ᠪᠤᠯᠠᠰᠢᠨ ᠳᠡᠭᠡᠷᠡᠬᠢ ᠰᠣᠷᠭᠤᠭ ᠴᠡᠴᠡᠭ
ᠨᠡᠶᠢᠲᠡᠯᠡᠭᠰᠡᠨ ᠴᠠᠭ᠄
2023/9/5
      ᠬᠠᠷᠠᠪᠠᠷᠰ                     ᠡᠨᠡ ᠵᠢᠯ ᠤᠨ ᠬᠠᠩᠰᠢ ᠶᠢᠨ ᠡᠳᠦᠷ ᠭᠡᠭᠴᠢ ᠶᠣᠰᠣᠲᠠᠢ ᠡᠪᠦᠯ ᠤᠨ ᠰᠢᠨᠵᠢ ᠲᠠᠢ ᠬᠠᠪᠤᠷ ᠤᠨ ᠵᠢᠬᠡᠭᠦᠨ ᠡᠳᠦᠷ ᠪᠠᠶᠢᠪᠠ᠃ ᠥᠷᠯᠥᠭᠡ ᠶᠢᠨ ᠬᠤᠭᠤᠯᠠᠨ ᠤ ᠲᠠᠷᠠᠭ᠎ᠠ᠂ ᠪᠢ ᠤᠤᠯ ᠤᠨ ᠵᠤᠷᠰᠢᠯ ᠢᠶᠠᠷ ᠢᠶᠠᠨ ᠬᠤᠶᠢᠲᠤ ᠠᠭᠤᠯᠠᠨ ᠵᠦᠭ ᠠᠯᠬᠤᠯᠠᠬᠤ ᠪᠠᠷ ᠶᠠᠪᠤᠬᠤ ᠭᠡᠵᠦ ᠪᠠᠶᠢᠲᠠᠯ᠎ᠠ ᠡᠬᠡᠨᠡᠷ ᠮᠢᠨᠢ ᠭᠡᠨᠡᠳᠲᠡ ᠶᠠᠭᠤ ᠨᠢᠭᠡ ᠶᠢ ᠰᠠᠨᠠᠨ ᠣᠯᠵᠤ᠄ ︽ᠬᠥᠶ᠋ᠢ᠂ ᠡᠨᠡ ᠡᠳᠦᠷ ᠴᠢᠨᠢ ᠬᠠᠩᠰᠢ ᠶᠢᠨ ᠡᠳᠦᠷ ᠪᠢᠰᠢ ᠤᠤ︖ ᠥᠨᠥᠬᠢ ᠥᠨᠥᠴᠢᠨ ᠪᠤᠯᠠᠰᠢᠨ ᠤ ᠳᠣᠲᠣᠨᠣ ᠨᠠᠶᠢᠵᠠ ᠳᠠᠭᠠᠨ ᠰᠣᠷᠭᠤᠭ ᠴᠡᠴᠡᠭ ᠬᠦᠷᠭᠡᠬᠦ ᠪᠠᠨ ᠮᠠᠷᠲᠠᠴᠢᠬᠠᠪᠠ ᠤᠤ︖︾ ᠭᠡᠵᠦ ᠮᠢᠨᠤ ᠰᠠᠨᠠᠭᠠᠨ ᠳᠤ ᠨᠡᠶᠢᠴᠡᠭᠦᠯᠦᠨ ᠰᠠᠨᠠᠭᠤᠯᠤᠨ ᠬᠡᠯᠡᠬᠦ ᠳᠤ ᠨᠢ ᠪᠢ ᠡᠭ ᠮᠡᠭ ᠭᠡᠵᠦ ᠪᠠᠭ᠋ᠠᠨ ᠲᠠᠲᠠᠭᠠᠯᠵᠠᠨ ᠡᠪ ᠦᠭᠡᠶᠢᠬᠡᠨ ᠢᠨᠢᠶᠡᠰᠬᠢᠭᠡᠳ᠄ ︽ᠮᠡᠲᠡᠵᠦ ᠪᠠᠶᠢᠨ᠎ᠠ ᠰᠢᠤ᠂ ᠪᠢ ᠴᠢᠨᠢ ᠠᠷᠠᠢ ᠪᠠᠰᠠ ᠲᠡᠶᠢᠮᠦ ᠯᠠ ᠮᠠᠷᠲᠠᠮᠠᠲᠠᠭᠠᠢ ᠠᠮᠢᠳᠠᠨ ᠪᠣᠯᠴᠢᠬᠠᠭᠰᠠᠨ ᠪᠢᠰᠢ ᠳ᠋ᠡ᠂ ᠦᠦᠷ ᠤᠨ ᠵᠡᠭᠦᠳᠦ ᠦᠨᠡᠨ ᠪᠠᠶᠢᠳᠠᠭ ᠭᠡᠳᠡᠭᠴᠢᠯᠡᠨ ᠥᠴᠥᠭᠡᠳᠦᠷ ᠰᠥᠨᠢ ᠬᠠᠷᠢᠨ ᠪᠢ ᠨᠢᠭᠡᠨ ᠬᠠᠴᠢᠨ ᠵᠡᠭᠦᠳᠦ ᠵᠡᠭᠦᠳᠦᠯᠡᠵᠦ ᠥᠨᠥᠬᠢ ᠥᠨᠥᠴᠢᠨ ᠪᠤᠯᠠᠰᠢᠨ ᠤ ᠡᠵᠡᠨ ᠨᠢ ᠠᠩᠭᠢᠷ ᠭᠡᠲᠡᠭ ᠪᠦᠰᠡᠭᠦᠢ ᠨᠠᠳᠠ ᠲᠠᠢ ᠠᠭᠤᠯᠵᠠᠨ ᠰᠠᠯᠤᠯᠲᠠ ᠶᠢᠨ ᠶᠣᠰᠣ ᠭᠦᠢᠴᠡᠳᠬᠡᠨ ᠬᠤᠳᠠ ᠶᠢᠨ ᠲᠡᠭᠦᠷᠭᠡ ᠶᠢᠨ ᠸᠠᠨ ᠰᠧᠦ ᠶᠤᠸᠠᠨ ᠬᠡᠮᠡᠭᠴᠢ ᠤᠯᠠᠨ ᠨᠡᠶᠢᠲᠡ ᠶᠢᠨ ᠤᠩᠭᠤᠨ ᠤ ᠭᠠᠵᠠᠷ ᠨᠡᠭᠦᠭᠡᠳ ᠶᠠᠪᠤᠴᠢᠬᠠᠭᠰᠠᠨ ᠭᠡᠨ᠎ᠡ︾ ᠭᠡᠵᠦ ᠳᠥᠭᠦᠮᠬᠡᠨ ᠬᠡᠯᠡᠭᠡᠳ ᠥᠨᠥᠬᠢ ᠲᠣᠳᠣᠬᠠᠨ ᠪᠥᠭᠡᠳ ᠰᠣᠨᠢᠬᠠᠨ ᠵᠡᠭᠦᠳᠦ ᠪᠠᠨ ᠦᠭᠡ ᠲᠠᠭᠤ ᠥᠩᠭᠡ ᠪᠤᠲᠤᠭ ᠨᠡᠮᠡᠷᠢᠯᠡᠨ ᠦᠷᠭᠦᠯᠵᠢᠯᠡᠨ ᠶᠠᠷᠢᠯ᠎ᠠ ᠁ ᠰᠢᠷ᠎ᠠ ᠪᠦᠷᠦᠢ ᠪᠣᠯᠪᠠ᠂ ᠬᠡᠳᠦᠬᠡᠨ ᠬᠤᠨᠳᠠᠭ᠎ᠠ ᠠᠷᠢᠬᠢᠨ ᠳᠠᠭᠠᠨ ᠬᠠᠯᠠᠰᠴᠢᠬᠠᠭᠠᠳ ᠬᠡᠯᠪᠡᠩ ᠳᠠᠯᠪᠠᠩ ᠭᠡᠯᠲᠦᠷᠢᠭᠰᠡᠭᠡᠷ ᠨᠢᠭᠡ ᠮᠡᠳᠡᠬᠦ ᠳᠤ ᠪᠠᠰᠠ ᠥᠨᠥᠬᠢ ᠪᠣᠷᠣ ᠣᠷᠣᠢ ᠳᠡᠭᠡᠷ᠎ᠡ ᠪᠠᠨ ᠢᠷᠡᠴᠢᠬᠡᠪᠡ᠃ ᠰᠣᠭᠲᠣᠭᠤ ᠨᠢᠳᠦ ᠪᠠᠨ ᠰᠡᠶᠢᠮᠡᠶᠢᠯᠭᠡᠨ ᠡᠶᠢᠰᠢ ᠲᠡᠶᠢᠰᠢ ᠪᠠᠨ ᠬᠠᠷᠠᠬᠤᠶ᠎ᠠ ᠠᠩᠭᠢᠷ ᠤᠨ ᠪᠤᠯᠠᠰᠢᠨ ᠤ ᠡᠮᠦᠨ᠎ᠡ ᠨᠢᠭᠡᠨ ᠥᠨᠳᠥᠷᠬᠡᠨ ᠨᠠᠶᠢᠭᠤᠯᠵᠠᠭᠤᠷ ᠪᠡᠶ᠎ᠡ ᠲᠠᠢ᠂ ᠤᠯᠠᠭᠠᠪᠲᠤᠷ ᠴᠠᠭᠠᠨ ᠴᠢᠷᠠᠢ ᠲᠠᠢ᠂ ᠲᠣᠮᠣ ᠠᠯᠠᠭ ᠨᠢᠳᠦ ᠲᠠᠢ ᠰᠢᠨᠡᠬᠡᠨ ᠨᠣᠭᠤᠭᠠᠨ ᠲᠡᠷᠯᠢᠭ ᠡᠮᠦᠰᠦᠭᠰᠡᠨ ᠳᠥᠴᠢᠭᠡᠳ ᠨᠠᠰᠤᠨ ᠤ ᠡᠮᠡᠭᠲᠡᠢ ᠰᠠᠬᠤᠯᠢᠭ ᠵᠤᠵᠠᠭᠠᠨ ᠠᠷᠴᠠ ᠶᠢᠨ ᠳᠤᠮᠳᠠ ᠢᠨᠢᠶᠡᠮᠰᠦᠭᠯᠡᠨ ᠵᠣᠭᠰᠣᠨ᠎ᠠ᠃ ᠪᠢ ᠳᠣᠲᠣᠷ᠎ᠠ ᠪᠠᠨ ︽ᠡᠨᠡ ᠪᠠᠷᠤᠭ ᠬᠤᠷᠢᠮ ᠨᠠᠶᠢᠷ ᠲᠤ ᠤᠷᠤᠯᠴᠠᠭᠰᠠᠨ ᠬᠤᠳᠠ ᠶᠢᠨ ᠮᠣᠩᠭᠤᠯ ᠶᠤᠮ ᠤᠤ᠂ ᠮᠠᠯ ᠲᠥᠯ ᠢᠶᠠᠨ ᠡᠷᠢᠵᠦ ᠶᠠᠪᠤᠭ᠎ᠠ ᠬᠥᠳᠡᠭᠡ ᠶᠢᠨ ᠮᠠᠯᠴᠢᠨ ᠪᠠᠶᠢᠬ᠎ᠠ ᠁︾ ᠭᠡᠵᠦ ᠪᠤᠲᠤᠭᠠᠳ ᠬᠠᠵᠠᠭᠤ ᠪᠠᠷ ᠨᠢ ᠵᠥᠷᠢᠵᠦ ᠭᠠᠷᠲᠠᠯ᠎ᠠ ᠲᠡᠷᠡ ᠡᠮᠡᠭᠲᠡᠢ᠄ ︽ᠬᠥᠶ᠋ᠢ᠂ ᠬᠠ᠊ ᠭᠤᠸᠠᠢ ᠠ᠋᠂ ᠠᠰ ᠠᠭᠤᠯᠵᠠᠭᠠᠳ ᠪᠠᠰᠠ ᠠᠮᠤᠷ ᠮᠡᠨᠲᠦ ᠶᠢᠨ ᠪᠡᠯᠭᠡ ᠦᠭᠡᠢ ᠲᠠ ᠴᠢᠨᠢ ᠮᠣᠩᠭᠤᠯ ᠬᠥᠮᠥᠨ ᠮᠥᠨ ᠤᠤ︖ ᠪᠢ ᠠᠩᠭᠢᠷ ᠪᠠᠶᠢᠨ᠎ᠠ᠂ ᠪᠢ ᠲᠠᠨ ᠲᠠᠢ ᠰᠠᠯᠬᠤ ᠶᠣᠰᠣ ᠭᠦᠢᠴᠡᠳᠬᠡᠬᠦ ᠪᠠᠷ ᠢᠷᠡᠪᠡ᠂ ᠲᠠ ᠨᠠᠳᠠ ᠶᠢ ᠠᠯᠪᠢᠨ ᠴᠢᠳᠬᠦᠷ ᠭᠡᠵᠦ ᠠᠶᠤᠵᠤ ᠵᠢᠭᠰᠢᠬᠦ ᠦᠭᠡᠢ ᠪᠣᠯ ᠨᠠᠭᠠᠰᠢ ᠪᠠᠨ ᠢᠷ᠎ᠡ︾ ᠭᠡᠵᠦ ᠢᠨᠢᠶᠡᠮᠰᠦᠭᠯᠡᠨ ᠬᠡᠯᠡᠬᠦ ᠳᠤ ᠨᠢ ᠥᠩᠭᠡ ᠵᠢᠰᠦ ᠨᠢ ᠶᠠᠭ ᠯᠠ ᠳᠠᠭᠢᠨᠢ ᠮᠡᠲᠦ ᠭᠤᠶᠦ ᠡᠷᠬᠢᠮᠰᠦᠭ ᠬᠠᠷᠠᠭᠳᠠᠨ᠎ᠠ᠃ ᠪᠢ ᠤᠭᠲᠤ ᠲᠦᠲᠡᠭᠡᠯᠵᠡᠯ ᠦᠭᠡᠢ ᠪᠠᠷ᠄ ︽ᠰᠡᠳᠬᠢᠯ ᠳᠡᠭᠡᠨ ᠭᠡᠮ ᠦᠭᠡᠢ ᠪᠢ ᠶᠠᠭᠤᠨ ᠳᠤ ᠲᠠᠨ ᠠᠴᠠ ᠠᠶᠤᠬᠤ ᠪᠤᠢ᠂ ᠲᠠᠨ ᠳᠤ ᠪᠠᠰᠠ ᠮᠠᠭᠤ ᠰᠠᠨᠠᠭ᠎ᠠ ᠮᠤᠰᠢᠭᠠᠢ ᠪᠤᠳᠤᠯ ᠦᠭᠡᠢ ᠭᠡᠲᠡᠭ ᠢ ᠪᠢ ᠢᠲᠡᠭᠡᠨ᠎ᠡ᠂ ᠲᠠᠭᠢᠭᠠᠳ ᠬᠡᠯᠡᠪᠡᠯ ᠪᠢᠲᠡ ᠬᠤᠶᠠᠭᠤᠯᠠ ᠴᠢᠨᠢ ᠴᠡᠪᠡᠷ ᠴᠠᠶᠢᠯᠭᠠᠨ ᠪᠥᠭᠡᠳ ᠴᠢᠩ ᠦᠨᠡᠨᠴᠢ ᠨᠥᠬᠦᠷᠯᠡᠯ ᠲᠠᠢ ᠰᠠᠶᠢᠨ ᠨᠠᠶᠢᠵᠠ ᠰᠢᠤ ᠳ᠋ᠡ᠂ ᠪᠢ ᠲᠠᠨ ᠢ ᠪᠠᠨ ᠪᠠᠶᠠᠷᠯᠠᠨ ᠤᠭᠲᠤᠶ᠎ᠠ᠂ ᠲᠠᠨ ᠲᠠᠢ ᠣᠯᠵᠤ ᠠᠭᠤᠯᠵᠠᠭᠰᠠᠨ ᠳᠠᠭᠠᠨ ᠪᠠᠶᠠᠷᠯᠠᠨ ᠣᠮᠣᠭᠰᠢᠵᠤ ᠪᠠᠶᠢᠨ᠎ᠠ︾ ᠭᠡᠵᠦ ᠤᠭᠲᠤᠨ ᠣᠴᠢᠭᠠᠳ ᠬᠤᠶᠠᠷ ᠭᠠᠷ ᠢ ᠨᠢ ᠴᠢᠩᠭᠠᠬᠠᠨ ᠠᠳᠬᠤᠪᠠ᠃ ᠲᠡᠭᠦᠨ ᠤ ᠭᠠᠷ ᠨᠢ ᠭᠦᠪ ᠬᠦᠢᠲᠡᠨ ᠬᠠᠮᠤᠭ ᠪᠡᠶ᠎ᠡ ᠠᠴᠠ ᠨᠢ ᠬᠥᠷᠥᠰᠥ ᠰᠢᠷᠣᠢ ᠶᠢᠨ ᠦᠨᠦᠷ ᠬᠠᠩᠬᠤᠯᠵᠤ ᠪᠠᠶᠢᠯ᠎ᠠ᠃ ᠲᠡᠷᠡ ᠴᠦ ᠲᠤᠩ ᠰᠡᠳᠬᠢᠯ ᠬᠥᠳᠡᠯᠵᠦ᠄ ︽ᠨᠠᠳᠠ ᠶᠢ ᠨᠠᠶᠢᠵᠠ ᠲᠠᠨᠢᠭᠰᠠᠨ ᠳᠤ ᠴᠢᠨᠢ ᠪᠠᠶᠠᠷᠯᠠᠨ ᠲᠠᠯᠠᠷᠬᠠᠵᠤ ᠪᠠᠶᠢᠨ᠎ᠠ᠂ ᠤᠲᠤ ᠪᠢ ᠤᠯᠠᠨ ᠨᠡᠶᠢᠲᠡ ᠶᠢᠨ ᠤᠩᠭᠤᠨ ᠳᠤ ᠨᠡᠭᠦᠬᠦ ᠪᠣᠯᠬᠤᠷ ᠲᠠᠨ ᠲᠠᠢ ᠨᠢᠭᠡ ᠠᠭᠤᠯᠵᠠᠭᠠᠳ ᠶᠠᠪᠤᠶ᠎ᠠ ᠭᠡᠰᠡᠨ ᠶᠤᠮ᠂ ᠲᠥᠭᠡᠯᠡᠵᠦ ᠲᠦᠷᠦᠭᠰᠡᠨ ᠪᠡᠶ᠎ᠡ᠂ ᠲᠣᠭᠠᠯᠠᠵᠤ ᠲᠠᠯᠪᠢᠭᠰᠠᠨ ᠨᠠᠰᠤ ᠭᠡᠳᠡᠭᠴᠢᠯᠡᠨ ᠪᠢ ᠪᠣᠯ ᠲᠡᠷᠭᠡᠨ ᠠᠲᠡᠯ ᠢᠶᠠᠷ ᠲᠤᠷᠭᠤᠨ ᠨᠠᠰᠤᠯᠠᠭᠰᠠᠨ ᠲᠡᠨᠦᠭᠦᠯ ᠰᠦᠨᠡᠰᠦ ᠪᠣᠯᠬᠤᠷ ᠡᠷᠯᠢᠭ ᠤᠨ ᠣᠷᠣᠨ ᠢᠶᠠᠷ ᠠᠷᠪᠠᠨ ᠬᠡᠳᠦᠨ ᠵᠢᠯ ᠲᠡᠨᠦᠭᠦᠴᠢᠯᠡᠵᠦ ᠶᠠᠪᠤᠯ᠎ᠠ᠃ ᠶᠠᠭᠤ ᠪᠣᠯᠤᠭᠰᠠᠨ ᠴᠦ ᠡᠷᠯᠢᠭ ᠤᠨ ᠬᠠᠭᠠᠨ ᠲᠠᠷᠠᠭ᠎ᠠ ᠵᠢᠯ ᠨᠠᠳᠠ ᠳᠤ ᠲᠦᠷᠦᠯ ᠣᠯᠭᠤᠬᠤ ᠶᠤᠮ ᠭᠡᠨ᠎ᠡ᠂ ᠲᠠᠨ ᠤ ᠬᠦᠷᠭᠡᠭᠰᠡᠨ ᠠᠷᠪᠠᠨ ᠪᠠᠭᠴᠠ ᠰᠣᠷᠭᠤᠭ ᠴᠡᠴᠡᠭ ᠴᠢᠨᠢ ᠮᠢᠨᠤ ᠤᠶᠢᠳᠬᠠᠷ ᠢ ᠰᠡᠷᠭᠦᠭᠡᠨ ᠡᠯᠡᠢ ᠬᠤᠯᠠᠢ ᠠᠮᠢᠳᠤᠷᠠᠯ ᠳᠤ ᠮᠢᠨᠢ ᠡᠭᠦᠷᠢᠳᠡ ᠶᠢᠨ ᠬᠠᠨᠢ ᠪᠣᠯᠣᠭᠰᠠᠭᠠᠷ ᠠ᠋ ᠁︾ ᠭᠡᠵᠦ ᠦᠭᠡ ᠪᠠᠨ ᠴᠦ ᠬᠡᠯᠡᠵᠦ ᠭᠠᠷᠬᠤ ᠦᠭᠡᠢ ᠮᠡᠭᠰᠢᠨ ᠤᠭᠢᠯᠠᠨ᠎ᠠ᠃ ᠪᠢ ᠴᠦ ᠰᠡᠳᠬᠢᠯ ᠤᠶᠠᠷᠠᠵᠤ᠄ ︽ᠳᠡᠩᠳᠡᠭᠦᠦ ᠪᠢᠲᠡᠭᠡᠢ ᠵᠣᠪᠠ ᠠ᠋᠂ ᠦᠬᠦᠵᠦ ᠲᠦᠷᠦᠭᠦ ᠭᠡᠭᠴᠢ ᠲᠦᠮᠡᠨ ᠪᠣᠳᠠᠰ ᠤᠨ ᠵᠢᠮ᠎ᠡ ᠶᠣᠰᠣ ᠪᠣᠯᠬᠤᠷ ᠬᠡᠨ ᠨᠢ ᠴᠦ ᠭᠡᠳ ᠳᠤᠲᠠᠭᠠᠵᠤ ᠲᠡᠶᠢᠯᠭᠦ ᠦᠭᠡᠢ ᠶᠤᠮ᠂ ᠵᠦᠪᠭᠡᠨ ᠡᠷᠲᠡ ᠣᠷᠣᠢ ᠬᠡᠳᠦᠨ ᠵᠢᠯ ᠤᠨ ᠤᠴᠢᠷ ᠯᠠ ᠪᠢᠵᠡ᠂ ᠲᠠ ᠲᠡᠭᠡᠭᠡᠳ ᠠᠲᠡ ᠪᠠᠨ ᠠᠮᠤᠷᠯᠢᠩᠭᠤᠢ ᠨᠣᠶᠢᠷᠰᠤᠪᠠᠯ ᠪᠣᠯᠴᠢᠬᠠᠨ᠎ᠠ ᠰᠢᠳᠡ᠂ ᠶᠠᠭᠤᠨ ᠳᠤ ᠨᠢ ᠵᠠᠪᠠᠯ ᠨᠡᠭᠦᠵᠦ ᠶᠠᠪᠤᠬᠤ ᠪᠤᠢ︖︾ ᠭᠡᠵᠦ ᠰᠣᠨᠢᠭᠤᠴᠢᠯᠠᠨ ᠠᠰᠠᠭᠤᠪᠠᠯ ᠲᠡᠷᠡ᠄ ︽ᠬᠡᠯᠡᠪᠡᠯ ᠪᠠᠰᠠ ᠦᠭᠡ ᠣᠯᠠᠳᠠᠵᠤ ᠦᠯᠢᠭᠡᠷ ᠤᠷᠲᠤ ᠪᠣᠯᠣᠨ᠎ᠠ᠂ ᠮᠠᠯᠵᠢᠯ ᠤᠨ ᠠᠵᠢᠯ ᠢ ᠬᠠᠮᠢᠶᠠᠷᠴᠤ ᠪᠠᠶᠢᠬᠤ ᠰᠤᠮᠤᠨ ᠳᠠᠷᠤᠭ᠎ᠠ ᠬᠦᠦ ᠮᠢᠨᠢ ᠨᠤᠲᠤᠭ ᠣᠷᠣᠨ ᠤ ᠪᠠᠨ ᠬᠥᠭᠵᠢᠯ ᠲᠠᠪᠰᠢᠯ ᠤᠨ ᠲᠥᠯᠥᠭᠡ ᠡᠨᠡ ᠠᠭᠤᠯᠠᠨ ᠳᠤ ᠤᠯᠠᠨ ᠵᠦᠢᠯ ᠤᠨ ᠮᠣᠳᠣ ᠲᠠᠷᠢᠵᠦ ᠪᠠᠶᠢᠭᠠᠯᠢ ᠶᠢᠨ ᠴᠡᠴᠡᠷᠯᠢᠭ ᠪᠠᠶᠢᠭᠤᠯᠬᠤ ᠶᠤᠮ ᠭᠡᠨ᠎ᠡ᠂ ᠲᠡᠭᠡᠭᠡᠳ ᠯᠠ ᠨᠠᠳᠠ ᠶᠢ ᠸᠠᠨ ᠰᠧᠦ ᠶᠤᠸᠠᠨ ᠭᠡᠲᠡᠭ ᠨᠡᠶᠢᠲᠡ ᠶᠢᠨ ᠤᠩᠭᠤᠨ ᠤ ᠭᠠᠵᠠᠷ ᠨᠡᠭᠦᠯᠭᠡᠭᠰᠡᠨ ᠨᠢ ᠡᠨᠡ ᠠ᠋᠂ ᠮᠢᠨᠤ ᠬᠦᠦ ᠪᠣᠯ ᠠᠶᠢᠯ ᠤᠯᠠᠨ ᠳᠠᠭᠠᠨ ᠢᠲᠡᠭᠡᠯ ᠬᠦᠨᠳᠦᠲᠡᠢ ᠰᠢᠯᠢᠳᠡᠭ ᠺᠠᠳ᠋ᠷ᠂ ᠶᠠᠭᠤ ᠬᠢᠵᠦ ᠶᠠᠭᠠᠬᠢᠵᠤ ᠬᠢᠬᠦ ᠪᠠᠨ ᠲᠣᠳᠣᠷᠬᠠᠢ ᠮᠡᠳᠡᠳᠡᠭ ᠤᠬᠠᠭᠠᠨ ᠲᠠᠢ ᠬᠦᠦ ᠪᠣᠯᠬᠤᠷ ᠲᠡᠭᠦᠨ ᠤ ᠲᠥᠯᠥᠭᠡ ᠪᠢ ᠳᠠᠩᠳᠠ ᠣᠮᠣᠭᠰᠢᠵᠤ ᠶᠠᠪᠤᠳᠠᠭ ᠰᠢᠤ ᠁︾ ᠭᠡᠵᠦ ᠪᠠᠶᠠᠷᠲᠠᠶᠢᠬᠠᠨ ᠬᠡᠯᠡᠬᠦ ᠳᠤ ᠨᠢ ᠪᠢ ᠶᠠᠭᠤ ᠬᠡᠯᠡᠬᠦ ᠪᠠᠨ ᠣᠯᠵᠤ ᠶᠠᠳᠠᠨ ᠠᠯᠮᠠᠶᠢᠷᠠᠨ ᠵᠣᠭᠰᠣᠵᠤ ᠪᠠᠶᠢᠲᠠᠯ᠎ᠠ ᠥᠨᠳᠥᠷ ᠣᠭᠲᠠᠷᠭᠤᠢ ᠠᠴᠠ ᠨᠢᠭᠡᠨ ᠪᠥᠭᠡᠮ ᠴᠠᠭᠠᠨ ᠡᠭᠦᠯᠡ ᠭᠦᠪᠦᠯᠵᠡᠨ ᠳᠣᠭᠤᠭᠰᠢᠯᠠᠭᠰᠠᠭᠠᠷ ᠶᠠᠮᠠᠷ ᠨᠢᠭᠡᠨ ᠰᠠᠬᠢᠭᠤᠯᠰᠤᠨ ᠢ ᠪᠤᠤ ᠮᠡᠳᠡ᠂ ᠠᠩᠭᠢᠷ ᠢ ᠲᠡᠷᠡ ᠡᠭᠦᠯᠡᠨ ᠳᠡᠭᠡᠷ᠎ᠡ ᠲᠠᠳᠠᠨ ᠭᠠᠷᠭᠠᠭᠠᠳ ᠠᠯᠭᠤᠷᠬᠠᠨ ᠳᠡᠭᠳᠡᠭᠰᠡᠭᠡᠷ ᠠᠯᠠᠭᠠᠨ ᠴᠢᠨᠡᠭᠡᠨ ᠲᠣᠯᠪᠤ ᠪᠣᠯᠣᠨ ᠵᠠᠮᠬᠠᠷᠠᠵᠠᠢ ᠁ ᠭᠡᠵᠦ ᠤᠴᠢᠷ ᠲᠠᠢ ᠰᠠᠶᠢᠬᠠᠨ ᠵᠡᠭᠦᠳᠦ ᠪᠠᠨ ᠦᠯᠢᠭᠡᠷ ᠲᠤᠮᠤᠭ ᠰᠢᠭ᠋ ᠶᠠᠷᠢᠬᠤ ᠳᠤ ᠡᠬᠡᠨᠡᠷ ᠮᠢᠨᠢ ᠨᠠᠳᠠ ᠶᠢ ᠡᠯᠡᠭᠯᠡᠨ ᠢᠨᠢᠶᠡᠵᠦ᠄ ︽ᠴᠢ ᠴᠦ ᠭᠡᠵᠦ ᠮᠥᠨ ᠬᠥᠭᠡᠷᠦᠬᠦᠢ ᠶᠤᠮ᠂ ᠵᠢᠷᠠ ᠭᠦᠷᠦᠮᠡᠭᠴᠡ ᠵᠥᠨᠥᠭᠰᠡᠨ ᠡᠪᠦᠭᠡᠨ ᠪᠣᠯᠴᠢᠬᠠᠵᠠᠢ᠃ ᠨᠢᠭᠡᠨ ᠵᠡᠭᠦᠳᠦ ᠶᠢ ᠴᠦ ᠪᠠᠰᠠ ᠦᠨᠡᠨ ᠶᠠᠭᠤᠮ᠎ᠠ ᠪᠣᠯᠭᠠᠨ ᠢᠲᠡᠭᠡᠬᠦ ᠭᠡᠭᠴᠢ ᠦᠨᠡᠬᠡᠷ ᠴᠦ ᠢᠨᠢᠶᠡᠳᠦᠮ ᠲᠠᠢ ᠮᠤᠩᠬᠠᠭ ᠶᠠᠪᠤᠳᠠᠯ ᠪᠠᠶᠢᠨ᠎ᠠ᠂ ᠢᠯᠡᠭᠦᠦ ᠶᠠᠭᠤᠮ᠎ᠠ ᠪᠤᠲᠤᠬᠤ ᠬᠡᠷᠡᠭ ᠦᠭᠡᠢ ᠤᠲᠤ ᠪᠠᠷ ᠢᠶᠠᠨ ᠣᠴᠢᠵᠤ ᠥᠨᠥᠬᠢ ᠥᠨᠥᠴᠢᠨ ᠪᠤᠯᠠᠰᠢᠨ ᠳᠠᠭᠠᠨ ᠨᠢᠭᠡ ᠪᠠᠭᠴᠠ ᠰᠣᠷᠭᠤᠭ ᠴᠡᠴᠡᠭ ᠬᠦᠷᠭᠡ ᠁︾ ᠭᠡᠵᠦ ᠨᠠᠳᠠ ᠶᠢ ᠵᠣᠷᠢᠭᠵᠢᠭᠤᠯᠤᠨ ᠬᠡᠯᠡᠬᠦ ᠳᠤ ᠨᠢ ᠪᠢ ᠴᠦ ᠬᠥᠭᠰᠡᠨ ᠪᠠᠶᠠᠷᠯᠠᠵᠤ ᠨᠢᠭᠡ ᠪᠠᠭᠴᠠ ᠰᠣᠷᠭᠤᠭ ᠴᠡᠴᠡᠭ ᠢᠶᠠᠨ ᠲᠡᠪᠡᠷᠢᠨ ᠡᠷᠭᠢᠴᠡᠭᠦᠯᠦᠯ ᠳᠤᠷᠠᠳᠬᠠᠯ ᠳᠠᠭᠠᠨ ᠰᠣᠭᠲᠣᠭᠤᠷᠠᠨ ᠲᠦᠷᠭᠡᠯᠡᠨ ᠠᠯᠬᠤᠭᠰᠠᠭᠠᠷ ᠥᠨᠥᠬᠢ ᠪᠣᠷᠣ ᠳᠣᠪᠣᠴᠠᠭ ᠳᠡᠭᠡᠷ᠎ᠡ ᠪᠠᠨ ᠬᠦᠷᠴᠦ ᠢᠷᠡᠭᠡᠳ ᠦᠵᠡᠬᠦᠶ᠎ᠡ ᠥᠨᠥᠬᠢ ᠪᠤᠯᠠᠰᠢ ᠨᠢᠭᠡᠨᠲᠡ ᠠᠭᠤᠳᠠᠯᠠᠭᠳᠠᠵᠦ ᠠᠪᠰᠠ ᠴᠢᠨᠳᠠᠷ ᠨᠢ ᠠᠯᠢ  ᠬᠡᠳᠦᠶᠢᠨ ᠠᠯᠠᠭ᠎ᠠ ᠪᠣᠯᠣᠭᠠᠳ ᠣᠩᠭᠤᠶᠢᠭᠰᠠᠨ ᠨᠦᠭᠡᠨ ᠳᠤ ᠨᠢ ᠡᠳᠦᠢ ᠲᠡᠳᠦᠢ ᠴᠢᠯᠠᠭᠤ ᠬᠠᠶᠠᠭᠳᠠᠵᠤ ᠴᠢᠯᠠᠭᠤᠨ ᠫᠠᠶᠢᠯᠤᠤ ᠨᠢ ᠴᠦ ᠬᠠᠵᠠᠭᠤ ᠲᠡᠶᠢᠰᠢ ᠪᠠᠨ ᠬᠠᠵᠠᠶᠢᠵᠤ ᠤᠨᠠᠭᠠᠳ ᠬᠡᠳᠦᠬᠡᠨ ᠦᠰᠦᠭ ᠨᠢ ᠲᠣᠳᠣᠬᠠᠨ ᠬᠠᠷᠠᠭᠳᠠᠨ᠎ᠠ᠃ ︽ᠠ᠋ ᠁ ᠠ᠋ ᠁ ᠡᠨᠡ ᠴᠢᠨᠢ ᠶᠠᠭᠠᠬᠢᠴᠢᠬᠠᠪᠠ︖︾ ᠭᠡᠵᠦ ᠰᠣᠴᠢᠨ ᠭᠠᠶᠢᠬᠠᠵᠤ ᠠᠯᠮᠠᠶᠢᠷᠠᠨ ᠲᠦᠭᠳᠡᠷᠡᠭᠰᠡᠨ ᠢᠶᠠᠨ ᠬᠡᠰᠡᠭ ᠤᠳᠠᠮᠠᠭᠴᠠ ᠡᠭᠡᠭᠡ ᠯᠠ ᠡᠯᠢᠭᠡ ᠵᠢᠷᠦᠬᠡ ᠶᠢ ᠠᠭᠤᠳᠠᠯᠠᠭᠰᠠᠨ ᠰᠢᠭ᠋ ᠬᠥᠨᠳᠡᠢ ᠬᠤᠭᠤᠰᠤᠨ ᠪᠣᠯᠣᠭᠠᠳ ᠡᠵᠡᠭᠦᠢ ᠬᠡᠭᠡᠷ᠎ᠡ ᠬᠠᠶᠠᠭᠳᠠᠭᠰᠠᠨ ᠥᠨᠥᠴᠢᠨ ᠬᠡᠦᠬᠡᠳ ᠰᠢᠭ ᠭᠤᠲᠤᠷᠠᠪᠠ᠃ ᠠᠢ ᠳ᠋ᠠ᠂ ᠬᠥᠭᠡᠷᠦᠬᠦᠢ ᠡᠨᠡ ᠪᠤᠯᠠᠰᠢ ᠪᠣᠯ ᠮᠢᠨᠤ ᠠᠷᠪᠠᠨ ᠵᠢᠯ ᠤᠨ ᠳᠣᠲᠣᠨᠣ ᠨᠠᠶᠢᠵᠠ ᠶᠤᠮ᠂ ᠠᠯᠠᠭ ᠬᠤᠷᠸ᠎ᠠ ᠶᠢᠨ ᠪᠠᠶᠠᠷᠯᠠᠯ ᠭᠤᠨᠢᠭᠯᠠᠯ᠂ ᠤᠴᠠᠷᠠᠯ ᠬᠠᠭᠠᠴᠠᠯ ᠭᠡᠭᠴᠢ ᠡᠶᠢᠮᠦ ᠯᠠ ᠬᠡᠴᠡᠭᠦᠦ ᠤᠤ ᠭᠡᠵᠦ ᠤᠶᠠᠷᠠᠬᠤ ᠰᠡᠳᠬᠢᠯ ᠲᠥᠷᠥᠭᠳᠡᠵᠦ ᠤᠴᠢᠷ ᠲᠠᠢ ᠰᠠᠶᠢᠬᠠᠨ ᠳᠤᠷᠠᠳᠬᠠᠯ ᠳᠠᠭᠠᠨ ᠰᠣᠭᠲᠣᠭᠤᠷᠠᠵᠠᠢ᠃               2012 ᠣᠨ ᠤ ᠬᠠᠩᠰᠢ ᠶᠢᠨ ᠡᠮᠦᠨ᠎ᠡ ᠡᠳᠦᠷ ᠪᠠᠶᠢᠵᠤ ᠪᠢᠯᠡ᠂ ᠤᠷᠪᠠᠭᠠᠨ ᠬᠥᠷᠪᠡᠭᠡᠨ ᠲᠠᠢ ᠨᠡᠶᠢᠭᠡᠮ ᠤᠨ ᠡᠭᠡᠳᠡᠷᠡᠭᠡᠨ ᠪᠤᠳᠤᠯᠢᠶᠠᠨᠲᠠᠢ ᠠᠮᠢᠳᠤᠷᠠᠯ ᠤᠨ ᠲᠠᠯᠠᠢ ᠳᠤ ᠥᠨᠥᠴᠢᠨ ᠳᠠᠷᠪᠠᠭᠤᠯ ᠮᠡᠲᠦ ᠥᠭᠰᠥᠨ ᠤᠷᠤᠭᠤᠳᠠᠭᠰᠠᠭᠠᠷ ᠶᠠᠳᠠᠷᠠᠵᠤ ᠲᠤᠶᠢᠯᠳᠠᠭᠰᠠᠨ ᠪᠢ ᠡᠶᠢᠮᠦ ᠲᠡᠶᠢᠮᠦ ᠰᠢᠯᠲᠠᠭᠠᠨ ᠢᠶᠠᠷ ᠤᠷᠢᠳᠴᠢᠯᠠᠨ ᠠᠵᠢᠯ ᠠᠴᠠ ᠪᠠᠨ ᠠᠮᠠᠷᠠᠭᠰᠠᠨ ᠠᠴᠠ ᠡᠭᠡᠭᠡ ᠯᠠ ᠰᠦᠷᠦᠭ ᠠᠴᠠ ᠪᠠᠨ ᠰᠠᠯᠤᠭᠰᠠᠨ ᠰᠢᠷᠬ᠎ᠠ ᠲᠠᠢ ᠬᠤᠨ ᠰᠢᠭ᠋ ᠭᠡᠶᠦᠷᠡᠨ ᠠᠯᠬᠤᠭᠰᠠᠭᠠᠷ ᠡᠨᠡ ᠳᠣᠪᠣᠴᠠᠭ ᠳᠡᠭᠡᠷ᠎ᠡ ᠠᠩᠬ᠎ᠠ ᠤᠳᠠᠭ᠎ᠠ ᠢᠷᠡᠭᠰᠡᠨ ᠢᠶᠠᠨ ᠲᠣᠳᠣᠷᠬᠠᠢ ᠴᠡᠭᠡᠵᠢᠯᠡᠭᠰᠡᠭᠡᠷ ᠁ ᠦᠳᠡᠰᠢ ᠶᠢᠨ ᠤᠯᠠᠪᠤᠷ ᠲᠤᠯᠤᠩ ᠠᠭᠤᠯᠠ ᠲᠠᠯ᠎ᠠ ᠶᠢ ᠶᠢᠰᠦᠨ ᠥᠩᠭᠡ ᠪᠠᠷ ᠪᠤᠳᠤᠭᠯᠠᠵᠤ ᠬᠠᠪᠤᠷ ᠤᠨ ᠤᠷᠢᠬᠠᠨ ᠰᠠᠯᠬᠢ ᠪᠡᠶ᠎ᠡ ᠴᠣᠭᠴᠠ ᠶᠢ ᠮᠢᠨᠢ ᠡᠶᠡᠪᠡᠷᠭᠦᠤ ᠪᠠᠷ ᠢᠯᠪᠢᠨ ᠣᠨᠴᠠ ᠲᠠᠭᠠᠯᠠᠮᠵᠢᠲᠠᠢ ᠪᠠᠶᠢᠪᠠ᠃ ᠪᠢ ᠨᠢᠭᠡ ᠭᠤᠳᠣᠯᠢ ᠲᠠᠮᠠᠬᠢ ᠨᠣᠴᠣᠭᠠᠵᠤ ᠣᠷᠴᠢᠨ ᠲᠣᠭᠤᠷᠢᠨ ᠢᠶᠠᠨ ᠠᠵᠢᠭᠯᠠᠨ ᠰᠠᠭᠤᠲᠠᠯ᠎ᠠ ᠠᠷᠪᠠᠭᠠᠳ ᠯᠠ ᠮᠧᠲᠷ ᠤᠨ ᠡᠮᠦᠨ᠎ᠡ ᠨᠢᠭᠡᠨ ᠵᠢᠵᠢᠭᠬᠡᠨ ᠴᠢᠯᠠᠭᠤᠨ ᠣᠪᠣᠭ᠎ᠠ ᠬᠠᠷᠠᠭᠳᠠᠪᠠ᠂ ᠰᠣᠨᠢᠭᠤᠴᠢ ᠵᠠᠩ ᠢᠶᠠᠷ ᠢᠶᠠᠨ ᠬᠠᠵᠠᠭᠤ ᠳᠤ ᠨᠢ ᠣᠴᠢᠵᠤ ᠦᠵᠡᠬᠦ ᠳᠤ ᠬᠥᠭᠡᠷᠦᠬᠦᠢ ᠨᠢᠭᠡᠨ ᠥᠨᠥᠴᠢᠨ ᠪᠤᠯᠠᠰᠢ ᠪᠠᠶᠢᠵᠤ ᠳ᠋ᠠ᠂ ᠨᠠᠷᠢᠪᠴᠢᠯᠠᠨ ᠠᠵᠢᠭᠯᠠᠪᠠᠯ ᠥᠨᠳᠡᠭᠡᠨ ᠴᠠᠭᠠᠨ ᠴᠢᠯᠠᠭᠤᠳ ᠢᠶᠠᠷ ᠬᠥᠮᠥᠷᠢᠭᠰᠡᠨ ᠲᠣᠭᠤᠭ᠎ᠠ ᠮᠡᠲᠦ ᠣᠪᠣᠭᠠᠯᠠᠵᠤ ᠪᠣᠰᠬᠠᠭᠰᠠᠨ ᠪᠤᠯᠠᠰᠢ ᠪᠠᠶᠢᠭᠰᠠᠨ ᠪᠠ ᠡᠮᠦᠨ᠎ᠡ ᠨᠢ ᠵᠢᠵᠢᠭ ᠫᠠᠶᠢᠯᠤᠤ ᠪᠣᠰᠬᠠᠵᠤ ︽1971 ᠣᠨ ᠤ 6 ᠰᠠᠷ᠎ᠠ ᠶᠢᠨ 17 ᠤ ᠡᠳᠦᠷ ᠠᠴᠠ 2012 ᠣᠨ ᠤ 1 ᠰᠠᠷ᠎ᠠ ᠶᠢᠨ 21 ᠤ ᠡᠳᠦᠷ ᠠᠩᠭᠢᠷ ᠤᠨ ᠪᠤᠯᠠᠰᠢ︾ ᠭᠡᠵᠦ ᠪᠢᠴᠢᠵᠦ ᠪᠠᠶᠢᠪᠠ᠃ ᠲᠡᠭᠦᠨ ᠤ ᠭᠠᠳᠠᠭᠤᠷᠬᠢ ᠳᠥᠷᠪᠡ ᠲᠠᠪᠤᠨ ᠳᠥᠷᠪᠡᠯᠵᠢᠨ ᠮᠧᠲᠷ ᠤᠨ ᠲᠠᠯᠠᠪᠠᠢ ᠶᠢ ᠨᠢᠳᠤᠷᠭᠠᠨ ᠴᠢᠨᠡᠭᠡᠨ ᠬᠥᠬᠡ ᠴᠢᠯᠠᠭᠤᠳ ᠢᠶᠠᠷ ᠲᠤᠭᠤᠷ ᠤᠨ ᠬᠡᠯᠪᠡᠷᠢᠲᠡᠢ ᠬᠦᠷᠢᠶᠡᠯᠡᠵᠦ ᠤᠩᠭᠤᠨ ᠤ ᠬᠦᠷᠢᠶ᠎ᠡ ᠪᠤᠯᠭᠠᠭᠰᠠᠨ ᠨᠢ ᠬᠡᠦᠬᠡᠳ ᠤᠨ ᠨᠠᠭᠠᠳᠤᠮ ᠭᠡᠮᠡᠷ ᠶᠠᠯᠢ ᠦᠭᠡᠶᠢᠬᠡᠨ ᠬᠠᠷᠠᠭᠳᠠᠨ᠎ᠠ᠃ ᠴᠢ ᠴᠦ ᠴᠣᠬᠤᠮ ᠬᠥᠭᠡᠷᠦᠬᠦᠢ ᠳ᠋ᠡ᠂ ᠶᠠᠭᠤᠨ ᠳᠤ ᠡᠶᠢᠮᠦ ᠵᠠᠯᠠᠭᠤ ᠪᠠᠷ  ᠢᠶᠠᠨ ᠡᠷᠯᠢᠭ ᠲᠤ ᠮᠣᠷᠳᠠᠭᠰᠠᠨ ᠪᠤᠢ᠂ ᠵᠢᠷᠭᠠᠯ ᠲᠠᠢ ᠦᠬᠦᠬᠦ ᠪᠠᠷ ᠢᠶᠠᠨ ᠵᠤᠪᠠᠯᠠᠩ ᠲᠠᠢ ᠠᠮᠢᠳᠤᠷᠠᠭᠰᠠᠨ ᠨᠢ ᠬᠤᠯᠠ ᠳᠡᠭᠡᠷ᠎ᠡ ᠰᠢᠤ᠂ ᠲᠡᠶᠢᠮᠦ ᠠᠴᠠ ᠠᠮᠢᠳᠤ ᠶᠠᠪᠤᠪᠠᠯ ᠠᠯᠳᠠᠨ ᠠᠶᠠᠭᠠᠨ ᠠᠴᠠ ᠤᠰᠤ ᠤᠤᠭᠤᠨ᠎ᠠ ᠭᠡᠲᠡᠭ ᠶᠤᠮ ᠠ᠋᠃ ᠴᠢᠮ᠎ᠠ ᠶᠢ ᠪᠤᠲᠤᠪᠠᠯ ᠪᠢ ᠪᠠᠰᠠ ᠪᠤᠶᠠᠨ ᠲᠠᠢ ᠬᠥᠮᠥᠨ ᠳ᠋ᠡ᠂ ᠬᠡᠳᠦᠢ ᠮᠠᠭᠤ ᠪᠤᠯᠪᠠᠴᠤ ᠠᠲᠡ ᠥᠷᠪᠥᠶᠢᠵᠦ ᠵᠣᠭᠰᠣᠵᠤ ᠪᠠᠶᠢᠬᠤ ᠪᠢᠰᠢ ᠤᠤ ᠁ ᠭᠡᠵᠦ ᠪᠤᠲᠤᠬᠤᠶ᠎ᠠ ᠠᠲᠠᠭ᠎ᠠ ᠵᠢᠲᠥᠭᠡ ᠲᠠᠢ ᠠᠮᠢᠳᠤᠷᠠᠯ ᠤᠨ ᠵᠠᠮ ᠳᠡᠭᠡᠷᠡᠬᠢ ᠠᠯᠢᠪᠠ ᠨᠤᠭᠤᠷᠠᠯ ᠪᠦᠳᠦᠷᠢᠯ ᠠᠴᠠ ᠪᠣᠯᠤᠭᠰᠠᠨ ᠰᠡᠭᠦᠷᠡᠰᠦ ᠠᠯᠳᠠᠵᠤ ᠰᠡᠳᠬᠢᠯ ᠡᠮᠲᠡᠷᠡᠮ᠎ᠡ ᠲᠡᠳᠡᠭᠡᠷ ᠤᠴᠠᠷᠠᠯ ᠤᠳ ᠬᠥᠬᠡᠮᠳᠦᠭ ᠣᠭᠲᠠᠷᠭᠤᠢ ᠶᠢᠨ ᠭᠦᠪᠡᠭᠡ ᠦᠭᠡᠢ ᠬᠠᠶᠠᠭᠠᠨ ᠳᠤ ᠰᠢᠩᠭᠡᠨ ᠠᠭᠤᠰᠴᠤ ᠪᠢᠯᠡ᠃ ᠠᠩᠬ᠎ᠠ ᠠᠭᠤᠯᠵᠠᠭᠰᠠᠨ ᠡᠨᠡ ᠪᠤᠯᠠᠰᠢ ᠨᠠᠳᠠ ᠳᠤ ᠶᠢᠷᠲᠢᠨᠴᠦ ᠶᠢᠨ ᠰᠠᠶᠢᠬᠠᠨ ᠢ ᠮᠡᠳᠡᠷᠡᠭᠦᠯᠵᠦ᠂ ᠠᠮᠢᠳᠤᠷᠠᠯ ᠤᠨ ᠰᠠᠶᠢᠬᠠᠨ ᠢ ᠠᠮᠲᠠᠯᠠᠭᠤᠯᠤᠨ ᠠᠮᠢᠳᠤᠷᠠᠬᠤ ᠶᠢᠨ ᠢᠲᠡᠭᠡᠯ ᠢ ᠬᠥᠪᠴᠢᠯᠡᠵᠦ᠂ ᠮᠢᠨᠤ ᠭᠤᠲᠤᠷᠠᠩᠭᠤᠢ ᠰᠡᠳᠬᠢᠯ ᠢ ᠨᠠᠮᠢᠷᠠᠭ᠎ᠠ ᠬᠤᠷ᠎ᠠ ᠰᠢᠭ᠋ ᠤᠮᠳᠠᠯᠠᠭᠰᠠᠨ ᠪᠢᠯᠡ᠃ ᠲᠡᠭᠡᠭᠡᠳ ᠯᠠ ᠪᠢ ︽ ᠦᠬᠡᠷ ᠢᠶᠠᠷ ᠲᠤᠰᠠᠯᠠᠵᠤ ᠲᠡᠶᠢᠯᠭᠦ ᠦᠭᠡᠢ ᠪᠤᠯᠪᠠᠴᠤ ᠦᠭᠡ ᠪᠠᠷ ᠢᠶᠠᠨ ᠲᠤᠰᠠᠯᠠᠶ᠎ᠠ ᠳ᠋ᠠ︾ ᠭᠡᠰᠡᠨ ᠨᠢᠭᠡ ᠯᠠ ᠥᠭᠭᠢᠶᠡᠮᠦᠷᠴᠢ ᠪᠤᠲᠤᠯ ᠢᠶᠠᠷ ᠢᠶᠠᠨ ᠡᠨᠡ ᠨᠠᠶᠢᠵᠠ ᠳᠠᠭᠠᠨ ᠠᠷᠪᠠᠨ ᠵᠢᠯ ᠳᠠᠷᠠᠭᠠᠯᠠᠨ ᠰᠣᠷᠭᠤᠭ ᠴᠡᠴᠡᠭ ᠬᠦᠷᠭᠡᠭᠰᠡᠨ ᠨᠢ ᠡᠨᠡ ᠪᠠᠶᠢᠵᠠᠢ᠃ ᠭᠡᠨᠡᠳᠲᠡ ︽ᠳ᠋ᠢᠳ ᠁ ᠳ᠋ᠢᠳ ᠁︾ ᠭᠡᠬᠦ ᠲᠠᠭᠤᠨ ᠳᠤ ᠰᠣᠴᠢᠰᠬᠢᠨ ᠠᠵᠢᠭᠯᠠᠪᠠᠯ ᠠᠯᠪᠠᠨ ᠪᠠᠶᠢᠭᠤᠯᠭ᠎ᠠ ᠶᠢᠨ ᠬᠡᠳᠦᠨ ᠵᠠᠭᠤᠨ ᠠᠯᠪᠠᠳᠠᠨ ᠺᠠᠳ᠋ᠷᠴᠤᠳ ᠮᠣᠳᠣ ᠲᠠᠷᠢᠬᠤ ᠪᠠᠷ ᠢᠷᠡᠵᠡᠭᠡᠵᠦ ᠪᠠᠶᠢᠯ᠎ᠠ᠃    
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ