ᠤᠷᠠᠳᠴᠤᠳ ᠤᠨ ᠲᠠᠪᠤᠨ ᠬᠤᠰᠢᠭᠤ ᠮᠠᠯ ᠤᠨ ᠰᠠᠭᠠᠯᠢ ᠰᠦ ᠠᠪᠬᠤ ᠵᠠᠩ ᠦᠢᠯᠡ
ᠨᠡᠶᠢᠲᠡᠯᠡᠭᠰᠡᠨ ᠴᠠᠭ᠄
2023/7/27
      ᠲᠠᠪᠤᠨ ᠬᠤᠰᠢᠭᠤ ᠮᠠᠯ ᠤᠨ ᠰᠦ ᠰᠠᠭᠠᠬᠤ ᠬᠤᠭᠤᠴᠠᠭ᠎ᠠ ᠪᠣᠯ ᠬᠤᠭᠤᠷᠣᠨᠳᠤ ᠪᠠᠨ ᠪᠠᠰᠠ ᠠᠳᠠᠯᠢ ᠦᠭᠡᠢ ᠪᠥᠭᠡᠳ ᠰᠠᠭᠠᠯᠢ ᠠᠪᠬᠤ ᠠᠷᠭ᠎ᠠ ᠮᠠᠶ᠋ᠢᠭ ᠤᠨ ᠲᠠᠯ᠎ᠠ ᠪᠠᠷ ᠴᠤ ᠠᠳᠠᠯᠢ ᠦᠭᠡᠢ ᠪᠠᠶᠢᠳᠠᠭ᠃ ᠭᠤᠣᠯᠳᠠᠯᠭ᠎ᠠ ᠲᠠᠢ ᠰᠠᠭᠠᠯᠢ ᠰᠦ ᠠᠪᠬᠤ ᠮᠠᠯ ᠪᠣᠯ ᠦᠬᠡᠷ᠂ ᠬᠤᠨᠢ᠂ ᠢᠮᠠᠭ᠎ᠠ ᠪᠣᠯᠣᠨ᠎ᠠ᠃ ᠠᠳᠤᠭᠤᠨ ᠤ ᠰᠠᠭᠠᠯᠢ ᠭᠡᠪᠡᠯ ᠵᠤᠨ ᠤ ᠭᠡᠭᠦᠦ ᠰᠠᠭᠠᠵᠤ ᠴᠡᠭᠡ ᠬᠤᠷᠢᠶᠠᠬᠤ ᠪᠣᠯᠣᠨ᠎ᠠ᠃ ᠲᠡᠮᠡᠭᠡᠨ ᠤ ᠰᠠᠭᠠᠯᠢ ᠪᠣᠯ ᠵᠤᠨ ᠠᠴᠠ ᠡᠪᠦᠯ ᠲᠤᠷᠰᠢ ᠰᠠᠭᠠᠵᠤ ᠰᠠᠭᠠᠯᠢ ᠠᠪᠳᠠᠭ᠃          ᠬᠤᠨᠢ ᠢᠮᠠᠭᠠᠨ ᠤ ᠰᠠᠭᠠᠯᠢ ᠠᠪᠬᠤ ᠠᠷᠭ᠎ᠠ ᠪᠠ ᠴᠠᠭ ᠬᠤᠭᠤᠴᠠᠭ᠎ᠠ᠄          ᠬᠤᠨᠢ ᠢᠮᠠᠭᠠᠨ ᠤ ᠰᠠᠭᠠᠯᠢ ᠰᠦ ᠰᠠᠭᠠᠬᠤ ᠬᠤᠭᠤᠴᠠᠭ᠎ᠠ ᠪᠣᠯ ᠵᠣᠨ ᠤ ᠲᠠᠪᠤᠨ ᠰᠠᠷ᠎ᠠ ᠠᠴᠠ ᠨᠠᠮᠤᠷ ᠤᠨ ᠡᠬᠢᠨ ᠪᠤᠯᠲᠠᠯ᠎ᠠ ᠠᠪᠳᠠᠭ᠃ ᠲᠡᠭᠡᠬᠦ ᠲᠤ ᠪᠠᠨ ᠬᠤᠷᠠᠭ᠎ᠠ ᠢᠰᠢᠭᠡ ᠪᠠᠨ ᠡᠬᠡ ᠠᠴᠠ ᠨᠢ ᠰᠠᠯᠭᠠᠨ ᠬᠠᠷᠢᠭᠤᠯᠵᠤ᠂ ᠦᠳᠡ ᠬᠦᠷᠴᠦ ᠮᠠᠯ ᠢᠷᠡᠬᠦ ᠳᠤ ᠰᠠᠭᠠᠬᠤ ᠢᠮᠠᠭ᠎ᠠ ᠬᠤᠨᠢ ᠪᠠᠨ ᠳᠡᠭᠡᠰᠦ ᠪᠠᠷ ᠬᠤᠯᠪᠣᠵᠤ ᠰᠠᠭᠠᠵᠤ ᠪᠠᠷᠠᠭᠠᠳ ᠰᠠᠶ᠋ᠢ ᠢᠰᠢᠭᠡ ᠬᠤᠷᠠᠭ᠎ᠠ ᠶᠢ ᠨᠢ ᠨᠡᠶᠢᠯᠡᠭᠦᠯᠳᠡᠭ᠃ ᠡᠳᠦᠷ ᠲᠤ ᠨᠢᠭᠡ ᠤᠳᠠᠭ᠎ᠠ ᠰᠠᠭᠠᠳᠠᠭ ᠪᠥᠭᠡᠳ ᠣᠯᠠᠩᠬᠢ ᠠᠶᠢᠯ ᠪᠦᠷ ᠣᠷᠣᠢ ᠳᠠᠭᠠᠨ ᠢᠰᠢᠭᠡ ᠬᠤᠷᠠᠭ᠎ᠠ ᠪᠠᠨ ᠢᠯᠭᠠᠵᠤ ᠰᠠᠯᠭᠠᠭᠠᠳ ᠲᠠᠷᠠᠭ᠎ᠠ ᠡᠳᠦᠷ ᠤᠨ ᠮᠠᠯ ᠢᠷᠡᠬᠦ ᠳᠤ ᠰᠠᠭᠠᠳᠠᠭ ᠪᠢᠯᠡ᠃          ᠦᠨᠢᠶᠡᠨ ᠤ ᠰᠠᠭᠠᠯᠢ ᠠᠪᠬᠤ ᠠᠷᠭ᠎ᠠ ᠪᠠ ᠴᠠᠭ ᠬᠤᠭᠤᠴᠠᠭ᠎ᠠ᠄          ᠦᠨᠢᠶᠡᠨ ᠤ ᠰᠠᠭᠠᠯᠢ ᠠᠪᠬᠤ ᠴᠠᠭ ᠪᠣᠯ ᠲᠦᠷᠪᠡᠨ ᠰᠠᠷ᠎ᠠ ᠠᠴᠠ ᠡᠪᠦᠯ ᠤᠨ ᠡᠬᠢᠨ ᠰᠠᠷ᠎ᠠ ᠬᠦᠷᠲᠡᠯᠡᠬᠢ ᠬᠤᠭᠤᠴᠠᠭ᠎ᠠ ᠪᠣᠯᠣᠨ᠎ᠠ᠃ ᠵᠤᠨ ᠤ ᠴᠠᠭ ᠤᠨ ᠦᠨᠢᠶᠡᠨ ᠰᠦ ᠪᠣᠯ ᠰᠢᠩᠭᠡᠨ ᠲᠤᠯᠠ ᠥᠷᠥᠮ᠎ᠡ ᠨᠢ ᠨᠢᠮᠭᠡᠨ᠂ ᠠᠭᠠᠷᠤᠤᠯ ᠴᠤ ᠪᠠᠭ᠎ᠠ ᠭᠠᠷᠳᠠᠭ᠂ ᠦᠨᠢᠶᠡᠨ ᠤ ᠰᠠᠭᠠᠯᠢ ᠠᠪᠬᠤ ᠬᠠᠮᠤᠭ ᠰᠠᠶᠢᠨ ᠴᠠᠭ ᠪᠣᠯ ᠵᠤᠨ ᠤ ᠰᠡᠭᠦᠯᠴᠢ ᠨᠠᠮᠤᠷ ᠤᠨ ᠡᠬᠢᠨ ᠤ ᠴᠠᠭ ᠪᠠᠶᠢᠵᠤ᠂ ᠡᠨᠡ ᠦᠶ᠎ᠡ ᠳᠤ ᠦᠨᠢᠶᠡᠨ ᠤ ᠰᠦ ᠥᠳᠬᠡᠷᠡᠵᠦ ᠥᠷᠥᠮ᠎ᠡ ᠰᠠᠭᠤᠬᠤ ᠨᠢ ᠰᠠᠶᠢᠨ ᠪᠥᠭᠡᠳ ᠵᠤᠵᠠᠭᠠᠨ᠂ ᠠᠭᠠᠷᠤᠤᠯ ᠬᠤᠷᠤᠳ ᠴᠤ ᠠᠷᠪᠢᠨ ᠭᠠᠷᠳᠠᠭ ᠶᠤᠮ᠃          ᠦᠨᠢᠶ᠎ᠡ ᠶᠢ ᠡᠳᠦᠷ ᠲᠤ ᠣᠷᠣᠢ᠂ ᠥᠷᠯᠥᠭᠡ ᠬᠤᠶᠠᠷ ᠤᠳᠠᠭ᠎ᠠ ᠰᠠᠭᠠᠳᠠᠭ᠃ ᠭᠡᠬᠦ ᠳᠤ ᠪᠠᠨ ᠲᠤᠭᠤᠯ ᠢ ᠨᠢ ᠬᠡ ᠠᠴᠠ ᠨᠢ ᠰᠠᠯᠭᠠᠵᠤ ᠬᠤᠪᠢᠨ ᠳᠤ ᠨᠢ ᠬᠠᠷᠢᠭᠤᠯᠵᠤ᠂ ᠦᠨᠢᠶ᠎ᠡ ᠶᠢ ᠨᠢ ᠰᠠᠭᠠᠬᠤ ᠳᠤ ᠪᠠᠨ ᠤᠷᠢᠳ ᠢᠶᠠᠷ ᠲᠤᠭᠤᠯ ᠢᠶᠠᠷ ᠨᠢ ᠡᠬᠡ ᠶᠢ ᠨᠢ ᠬᠥᠬᠦᠭᠦᠯᠵᠦ᠂ ᠰᠦ ᠶᠢ ᠨᠢ ᠭᠦᠢᠴᠡᠳ ᠪᠠᠭᠤᠯᠭᠠᠭᠠᠳ ᠰᠠᠶ᠋ᠢ ᠲᠤᠭᠤᠯ ᠢ ᠨᠢ ᠲᠠᠲᠠᠨ ᠤᠶᠠᠭᠠᠳ ᠰᠠᠭᠠᠳᠠᠭ᠂ ᠢᠨᠩᠬᠢᠪᠡᠯ ᠰᠦ ᠨᠢ ᠠᠷᠪᠢᠨ ᠭᠠᠷᠳᠠᠭ᠃ ᠡᠭᠦᠨ ᠢ ᠦᠨᠢᠶ᠎ᠡ ᠢᠪᠢᠯᠭᠡᠬᠦ ᠭᠡᠳᠡᠭ᠃           ᠢᠩᠭᠡᠨ ᠤ ᠰᠠᠭᠠᠯᠢ ᠡᠪᠬᠤ ᠠᠷᠭ᠎ᠠ ᠪᠠ ᠴᠠᠭ ᠬᠤᠭᠤᠴᠠᠭ᠎ᠠ᠄           ᠢᠩᠭᠡᠨ ᠤ ᠰᠠᠭᠠᠯᠢ ᠠᠪᠬᠤ ᠴᠠᠭ ᠪᠣᠯ ᠨᠡᠯᠢᠶᠡᠳ ᠤᠷᠳᠤ ᠪᠠᠶᠢᠳᠠᠭ᠃ ᠪᠠᠷᠤᠭ ᠵᠤᠨ ᠤ ᠡᠬᠢᠨ ᠠᠴᠠ ᠡᠪᠦᠯ ᠲᠤᠷᠰᠢ ᠰᠠᠭᠠᠵᠤ ᠪᠤᠯᠠᠳᠠᠭ᠃ ᠰᠠᠭᠠᠬᠤ ᠳᠠᠭᠠᠨ ᠪᠣᠲᠣᠭᠤ ᠶᠢ ᠨᠢ ᠬᠤᠪᠢᠨ ᠳᠤ ᠨᠢ ᠢᠯᠭᠠᠵᠤ ᠬᠠᠷᠢᠭᠤᠯᠳᠠᠭ᠃ ᠢᠩᠭᠡᠨ ᠤ ᠰᠦ ᠪᠠᠷ ᠠᠶᠢᠷᠠᠭ᠂ ᠥᠷᠥᠮ᠎ᠡ᠂ ᠲᠣᠰᠣ ᠬᠤᠷᠤᠳ ᠪᠤᠯᠪᠠᠰᠤᠷᠠᠭᠤᠯᠵᠤ ᠠᠪᠳᠠᠭ᠃ ᠪᠠᠰᠠ ᠵᠠᠷᠢᠮ ᠭᠠᠵᠠᠷ ᠢᠩᠭᠡᠨ ᠤ ᠰᠦ ᠰᠠᠭᠠᠯᠢ ᠶᠢ ᠬᠠᠪᠤᠷ ᠡᠪᠦᠯ ᠤᠨ ᠴᠠᠭ ᠲᠤ ᠭᠤᠣᠯᠳᠠᠯᠭ᠎ᠠ ᠲᠠᠢ ᠠᠪᠬᠤ ᠵᠠᠩᠰᠢᠯ ᠲᠠᠢ ᠶᠤᠮ᠃ ᠤᠷᠠᠳ ᠨᠤᠲᠤᠭ ᠤᠨ ᠬᠤᠶᠢᠲᠤ ᠪᠠᠷᠠᠭᠤᠨ ᠬᠤᠶᠢᠲᠤ ᠬᠡᠰᠡᠭ ᠲᠤ ᠲᠡᠮᠡᠭᠡᠨ ᠰᠦᠷᠦᠭ ᠠᠷᠪᠢᠨ ᠲᠤᠯᠠ ᠲᠡᠨᠳᠡ ᠲᠡᠮᠡᠭᠡᠨ ᠰᠠᠭᠠᠯᠢ ᠶᠢ ᠡᠷᠬᠢᠮᠨᠡᠨ ᠠᠪᠬᠤ ᠳᠠᠳᠬᠠᠯ ᠲᠠᠢ ᠪᠢᠯᠡ᠃           ᠭᠡᠭᠦᠦ ᠶᠢᠨ ᠰᠠᠭᠠᠯᠢ ᠠᠪᠬᠤ ᠠᠷᠭ᠎ᠠ ᠪᠠ ᠴᠠᠭ ᠬᠤᠭᠤᠴᠠᠭ᠎ᠠ᠄          ᠤᠷᠠᠳᠴᠤᠳ ᠵᠤᠨ ᠨᠠ ᠴᠠᠭ ᠲᠤ ᠠᠳᠤᠭᠤ ᠪᠠᠨ ᠬᠤᠷᠢᠶᠠᠵᠤ᠂ ᠭᠡᠭᠦᠦ ᠪᠠᠨ ᠰᠠᠭᠠᠵᠤ ᠴᠡᠭᠡ ᠤᠤᠭᠤᠳᠠᠭ ᠵᠠᠩᠰᠢᠯ ᠲᠠᠢ᠃ ᠪᠦᠬᠦᠶᠢᠯᠡ ᠮᠣᠩᠭᠤᠯ ᠦᠨᠳᠦᠰᠦᠲᠡᠨ ᠤ ᠲᠡᠦᠬᠡᠨ ᠳᠡᠭᠡᠷ᠎ᠡ ᠭᠡᠭᠦᠦ ᠶᠢᠨ ᠴᠡᠭᠡ ᠶᠢ ᠴᠠᠭᠠᠨ ᠢᠳᠡᠭᠡᠨ ᠤ ᠣᠬᠢ ᠮᠠᠩᠯᠠᠢ ᠬᠡᠮᠡᠨ ᠲᠣᠮᠣ ᠳᠠᠶᠢᠯᠠᠯᠭ᠎ᠠ᠂ ᠠᠯᠤᠰ ᠬᠤᠯᠠ ᠶᠢᠨ ᠠᠶᠠᠨ ᠲᠠᠶᠢᠨ᠂ ᠤᠷᠤᠭ ᠬᠤᠷᠢᠮ ᠤᠨ ᠪᠠᠶᠠᠷ ᠨᠠᠶᠢᠷ᠂ ᠨᠣᠮ ᠤᠨ ᠮᠢᠨᠳᠠᠭ ᠣᠯᠭᠤᠬᠤ ᠶᠣᠰᠣᠯᠠᠯ ᠵᠡᠷᠭᠡ ᠣᠯᠠᠨ ᠲᠠᠶᠢᠯᠠᠯᠭ᠎ᠠ ᠳᠤ ᠴᠡᠭᠡ ᠤᠤᠭᠤᠯᠴᠠᠳᠠᠭ ᠭᠡᠳᠡᠭ᠃ ᠭᠡᠭᠦᠦ ᠶᠢᠨ ᠰᠦ ᠨᠢ ᠰᠢᠷ᠎ᠠ ᠶᠢᠨ ᠡᠪᠡᠳᠴᠢᠨ᠂ ᠬᠤᠳᠣᠭᠤᠳᠤᠨ ᠤ ᠰᠢᠩᠭᠡᠭᠡᠯᠲᠡ ᠶᠢ ᠰᠠᠶᠢᠵᠢᠷᠠᠭᠤᠯᠤᠨ ᠪᠡᠶ᠎ᠡ ᠶᠢ ᠴᠢᠭᠢᠷᠠᠭᠵᠢᠭᠤᠯᠤᠨ ᠲᠠᠮᠢᠷ ᠨᠡᠮᠡᠭᠳᠡᠭᠦᠯᠬᠦ᠂ ᠰᠦᠷᠢᠶ᠎ᠡ ᠡᠪᠡᠳᠴᠢᠨ ᠢ ᠵᠠᠰᠠᠵᠤ᠂ ᠠᠭᠤᠰᠬᠢ ᠶᠢ ᠰᠠᠶᠢᠵᠢᠷᠠᠭᠤᠯᠬᠤ ᠡᠮ ᠤᠨ ᠴᠢᠬᠤᠯᠠ ᠴᠢᠨᠠᠷ ᠲᠠᠢ ᠪᠠᠶᠢᠳᠠᠭ᠃                                                                                                                ᠪᠠᠶᠠᠨ ᠨᠠᠭᠤᠷ ᠤᠨ ᠰᠣᠨᠢᠨ ᠤ ︽ᠳᠡᠯᠭᠡᠷ ᠬᠠᠩᠭᠠᠢ︾ ᠪᠤᠯᠤᠩ ᠠᠴᠠ ᠪᠠᠭᠤᠯᠭᠠᠪᠠ 
ᠢᠷᠡᠯᠲᠡ᠄ ᠪᠠᠶᠠᠨ ᠨᠠᠭᠤᠷ ᠤᠨ ᠰᠣᠨᠢᠨ ᠤ ︽ᠳᠡᠯᠭᠡᠷ ᠬᠠᠩᠭᠠᠢ︾ ᠪᠤᠯᠤᠩ