ᠮᠣᠩᠭᠤᠯᠴᠤᠳ ᠤᠨ ᠬᠡᠮᠨᠡᠭᠦᠷ ᠤᠨ ᠰᠣᠶᠣᠯ
ᠨᠡᠶᠢᠲᠡᠯᠡᠭᠰᠡᠨ ᠴᠠᠭ᠄
2023/7/4
      ᠡᠷᠲᠡᠨ ᠤ ᠦᠶ᠎ᠡ ᠳᠤ ᠬᠥᠮᠥᠨ ᠲᠥᠷᠥᠯᠬᠢᠲᠡᠨ ᠴᠠᠭ ᠤᠨ ᠬᠡᠮᠵᠢᠭᠦᠷ᠂ ᠤᠷᠳᠤ ᠶᠢᠨ ᠬᠡᠮᠵᠢᠭᠦᠷ᠂ ᠶᠡᠭᠡ ᠪᠠᠭ᠎ᠠ ᠶᠢᠨ ᠬᠡᠮᠨᠡᠭᠦᠷ ᠵᠡᠷᠭᠡ ᠪᠠᠭᠠᠵᠢ ᠬᠡᠷᠡᠭᠰᠡᠯ ᠢ ᠡᠭᠦᠳᠴᠦ ᠭᠠᠷᠭᠠᠭᠠᠳᠤᠢ ᠪᠠᠶᠢᠭᠰᠠᠨ ᠦᠶ᠎ᠡ ᠳᠤ ᠤᠬᠠᠭᠠᠨᠲᠤ ᠳᠡᠭᠡᠳᠦᠰ ᠮᠢᠨᠢ ᠪᠠᠶᠢᠭᠠᠯᠢ ᠣᠷᠴᠢᠨ ᠤ ᠬᠤᠪᠢᠷᠠᠯᠲᠠ᠂ ᠠᠮᠢᠳᠡᠡ ᠵᠢᠭᠦᠷᠲᠡᠨ ᠤ ᠲᠠᠭᠤ ᠳᠦᠷᠰᠦ᠂ ᠪᠡᠶ᠎ᠡ ᠶᠢᠨ ᠡᠷᠬᠡᠲᠡᠨ ᠁ ᠵᠡᠷᠭᠡ ᠶᠢ ᠨᠠᠷᠢᠨ ᠭᠢᠷᠠᠬᠠᠶᠢᠯᠠᠵᠤ ᠠᠰᠢᠭᠯᠠᠨ ᠴᠠᠭ ᠬᠤᠭᠤᠴᠠᠭ᠎ᠠ᠂ ᠤᠷᠳᠤ ᠶᠢᠨ ᠬᠡᠮᠵᠢᠶ᠎ᠡ᠂ ᠶᠡᠭᠡ ᠪᠠᠭ᠎ᠠ ᠶᠢᠨ ᠬᠡᠮᠵᠢᠶ᠎ᠡ ᠵᠡᠷᠭᠡ ᠶᠢ ᠬᠡᠮᠵᠢᠶᠡᠯᠡᠨ ᠲᠣᠭᠲᠠᠭᠠᠳᠠᠭ ᠵᠠᠩ ᠦᠢᠯᠡ ᠶᠢ ᠡᠭᠦᠳᠦᠨ ᠪᠦᠲᠦᠭᠡᠭᠰᠡᠨ ᠪᠠᠶᠢᠨ᠎ᠠ᠃ ᠡᠨᠡ ᠬᠦ ᠵᠠᠩ ᠦᠢᠯᠡ ᠨᠢ ᠲᠤᠬᠠᠢ ᠶᠢᠨ ᠦᠶ᠎ᠡ ᠳᠤ ᠬᠥᠮᠥᠰ ᠤᠨ ᠦᠢᠯᠡᠳᠪᠦᠷᠢᠯᠡᠯ ᠠᠮᠢᠳᠤᠷᠠᠯ ᠳᠤ ᠶᠡᠭᠡ ᠲᠥᠬᠦᠮ ᠦᠵᠡᠭᠦᠯᠦᠭᠰᠡᠨ ᠢᠶᠠᠷ ᠥᠯᠤ ᠪᠠᠷᠠᠮ ᠮᠣᠩᠭᠤᠯ ᠬᠡᠯᠡᠨ ᠤ ᠦᠭᠡᠰ ᠤᠨ ᠰᠠᠩ ᠢ ᠪᠠᠶᠠᠯᠢᠭᠵᠢᠭᠤᠯᠵᠤ᠂ ᠣᠳᠣᠬᠠᠨ ᠳᠤ ᠬᠥᠷᠳᠡᠯ᠎ᠠ ᠤᠯᠠᠮᠵᠢᠯᠠᠭᠳᠠᠨ ᠬᠡᠷᠡᠭᠯᠡᠭᠳᠡᠭᠰᠡᠭᠡᠷ ᠪᠠᠶᠢᠨ᠎ᠠ᠃           ᠨᠢᠭᠡ᠂ ᠪᠡᠶ᠎ᠡ ᠶᠢᠨ ᠡᠷᠬᠡᠲᠡᠨ ᠢᠶᠠᠷ ᠢᠶᠠᠨ ᠬᠡᠮᠵᠢᠶᠡᠯᠡᠬᠦ ᠬᠡᠮᠨᠡᠭᠦᠷ ᠦᠭᠡᠰ᠄           1᠂ ᠠᠯᠳᠠ᠄ ᠲᠣᠮᠣᠴᠤᠤᠯ ᠤᠨ ᠪᠠᠷᠠᠭᠤᠨ ᠭᠠᠷ ᠤᠨ ᠳᠤᠮᠳᠠ ᠬᠤᠷᠤᠭᠤᠨ ᠤ ᠦᠵᠦᠭᠦᠷ ᠠᠴᠠ ᠵᠡᠭᠦᠨ ᠭᠠᠷ ᠤᠨ ᠳᠤᠮᠳᠠ ᠬᠤᠷᠤᠭᠤᠨ ᠤ ᠦᠵᠦᠭᠦᠷ ᠬᠥᠷᠳᠡᠯ᠎ᠠ ᠳᠡᠯᠡᠭᠰᠡᠨ ᠵᠠᠢ ᠶᠢ ᠠᠯᠳᠠ ᠭᠡᠨ᠎ᠡ᠃ ᠨᠢᠭᠡ ᠠᠯᠳᠠ ᠨᠢ ᠪᠠᠷᠤᠭ 5 ᠲᠣᠬᠤᠢ ᠣᠷᠴᠢᠮ ᠪᠠᠶᠢᠳᠠᠭ᠃           2᠂ ᠲᠠᠯᠢᠮ᠄ ᠲᠣᠮᠣᠴᠤᠤᠯ ᠤᠨ ᠪᠡᠶ᠎ᠡ ᠶᠢᠨ ᠭᠤᠣᠯ ᠳᠤᠮᠳᠠ ᠠᠴᠠ ᠨᠢᠭᠡ ᠭᠠᠷ ᠤᠨ ᠳᠤᠮᠳᠠ ᠬᠤᠷᠤᠭᠤᠨ ᠤ ᠦᠵᠦᠭᠦᠷ ᠬᠦᠷᠬᠦ ᠵᠠᠢ ᠶᠢ ᠳᠠᠯᠢᠮ ᠭᠡᠨ᠎ᠡ᠃ ᠬᠠᠭᠠᠰ ᠠᠯᠳᠠ ᠲᠠᠢ ᠲᠡᠩᠴᠡᠳᠡᠭ᠃           3᠂ ᠲᠣᠬᠤᠢ᠄ ᠲᠣᠮᠣᠴᠤᠤᠯ ᠤᠨ ᠲᠣᠬᠤᠢ ᠶᠢᠨ ᠦᠵᠦᠭᠦᠷ ᠠᠴᠠ ᠨᠢᠳᠤᠷᠭᠠᠨ ᠤ ᠦᠵᠦᠭᠦᠷ ᠬᠦᠷᠬᠦ ᠵᠠᠢ ᠶᠢ ᠲᠣᠬᠤᠢ ᠭᠡᠨ᠎ᠡ᠃           4᠂ ᠲᠥᠭᠡ᠄ ᠭᠠᠷ ᠤᠨ ᠳᠤᠮᠳᠠ ᠬᠤᠷᠤᠭᠤ ᠪᠣᠯᠣᠨ ᠡᠷᠡᠬᠡᠢ ᠬᠤᠷᠤᠭᠤᠨ ᠤ ᠳᠡᠯᠡᠭᠰᠡᠨ ᠵᠠᠢ ᠶᠢ ᠲᠥᠭᠡ ᠭᠡᠨ᠎ᠡ᠃           5᠂ ᠰᠥᠭᠦᠮ᠄ ᠭᠠᠷ ᠤᠨ ᠬᠤᠮᠣᠬᠠᠢ ᠬᠤᠷᠤᠭᠤ ᠪᠣᠯᠣᠨ ᠡᠷᠡᠬᠡᠢ ᠬᠤᠷᠤᠭᠤᠨ ᠤ ᠳᠡᠯᠡᠭᠰᠡᠨ ᠵᠠᠢ ᠶᠢ ᠰᠥᠭᠦᠮ ᠭᠡᠨ᠎ᠡ᠃           6᠂ ᠮᠤᠬᠤᠷ ᠰᠥᠭᠦᠮ᠄ ᠭᠠᠷ ᠤᠨ ᠬᠤᠮᠣᠬᠠᠢ ᠬᠤᠷᠤᠭᠤᠨ ᠤ ᠳᠤᠮᠳᠠ ᠦᠶ᠎ᠡ ᠪᠣᠯᠣᠨ ᠡᠷᠡᠬᠡᠢ ᠬᠤᠷᠤᠭᠤᠨ ᠤ ᠳᠡᠯᠡᠭᠰᠡᠨ ᠵᠠᠢ ᠶᠢ ᠮᠤᠬᠤᠷ ᠰᠥᠭᠦᠮ ᠭᠡᠨ᠎ᠡ᠃           7᠂ ᠢᠮᠠᠬᠤ᠄ ᠭᠠᠷ ᠤᠨ ᠳᠤᠮᠳᠠ ᠬᠤᠷᠤᠭᠤᠨ ᠤ ᠳᠤᠮᠳᠠ ᠦᠶ᠎ᠡ ᠶᠢᠨ ᠤᠷᠲᠤ ᠶᠢ ᠢᠮᠠᠬᠤ ᠭᠡᠨ᠎ᠡ᠃           8᠂ ᠴᠢᠮᠬᠢ᠄ ᠡᠷᠡᠬᠡᠢ ᠬᠤᠷᠤᠭᠤ ᠪᠣᠯᠣᠨ ᠬᠤᠮᠣᠬᠠᠢ ᠬᠤᠷᠤᠭᠤ ᠪᠠᠷ ᠢᠶᠠᠨ ᠴᠢᠮᠬᠢᠵᠦ ᠠᠪᠤᠭᠰᠠᠨ ᠢ ᠴᠢᠮᠬᠢ ᠭᠡᠨ᠎ᠡ᠃ ᠨᠢᠭᠡ ᠴᠢᠮᠬᠢ ᠭᠤᠯᠢᠷ᠂ ᠨᠢᠭᠡ ᠴᠢᠮᠬᠢ ᠠᠮᠤ ᠭᠡᠬᠦ ᠮᠡᠲᠦ᠃            9᠂ ᠠᠳᠬᠤ᠄ ᠨᠢᠭᠡ ᠭᠠᠷ ᠢᠶᠠᠷ ᠢᠶᠠᠨ ᠤᠳᠬᠤᠵᠤ ᠠᠪᠤᠭᠰᠠᠨ ᠢ ᠠᠳᠬᠤ ᠭᠡᠨ᠎ᠡ᠃ ᠨᠢᠭᠡ ᠠᠳᠬᠤ ᠪᠤᠳᠠᠭ᠎ᠠ᠂ ᠨᠢᠭᠡ ᠠᠳᠬᠤ ᠭᠤᠯᠢᠷ ᠭᠡᠬᠦ ᠮᠡᠲᠦ᠃            10᠂ ᠪᠢᠲᠡᠭᠦᠦ᠄ ᠬᠤᠶᠠᠷ ᠭᠠᠷ ᠢᠶᠠᠨ ᠨᠡᠶᠢᠯᠡᠭᠦᠯᠵᠦ ᠪᠠᠶᠢᠭᠠᠳ ᠤᠳᠬᠤᠵᠤ ᠠᠪᠤᠭᠰᠠᠨ ᠢ ᠨᠢᠭᠡ ᠪᠢᠲᠡᠭᠦᠦ ᠭᠡᠨ᠎ᠡ᠃ ᠨᠢᠭᠡ ᠪᠢᠲᠡᠭᠦᠦ ᠠᠮᠤ ᠭᠡᠬᠦ ᠮᠡᠲᠦ᠃           11᠂ ᠲᠡᠪᠡᠷᠢ᠄ ᠬᠤᠶᠠᠷ ᠭᠠᠷ ᠢᠶᠠᠷ ᠢᠶᠠᠨ ᠲᠡᠪᠡᠷᠢᠵᠦ ᠠᠪᠤᠭᠰᠠᠨ ᠢ ᠲᠡᠪᠡᠷᠢ ᠭᠡᠨ᠎ᠡ᠃ ᠨᠢᠭᠡ ᠲᠡᠪᠡᠷᠢ ᠲᠦᠯᠡᠭᠡ᠂ ᠲᠡᠪᠡᠷᠢ ᠪᠦᠳᠦᠭᠦᠨ ᠮᠣᠳᠣ ᠭᠡᠬᠦ ᠮᠡᠲᠦ᠃            12᠂ ᠨᠢᠭᠡ ᠡᠮᠬᠦ᠂ ᠨᠢᠭᠡ ᠣᠭᠤᠴᠢ᠄ ᠠᠮᠠ ᠳᠦᠭᠦᠷᠲᠡᠯ᠎ᠡ ᠡᠮᠬᠦᠭᠰᠡᠨ ᠪᠤᠶᠤ ᠣᠭᠤᠴᠢᠭᠰᠠᠨ ᠢ ᠨᠢᠭᠡ ᠡᠮᠬᠦ ᠪᠤᠶᠤ ᠨᠢᠭᠡ ᠣᠭᠤᠴᠢ ᠭᠡᠨ᠎ᠡ᠃ ᠨᠢᠭᠡ ᠡᠮᠬᠦ ᠪᠤᠳᠠᠭ᠎ᠠ᠂ ᠨᠢᠭᠡ ᠣᠭᠤᠴᠢ ᠤᠰᠤ ᠭᠡᠬᠦ ᠮᠡᠲᠦ᠃            13᠂ ᠠᠯᠠᠭᠠᠨ ᠬᠢᠷᠢ᠂ ᠨᠢᠳᠦᠨ ᠴᠢᠨᠡᠭᠡᠨ᠄ ᠲᠤᠩ ᠵᠢᠭᠠᠬᠠᠨ ᠶᠠᠭᠤᠮ᠎ᠠ ᠶᠢ ᠬᠡᠯᠡᠨ᠎ᠡ᠃ ᠠᠯᠠᠭᠠᠨ ᠬᠢᠷᠢ ᠭᠠᠵᠠᠷ᠂ ᠨᠢᠳᠦᠨ ᠴᠢᠨᠡᠭᠡᠨ ᠠᠶᠠᠭ᠎ᠠ ᠭᠡᠬᠦ ᠮᠡᠲᠦ᠃            ᠬᠤᠶᠠᠷ᠂ ᠪᠠᠶᠢᠭᠠᠯᠢ ᠶᠢᠨ ᠬᠤᠪᠢᠷᠠᠯᠲᠠ᠂ ᠠᠮᠢᠳᠠᠠ ᠤ ᠲᠠᠭᠤ ᠳᠦᠷᠰᠦ ᠪᠠᠷ ᠬᠡᠮᠵᠢᠶᠡᠯᠡᠭᠰᠡᠨ ᠬᠡᠮᠨᠡᠭᠦᠷ ᠦᠭᠡᠰ᠄            1᠂ ᠴᠠᠭ ᠤᠨ ᠬᠡᠮᠨᠡᠭᠦᠷ ᠦᠭᠡ᠄ ᠲᠠᠬᠢᠶ᠎ᠠ ᠲᠥᠷᠤᠬᠦᠤ ᠳᠤᠤᠭᠠᠷᠬᠤ ᠦᠶ᠎ᠡ᠂ ᠴᠣᠯᠮᠣᠨ ᠭᠠᠷᠬᠤ ᠦᠶ᠎ᠡ᠂ ᠦᠦᠷ ᠤᠨ ᠭᠡᠭᠡ ᠰᠤᠪᠤᠷᠠᠬᠤ ᠦᠶ᠎ᠡ᠂ ᠠᠯᠠᠭᠠᠨ ᠵᠢᠷᠤᠭᠠᠰᠤ ᠬᠠᠷᠠᠭᠳᠠᠬᠤ ᠦᠶ᠎ᠡ᠂ ᠰᠢᠷ᠎ᠠ ᠪᠦᠷᠦᠢ᠂ ᠬᠠᠷ᠎ᠠ ᠪᠦᠷᠦᠢ᠂ ᠦᠳᠡ ᠬᠡᠯᠪᠡᠶᠢᠬᠦ ᠦᠶ᠎ᠡ᠂ ᠨᠠᠷᠠ ᠠᠯᠳᠠ ᠳᠡᠭᠡᠷ᠎ᠡ ᠮᠠᠨᠳᠤᠬᠤ ᠭᠡᠬᠦ ᠮᠡᠲᠦ᠃            2᠂ ᠴᠠᠭ ᠤᠯᠠᠷᠢᠯ ᠤᠨ ᠬᠡᠮᠨᠡᠭᠦᠷ ᠦᠭᠡ᠄ ᠭᠠᠵᠠᠷ ᠡᠬᠢᠯᠡᠵᠦ ᠭᠡᠰᠬᠦ ᠳᠤ᠂ ᠬᠠᠭᠳᠠ ᠬᠥᠬᠡᠷᠡᠬᠦ ᠳᠤ᠂ ᠠᠬᠢ ᠨᠢᠳᠦᠯᠡᠬᠦ ᠳᠤ᠂ ᠢᠮᠠᠭ᠎ᠠ ᠰᠠᠮᠨᠠᠬᠤ ᠦᠶ᠎ᠡ᠂ ᠭᠠᠵᠠᠷ ᠬᠥᠯᠳᠡᠬᠦ ᠦᠶ᠎ᠡ ᠭᠡᠬᠦ ᠮᠡᠲᠦ᠃           3᠂ ᠥᠨᠳᠥᠷ ᠪᠣᠭᠤᠨᠢ ᠭᠦᠨ ᠭᠦᠢᠬᠡᠨ ᠤ ᠬᠡᠮᠨᠡᠭᠦᠷ ᠦᠭᠡ᠄ ᠡᠪᠦᠳᠦᠭ ᠲᠤᠯᠤᠮ᠎ᠠ ᠭᠦᠨ᠂ ᠲᠥᠷᠤᠭᠡ ᠰᠢᠭᠦᠷᠡᠮ᠎ᠡ ᠥᠨᠳᠥᠷ᠂ ᠮᠣᠷᠢᠨ ᠨᠢᠷᠤᠭᠤ ᠳᠠᠪᠠᠮ᠎ᠠ ᠥᠨᠳᠥᠷ᠂ ᠪᠦᠰᠡᠯᠡᠭᠦᠷ ᠲᠤᠯᠤᠮ᠎ᠠ ᠤᠰᠤ ᠭᠡᠬᠦ ᠮᠡᠲᠦ᠃    
ᠢᠷᠡᠯᠲᠡ᠄ ᠪᠠᠶᠠᠨᠨᠠᠭᠤᠷ ᠮᠣᠩᠭᠤᠯ ᠰᠦᠯᠵᠢᠶ᠎ᠡ