ᠰᠢᠨ᠎ᠡ ᠣᠨ ᠢᠶᠠᠨ ᠤᠭᠲᠤᠶ᠎ᠠ
ᠨᠡᠶᠢᠲᠡᠯᠡᠭᠰᠡᠨ ᠴᠠᠭ᠄
2024/1/10
      ᠰᠢᠨ᠎ᠡ ᠣᠨ ᠢᠶᠠᠨ -      ᠰᠢᠵᠢᠷ ᠨᠠᠷᠠᠨ ᠤ ᠠᠯᠲᠠᠨ ᠰᠠᠴᠤᠷᠠᠭ ᠳᠡᠭᠡᠷ᠎ᠡ ᠰᠠᠮᠪᠠᠢ ᠬᠠᠲᠠᠬ ᠤᠨ ᠨᠠᠮᠢᠷᠠᠭᠠᠨ ᠲᠠᠢ ᠤᠭᠲᠤᠶ᠎ᠠ      ᠰᠢᠨ᠎ᠡ ᠶᠢᠨ ᠪᠡᠯᠭᠡᠳᠡᠯ ᠮᠥᠩᠭᠦᠨ ᠠᠶᠠᠭᠠᠨ ᠳᠤ ᠠᠷᠠᠵᠠ ᠶᠢᠨ ᠮᠠᠯᠮᠠᠯᠵᠡᠭᠡᠨ ᠲᠠᠢ ᠤᠭᠲᠤᠶ᠎ᠠ      ᠰᠢᠯᠢᠳᠡᠭ ᠠᠮᠵᠢᠯᠲᠠ ᠪᠠᠨ ᠪᠠᠶᠠᠷᠯᠠᠨ ᠪᠡᠯᠭᠡᠯᠡᠬᠦ ᠬᠠᠩᠭᠢᠨᠠᠮ᠎ᠠ ᠡᠭᠡᠰᠢᠭ ᠲᠠᠢ ᠤᠭᠲᠤᠶ᠎ᠠ      ᠰᠢᠨᠲᠠᠷᠠᠰᠢ ᠦᠭᠡᠢ ᠣᠮᠤᠭ ᠡᠷᠴᠢᠯᠡᠬᠦ ᠬᠦᠰᠡᠯ ᠢᠲᠡᠭᠡᠯ ᠤᠨ ᠤᠶᠠᠩᠭ᠎ᠠ ᠲᠠᠢ ᠤᠭᠲᠤᠶ᠎ᠠ      ᠰᠢᠨ᠎ᠡ ᠣᠨ ᠢᠶᠠᠨ -      ᠭᠡᠭᠡᠨ ᠲᠣᠷᠣᠨ᠎ᠠ ᠶᠢᠨ ᠠᠭᠤᠳᠠᠮ ᠨᠤᠲᠤᠭ ᠲᠤ ᠬᠠᠰ ᠤᠨ ᠴᠠᠰᠤᠨ ᠤ ᠴᠠᠶᠢᠯᠵᠠᠭ᠎ᠠ ᠲᠠᠢ ᠤᠭᠲᠤᠶ᠎ᠠ      ᠬᠡᠭᠡᠮᠰᠦᠭ ᠡᠬᠡ ᠣᠷᠣᠨ ᠤ ᠥᠷᠥᠴᠡᠨ ᠳᠤ ᠬᠠᠶᠢᠷ᠎ᠠ ᠶᠢᠨ ᠤᠶᠠᠩᠭᠠᠨ ᠲᠠᠯᠠᠯᠭ᠎ᠠ ᠲᠠᠢ ᠤᠭᠲᠤᠶ᠎ᠠ      ᠬᠡᠷᠡᠯᠳᠦ ᠣᠷᠴᠢᠯᠠᠩ ᠳᠤ ᠡᠩᠬᠡ ᠳᠠᠭᠤᠷᠢᠰᠬᠤ ᠠᠮᠵᠢᠯᠲᠠ ᠶᠢᠨ ᠳᠠᠭᠤᠯᠠᠯ ᠲᠠᠢ ᠤᠭᠲᠤᠶ᠎ᠠ      ᠬᠡᠵᠢᠶ᠎ᠡ ᠡᠭᠦᠷᠢᠳᠡ ᠠᠮᠤᠭᠤᠯᠠᠩ ᠣᠷᠣᠰᠢᠬᠤ ᠠᠰᠢᠳᠠ ᠶᠢᠨ ᠵᠠᠶᠠᠭᠠᠨ ᠤ ᠠᠶᠢᠵᠠᠮ ᠲᠠᠢ ᠤᠭᠲᠤᠶ᠎ᠠ       ᠰᠢᠨ᠎ᠡ ᠣᠨ ᠢᠶᠠᠨ -      ᠤᠬᠠᠭᠠᠨᠲᠤ ᠪᠤᠭᠤᠷᠤᠯ ᠨᠠᠰᠤᠲᠠᠳ ᠤᠨ ᠢᠷᠦᠭᠡᠯ ᠳᠤ ᠠᠵᠠ ᠵᠢᠷᠭᠠᠯ ᠤᠨ ᠪᠡᠯᠭᠡᠰᠢᠶᠡᠯ ᠲᠠᠢ ᠤᠭᠲᠤᠶ᠎ᠠ      ᠣᠷᠲᠣ ᠶᠢᠨ ᠳᠠᠭᠤᠤ ᠶᠢᠨ ᠤᠷᠠᠨ ᠠᠶᠢᠵᠠᠮ ᠳᠤ ᠠᠷᠢᠭᠤᠨ ᠬᠦᠰᠡᠯ ᠤᠨ ᠲᠤᠶᠠᠭ᠎ᠠ ᠲᠠᠢ ᠤᠭᠲᠤᠶ᠎ᠠ      ᠤᠴᠠᠷᠠᠯ ᠤᠨ ᠰᠠᠶᠢᠬᠠᠨ ᠨᠠᠶᠢᠵᠢ ᠶᠢᠨ ᠰᠡᠳᠬᠢᠯ ᠳᠤ ᠴᠤᠬ ᠵᠢᠪᠬᠤᠭ᠎ᠠ ᠲᠡᠭᠦᠰ ᠲᠡᠭᠦᠯᠳᠡᠷ ᠤᠭᠲᠤᠶ᠎ᠠ      ᠤᠳᠤᠮ ᠰᠤᠳᠤᠷ ᠤᠨ ᠪᠠᠲᠤ ᠣᠷᠣᠰᠢᠬᠤ ᠰᠤᠷᠭᠠᠯ ᠳᠤ ᠣᠶᠣᠨ ᠪᠢᠯᠢᠭ ᠤᠨ ᠢᠯᠴᠢ ᠭᠡᠷᠡᠯ ᠲᠠᠢ ᠤᠭᠲᠤᠶ᠎ᠠ      ᠰᠢᠨ᠎ᠡ ᠣᠨ ᠢᠶᠠᠨ -      ᠣᠨ ᠵᠠᠭᠤᠨ ᠤ ᠠᠷᠠᠨᠵᠠᠯ ᠭᠦᠯᠦᠭ ᠤᠨ ᠮᠤᠨᠳᠠᠭᠠᠨ ᠳᠤ ᠬᠥᠭᠡᠮᠡᠢ ᠶᠢᠨ ᠤᠶᠠᠬᠠᠨ ᠢᠰᠭᠡᠷᠦᠭᠡ ᠲᠠᠢ ᠤᠭᠲᠤᠶ᠎ᠠ      ᠣᠷᠴᠢᠬᠤ ᠴᠠᠭ ᠤᠨ ᠠᠯᠳᠠᠩᠬᠠᠨ ᠬᠠᠷᠭᠤᠢ ᠳᠤ ᠭᠦᠷ ᠨᠠᠶᠢᠷ ᠤᠨ ᠢᠷᠠᠭᠤ ᠴᠢᠪᠬᠠᠳᠠᠰᠤ ᠲᠠᠢ ᠤᠭᠲᠤᠶ᠎ᠠ      ᠦᠢᠯᠡᠰ ᠤᠨ ᠰᠠᠶᠢᠬᠠᠨ ᠬᠦᠰᠡᠯ ᠤᠨ ᠥᠨᠳᠥᠷ ᠲᠤ ᠬᠥᠭᠵᠢᠯ ᠴᠡᠴᠡᠭᠯᠡᠯ ᠤᠨ ᠪᠡᠯᠭᠡ ᠳᠡᠮᠪᠡᠷᠢᠯ ᠲᠠᠢ ᠤᠭᠲᠤᠶ᠎ᠠ      ᠤᠷᠤᠭᠰᠢᠯᠠᠨ ᠲᠠᠪᠰᠢᠬᠤ ᠬᠥᠭᠵᠢᠯ ᠤᠨ ᠠᠶᠠᠨ ᠳᠤ ᠬᠥᠮᠥᠨ ᠠᠷᠠᠳ ᠤᠨ ᠪᠠᠶᠠᠷ ᠵᠢᠷᠭᠠᠯ ᠲᠠᠢ ᠤᠭᠲᠤᠶ᠎ᠠ  
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ