭᠡᠳ ᠲᠥᠪ ᠵᠢᠷᠤᠭ ᠲᠤᠯᠠ ᠠᠳᠡ ᠵᠢᠮ ᠤᠨ ᠴᠤᠭᠯᠠᠷᠠᠯ ᠪᠠ ᠬᠠᠪᠲᠠᠭᠠᠢ ᠶᠢᠨ ᠭᠧᠥᠮᠧᠳ᠋ᠷᠢ ᠶᠢᠨ ᠦᠵᠡᠯ ᠰᠠᠨᠠᠭ᠎ᠠ ᠰᠢᠩᠭᠡᠵᠡᠢ᠃            ︵2︶ ᠬᠠᠨ᠎ᠠ - - ᠨᠡᠭᠦᠳᠡᠯᠯᠡᠵᠦ ᠶᠠᠪᠤᠬᠤ ᠳᠤ ᠲᠦᠭᠦᠮ ᠤᠨ ᠬᠡᠷᠡᠭᠴᠡᠭᠡ ᠪᠠᠷ ᠬᠠᠨ᠎ᠠ ᠪᠠᠨ ᠠᠪᠠᠴᠢᠵᠤ ᠰᠣᠩᠭᠤᠬᠤ ᠰᠢᠨᠵᠢ ᠴᠢᠨᠠᠷ ᠲᠠᠢ ᠬᠢᠵᠡᠢ᠃ ᠠᠳᠡ ᠳᠥᠷᠪᠡᠯᠵᠢᠨ ᠤ ᠲᠣᠭᠲᠠᠪᠤᠷᠢᠲᠤ ᠪᠤᠰᠤ ᠰᠢᠨᠵᠢ ᠴᠢᠨᠠᠷ ᠢ ᠬᠡᠷᠡᠭᠯᠡᠭᠰᠡᠨ ᠪᠠᠶᠢᠨ᠎ᠠ᠃            ︵3︶ ᠭᠠᠳᠠᠨ᠎ᠠ ᠬᠡᠯᠪᠡᠷᠢ - - ᠮᠣᠩᠭᠤᠯ ᠭᠡᠷ ᠤᠨ ᠭᠠᠳᠠᠨ᠎ᠠ ᠬᠡᠯᠪᠡᠷᠢ ᠨᠢ ᠪᠥᠭᠡᠷᠡᠩᠬᠡᠢ ᠪᠠᠭᠠᠨ᠎ᠠ ᠳᠡᠭᠡᠷ᠎ᠡ ᠱᠣᠷᠣᠯᠵᠢᠨ ᠲᠠᠭᠠᠡᠶᠢᠳᠠᠰᠤ ᠶᠢ ᠬᠠᠪᠰᠤᠷᠭᠠᠭᠰᠠᠨ ᠬᠡᠯᠪᠡᠷᠢ ᠲᠠᠢ᠃ ᠡᠨᠡ ᠪᠣᠯ ᠴᠢᠳᠠᠬᠤᠶᠢᠴᠠ ᠶᠡᠭᠡ ᠲᠠᠯᠠᠪᠠᠢ ᠶᠢ ᠣᠯᠭᠤᠬᠤ ᠮᠥᠷᠲᠡᠭᠡᠨ ᠪᠠᠰᠠ ᠮᠠᠲ᠋ᠧᠷᠶ᠋ᠢᠶᠠᠯ ᠳᠤ ᠠᠷᠪᠢᠲᠠᠢ᠃ ᠳᠠᠷᠤᠢ᠄            ᠳᠡᠭᠡᠪᠦᠷ - - ᠱᠣᠷᠣᠯᠵᠢᠨ ᠤ ᠲᠠᠭᠠᠷᠢᠳᠠᠰᠤ ᠶᠢᠨ ᠳᠡᠯᠭᠡᠮᠡᠯ ᠵᠢᠷᠤᠭ ᠤᠨ ᠬᠡᠯᠪᠡᠷᠢ ᠲᠠᠢ᠃            ᠲᠤᠭᠤᠷᠭ᠎ᠠ - - ᠤᠷᠳᠤ ᠳᠥᠷᠪᠡᠯᠵᠢᠨ ᠬᠡᠯᠪᠡᠷᠢᠲᠡᠢ ᠪᠠᠶᠢᠳᠠᠭ᠃            ᠲᠣᠭᠤᠨᠣ - - ᠲᠣᠭᠤᠷᠢᠭ ᠬᠡᠯᠪᠡᠷᠢᠲᠡᠢ ᠬᠢᠭᠰᠡᠨ ᠪᠢᠰᠢ᠂ ᠬᠠᠷᠢᠨ ᠪᠥᠮᠪᠥᠷᠴᠡᠭ ᠤᠨ ᠣᠷᠣᠶᠢᠪᠴᠢ ᠬᠡᠯᠪᠡᠷᠢᠲᠡᠢ ᠬᠢᠵᠡᠢ᠃ ᠡᠨᠡ ᠨᠢ ᠮᠠᠲ᠋ᠧᠷᠢᠶᠠᠯ ᠠᠷᠪᠢᠯᠠᠭᠠᠳ ᠢᠯᠡᠭᠦᠦ ᠡᠵᠡᠯᠡᠬᠦᠨ ᠣᠯᠭᠤᠨ᠎ᠠ᠃ ᠪᠤᠳᠤᠭᠠᠳ ᠦᠵᠡᠪᠡᠯ ᠳᠠᠷᠤᠢ ᠮᠡᠳᠡᠨ᠎ᠡ᠃            ︵4︶ ᠤᠨᠢ - - ᠬᠥᠮᠥᠰ ᠲᠤ ᠰᠢᠯᠤᠭᠤᠨ ᠤ ᠰᠡᠳᠬᠢᠭᠳᠡᠯ ᠢ ᠣᠯᠭᠤᠨ᠎ᠠ᠃ ᠪᠠᠰᠠ ᠤᠨᠢ ᠶᠢ ᠲᠣᠭᠲᠠᠭᠠᠬᠤ ᠳᠠᠭᠠᠨ ᠬᠤᠶᠠᠷ ᠴᠡᠭ ᠨᠢᠭᠡ ᠰᠢᠯᠠᠭᠤᠨ ᠢ ᠲᠣᠭᠲᠠᠭᠠᠬᠤ ᠶᠣᠰᠣ ᠶᠢ ᠬᠡᠷᠡᠭᠯᠡᠵᠡᠢ᠃            ︵5︶ ᠡᠷᠦᠬᠡ - - ᠲᠡᠭᠰᠢ ᠳᠥᠷᠪᠡᠯᠵᠢᠨ ᠬᠡᠯᠪᠡᠷᠢᠲᠡᠢ ᠢᠰᠡᠭᠡᠢ ᠪᠠᠷ ᠬᠢᠵᠦ᠂ ᠭᠤᠷᠪᠠᠨ ᠣᠭᠤᠰᠣᠷ ᠢ ᠨᠢ ᠪᠡᠭᠡᠯᠡᠨ ᠲᠣᠭᠲᠠᠭᠠᠵᠤ᠂ ᠨᠢᠭᠡ ᠣᠭᠤᠰᠣᠷ ᠢ ᠨᠢ ᠠᠮᠢᠳᠤ ᠪᠠᠶᠢᠯᠭᠠᠳᠠᠭ᠃ ᠠᠮᠢᠳᠤ ᠪᠠᠶᠢᠯᠭᠠᠬᠤ ᠶᠢᠨ ᠤᠴᠢᠷ ᠨᠢ ᠡᠳᠦᠷ ᠪᠣᠯ ᠡᠷᠦᠬᠡ ᠪᠠᠨ ᠰᠡᠬᠦᠨ ᠬᠤᠶᠢᠰᠢ ᠲᠠᠳᠠᠨ ᠭᠤᠷᠪᠠᠯᠵᠢᠨ ᠪᠣᠯᠭᠠᠳᠠᠭ᠃ ᠠᠳᠡ ᠲᠡᠭᠰᠢ ᠬᠡᠮᠳᠦ ᠴᠢᠨᠠᠷ ᠤᠨ ᠦᠵᠡᠯ ᠰᠠᠨᠠᠭ᠎ᠠ ᠰᠢᠮᠡᠳᠦᠭᠰᠡᠨ ᠪᠠᠶᠢᠨ᠎ᠠ᠃            ︵6︶ ᠡᠭᠦᠳᠡ - - ᠤᠷᠳᠤ ᠳᠥᠷᠪᠡᠯᠵᠢᠨ ᠬᠡᠯᠪᠡᠷᠢᠲᠡᠢ᠃ ᠡᠭᠦᠳᠡᠨ ᠤ ᠨᠡᠬᠡᠭᠳᠡᠵᠦ ᠬᠠᠭᠠᠭᠳᠠᠵᠤ ᠬᠦᠳᠡᠯᠡᠩᠭᠦᠢ ᠪᠠᠶᠢᠳᠠᠭ ᠨᠢ᠂ ᠬᠤᠶᠠᠷ ᠴᠡᠭ ᠨᠢᠭᠡ ᠬᠠᠪᠲᠠᠭᠠᠢ ᠶᠢ ᠲᠣᠭᠲᠠᠭᠠᠵᠤ ᠴᠢᠳᠠᠬᠤ ᠦᠭᠡᠢ ᠶᠢᠨ ᠪᠣᠳᠠᠲᠠᠢ ᠬᠡᠷᠡᠭᠯᠡᠯᠲᠡ ᠮᠥᠨ᠃ ᠬᠡᠷᠪᠡ ᠡᠭᠦᠳᠡ ᠪᠠᠨ ᠣᠨᠢᠰᠤᠯᠠᠴᠢᠬᠠᠪᠠᠯ᠂ ᠭᠧᠥᠮᠧᠳ᠋ᠷᠢ ᠳᠠᠬᠢ ᠭᠤᠷᠪᠠᠨ ᠴᠡᠭ ᠨᠢᠭᠡ ᠬᠠᠪᠲᠠᠭᠠᠢ ᠶᠢ ᠲᠣᠭᠲᠠᠭᠠᠵᠤ ᠴᠢᠳᠠᠬᠤ ᠶᠢᠨ ᠪᠣᠳᠠᠲᠠᠢ ᠬᠡᠷᠡᠭᠯᠡᠯᠲᠡ ᠪᠣᠯᠣᠨ᠎ᠠ᠃            ︵7︶ ᠴᠠᠭ ᠤᠨ ᠦᠢᠯᠡᠳᠦᠯ - - ᠮᠣᠩᠭᠤᠯ ᠭᠡᠷ ᠤᠨ ᠲᠣᠭᠤᠨᠣ ᠪᠠᠷ ᠣᠷᠣᠭᠰᠠᠨ ᠨᠠᠷᠠᠨ ᠤ ᠲᠤᠰᠬᠠᠯᠲᠠ ᠪᠠᠷ ᠴᠠᠭ ᠢ ᠬᠡᠮᠵᠢᠳᠡᠭ᠃ ᠲᠣᠭᠤᠨᠣ ᠪᠠᠷ ᠣᠷᠣᠭᠰᠠᠨ ᠨᠠᠷᠠᠨ ᠤ ᠮᠣᠩᠭᠤᠯ ᠭᠡᠷ ᠳᠣᠲᠣᠷᠠᠬᠢ ᠲᠤᠰᠬᠠᠯᠲᠠ ᠨᠢ ᠵᠤᠨ᠂ ᠨᠠᠮᠤᠷ᠂ ᠡᠪᠦᠯ᠂ ᠬᠠᠪᠤᠷ ᠤᠨ ᠠᠳᠠᠯᠢ ᠪᠤᠰᠤ ᠤᠯᠠᠷᠢᠯ ᠳᠤ ᠠᠳᠠᠯᠢ ᠪᠤᠰᠤ ᠪᠠᠶᠢᠳᠠᠭ᠃ ᠡᠭᠦᠨ ᠳᠤ ᠮᠠᠯᠴᠢᠳ ᠭᠡᠷ ᠤᠨ ᠨᠠᠷᠠᠨ ᠭᠤᠷᠪᠠ ᠶᠢᠰᠦ ᠳᠤ ᠭᠤᠷᠪᠠᠨ ᠬᠠᠨ᠎ᠠ ᠶᠢᠨ ᠨᠢᠳᠦ ᠨᠡᠮᠡᠭᠳᠡᠨ᠎ᠡ ᠭᠡᠬᠦ ᠮᠡᠲᠦ ᠪᠠᠷ ᠶᠠᠷᠢᠳᠠᠭ ᠃ ᠠᠳᠡ ᠲᠤᠰᠬᠠᠯᠲᠠ ᠪᠠ ᠭᠤᠷᠪᠠᠯᠵᠢᠨ ᠤ ᠹᠦᠩᠽ ᠤᠨ ᠦᠵᠡᠯ ᠰᠠᠨᠠᠭ᠎ᠠ ᠰᠢᠩᠭᠡᠭᠰᠡᠨ ᠪᠠᠶᠢᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ