ᠬᠡᠶᠢᠮᠣᠷᠢ ᠳᠠᠯᠠᠯᠤᠭᠰᠠᠨ 2024 ᠣᠨ
ᠨᠡᠶᠢᠲᠡᠯᠡᠭᠰᠡᠨ ᠴᠠᠭ᠄
2024/1/10
      ᠲᠦᠷᠪᠡᠨ ᠥᠨᠳᠥᠷ ᠢ ᠥᠭᠰᠥᠵᠦ      ᠳᠡᠯᠭᠡᠷᠡᠬᠦ ᠶᠢᠨ ᠵᠠᠶᠠᠭ᠎ᠠ ᠲᠠᠢ ᠢᠷᠡᠯ᠎ᠡ      ᠲᠠᠶᠢᠪᠤᠩ ᠠᠮᠤᠭᠤᠯᠠᠩ ᠢ ᠵᠥᠩᠨᠡᠵᠦ      ᠲᠡᠷᠭᠡᠯᠰᠢᠬᠦ ᠶᠢᠨ ᠬᠦᠰᠡᠯ ᠲᠠᠢ ᠢᠷᠡᠯ᠎ᠡ      2024 ᠣᠨ -      ᠬᠡᠶᠢᠮᠣᠷᠢ ᠳᠠᠯᠠᠯᠤᠭᠰᠠᠨ ᠰᠢᠨ᠎ᠡ ᠣᠨ      ᠨᠠᠷᠠ ᠣᠶᠢᠷᠠᠬᠠᠨ ᠨᠤᠲᠤᠭ ᠤᠨ ᠮᠢᠨᠢ      ᠨᠣᠶᠠᠨ ᠰᠠᠷᠢᠳᠠᠭ ᠥᠨᠳᠡᠯᠵᠡᠯ᠎ᠡ      ᠨᠠᠷᠢᠨ ᠭᠤᠣᠯ ᠤᠨ ᠮᠢᠨᠢ ᠤᠷᠤᠰᠬᠠᠯ      ᠮᠥᠰᠥ ᠪᠠᠨ ᠢᠰᠬᠦᠯᠵᠦ ᠱᠤᠤᠭᠢᠯ᠎ᠠ      2024 ᠣᠨ -      ᠬᠡᠰᠢᠭ ᠬᠤᠷᠤᠶᠢᠯᠠᠭᠰᠠᠨ ᠰᠢᠨ᠎ᠡ ᠣᠨ      ᠤᠷᠠᠨ ᠰᠢᠪᠠᠭᠤᠳ ᠤᠨ ᠵᠢᠷᠭᠢᠭᠡᠭᠡ      ᠤᠢ ᠪᠠᠨ ᠲᠠᠶᠢᠳᠬᠤᠷᠠᠲᠠᠯ᠎ᠠ ᠤᠶᠠᠩᠭᠠᠷᠠᠯ᠎ᠠ      ᠤᠷᠢᠨ ᠴᠠᠭ ᠢ ᠵᠡᠭᠦᠳᠦᠯᠡᠭᠰᠡᠨ      ᠦᠨᠳᠦᠰᠦ  ᠪᠦᠭᠦᠨ ᠰᠡᠷᠡᠯ᠎ᠡ      2024 ᠣᠨ -      ᠬᠥᠭᠵᠢᠯ ᠤᠨ ᠰᠤᠪᠢᠩ ᠲᠠᠢ ᠰᠢᠨ᠎ᠡ ᠣᠨ      ᠬᠤᠶᠢᠲᠤ ᠨᠠᠭᠤᠷ ᠤᠨ ᠵᠢᠭᠠᠰᠤ      ᠥᠭᠡᠳᠡ ᠪᠠᠨ ᠴᠣᠯᠭᠢᠵᠤ ᠡᠬᠢᠯᠡᠯ᠎ᠡ      ᠬᠤᠵᠢᠷᠲᠤ ᠶᠢᠨ ᠴᠢᠯᠠᠭᠤᠨ ᠣᠪᠣᠭ᠎ᠠ      ᠤᠨᠠᠭᠠᠨ ᠤ ᠪᠠᠨ ᠦᠦᠷᠰᠡᠭᠡᠨ ᠳᠤ ᠥᠨᠳᠡᠯᠵᠡᠯ᠎ᠡ      2024 ᠣᠨ -      ᠪᠠᠶᠠᠷ ᠪᠠᠭ᠋ᠠᠳᠤᠯ ᠲᠠᠢ ᠰᠢᠨ᠎ᠡ ᠣᠨ      ᠰᠠᠴᠤᠯᠢ ᠡᠷᠭᠦᠭᠰᠡᠨ ᠡᠮᠡᠭᠡ ᠶᠢᠨ      ᠰᠦᠵᠢᠭ ᠨᠢ ᠭᠡᠷᠡᠯ ᠳᠤ ᠠᠭᠤᠰᠤᠯ᠎ᠠ      ᠰᠠᠷᠬᠤᠳ ᠢᠳᠡᠮᠯᠡᠭᠰᠡᠨ ᠡᠪᠦᠭᠡ ᠶᠢᠨ      ᠰᠠᠨᠠᠭ᠎ᠠ ᠨᠢ ᠵᠢᠷᠦᠬᠡᠨ ᠳᠤ ᠰᠢᠩᠭᠡᠯ᠎ᠡ      2024 ᠣᠨ -      ᠪᠡᠯᠭᠡ ᠳᠡᠮᠪᠡᠷᠢᠯ ᠲᠠᠢ ᠰᠢᠨ᠎ᠡ ᠣᠨ      ᠤᠷᠳᠤ ᠶᠢᠨ ᠳᠠᠭᠤᠤ ᠶᠢᠨ ᠰᠢᠷᠤᠩᠬᠠᠢ      ᠬᠤᠳᠠ ᠤᠰᠤ ᠶᠢ ᠪᠠᠶᠠᠰᠬᠠᠯ᠎ᠠ      ᠥᠰᠪᠦᠷᠢ ᠶᠢᠨ ᠬᠡᠦᠬᠡᠳ ᠤᠨ ᠢᠨᠢᠶᠡᠳᠦ      ᠣᠭᠲᠠᠷᠭᠤᠢ ᠶᠢᠨ ᠲᠠᠩᠨᠠᠢ ᠳᠤ ᠬᠦᠩᠭᠢᠨᠡᠯ᠎ᠡ      2024 ᠣᠨ -      ᠠᠵᠠ ᠵᠢᠷᠭᠠᠯ ᠲᠠᠢ ᠰᠢᠨ᠎ᠡ ᠣᠨ 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ