ᠰᠤᠷᠪᠤᠯᠵᠢᠯᠠᠬᠴᠢ ᠪᠠᠶᠠᠨᠨᠠᠭᠤᠷ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ ᠡᠨᠡ ᠵᠢᠯ ᠤᠨ ᠥᠪᠥᠷ | ᠮᠣᠩᠭᠤᠯ ᠤᠨ ᠭᠤᠣᠯᠳᠠᠯᠭ᠎ᠠ ᠲᠠᠢ ᠠᠮᠤ ᠲᠣᠰᠣᠨ ᠤ ᠲᠠᠷᠢᠮᠠᠯ ᠤᠨ ᠥᠨᠳᠥᠷ ᠤᠨᠠᠯᠲᠠ ᠶᠢᠨ ᠤᠷᠤᠯᠳᠤᠭᠠᠨ ᠳᠤ ᠪᠠᠶᠠᠨᠨᠠᠭᠤᠷ ᠬᠤᠲᠠ ᠶᠢᠨ ᠲᠥᠮᠥᠰᠥᠨ ᠤ ᠮᠦ | ᠨᠢᠭᠡᠴᠢ ᠶᠢᠨ ᠬᠠᠮᠤᠭ ᠤᠨ ᠥᠨᠳᠥᠷ ᠤᠨᠠᠯᠲᠠ 6560.71 ᠺᠢᠯᠦᠭᠷᠠᠮ ᠳᠤ ᠬᠦᠷᠴᠦ᠂ ᠲᠠᠸᠠᠷ ᠤᠨ ᠲᠥᠮᠥᠰᠥᠨ ᠤ ᠨᠣᠷᠮ᠎ᠠ 99.71% ᠳᠤ ᠬᠦᠷᠴᠦ᠂ ᠥᠪᠥᠷ | ᠮᠣᠩᠭᠤᠯ ᠤᠨ ᠲᠥᠮᠥᠰᠥᠨ ᠤ ᠥᠨᠳᠥᠷ ᠤᠨᠠᠯᠲᠠ ᠶᠢᠨ ᠲᠡᠮᠳᠡᠭᠯᠡᠯ ᠢ ᠡᠭᠦᠳᠪᠡ᠃ | ᠲᠥᠮᠥᠰᠥᠨ ᠤ ᠥᠨᠳᠥᠷ ᠤᠨᠠᠯᠲᠠ ᠶᠢᠨ ᠲᠡᠮᠳᠡᠭᠯᠡᠯ ᠢ ᠡᠭᠦᠳᠦᠭᠰᠡᠨ ᠲᠠᠷᠢᠶ᠎ᠠ ᠨᠢ ᠳ᠋ᠧᠩᠺᠧᠦ ᠰᠢᠶᠠᠨ ᠤ ᠱᠠᠵᠢᠨᠲᠣᠬᠤᠢ ᠰᠤᠮᠤ ᠶᠢᠨ ᠪᠠᠶᠠᠨᠪᠤᠯᠠᠭ ᠭᠠᠴᠠᠭᠠᠨ ᠳᠤ | ᠪᠠᠶᠢᠷᠢᠯᠠᠵᠤ ᠪᠤᠢ᠃ ᠠᠳᠡᠬᠢ ᠬᠢᠷᠠᠭᠤ ᠦᠭᠡᠢ ᠬᠤᠭᠤᠴᠠᠭ᠎ᠠ 136 ᠬᠤᠨᠤᠭ ᠪᠠᠶᠢᠳᠠᠭ᠃ ᠲᠤᠰ ᠬᠡᠰᠡᠭ ᠲᠠᠷᠢᠶᠠᠨ ᠭᠠᠵᠠᠷ ᠨᠢ ᠥᠨᠳᠥᠷ ᠲᠠᠯᠠᠩ ᠪᠦᠬᠦᠢ ᠤᠰᠤ | ᠪᠣᠷᠳᠣᠭᠤᠷ ᠢ ᠨᠢᠭᠡ ᠴᠣᠭᠴᠠᠵᠢᠭᠤᠯᠤᠨ ᠳᠤᠰᠤᠯᠭᠠᠨ ᠤᠰᠤᠯᠠᠬᠤ ᠭᠡᠯᠪᠡᠷᠢ ᠪᠠᠷ ᠲᠠᠷᠢᠵᠤ᠂ ᠳᠠᠷᠢᠭᠰᠠᠨ ᠴᠠᠭ ᠨᠢ 4 ᠰᠠᠷ᠎ᠠ ᠶᠢᠨ 8 ᠤ ᠡᠳᠦᠷ ᠪᠠᠶᠢᠵᠤ᠂ ᠶᠡᠷᠦᠳᠡ ᠶᠢᠨ | ᠲᠥᠮᠥᠰᠥ ᠲᠠᠷᠢᠬᠤ ᠴᠠᠭ ᠠᠴᠠ 20 ᠡᠳᠦᠷ ᠣᠷᠴᠢᠮ ᠤᠷᠢᠳᠴᠢᠯᠠᠵᠠᠢ᠃ ᠲᠤᠰ ᠬᠡᠰᠡᠭ ᠲᠠᠷᠢᠶᠠᠨ ᠭᠠᠵᠠᠷ ᠤᠨ ᠬᠥᠷᠥᠰᠥᠨ ᠤ ᠲᠥᠷᠥᠯ ᠵᠦᠢᠯ ᠨᠢ ᠡᠯᠡᠰᠦᠷᠬᠡᠭ | ᠰᠢᠷᠣᠢ ᠪᠠᠶᠢᠵᠤ᠂ ᠬᠥᠷᠥᠰᠥᠨ ᠤ ᠰᠢᠮ᠎ᠡ ᠶᠢ ᠳᠡᠭᠡᠭᠰᠢᠯᠡᠭᠦᠯᠭᠦ ᠶᠢᠨ ᠲᠥᠯᠥᠭᠡ ᠵᠢᠯ ᠳᠤ ᠮᠦ ᠳᠤᠮᠳᠠᠴᠢ ᠪᠠᠷ 13 ᠪᠣᠰᠤᠭ᠎ᠠ ᠳᠥᠷᠪᠡᠯᠵᠢᠨ ᠮᠧᠲᠷ ᠤᠨ ᠣᠷᠭᠠᠨᠢᠭ | ᠪᠣᠷᠳᠣᠭᠤᠷ ᠣᠷᠣᠭᠤᠯᠵᠤ᠂ ᠦᠷᠭᠦᠯᠵᠢᠯᠡᠨ 2 ᠵᠢᠯ ᠣᠷᠣᠭᠤᠯᠪᠠ᠃ ᠡᠭᠦᠨ ᠤ ᠬᠠᠮᠲᠤ ᠤᠰᠤ ᠪᠣᠷᠳᠣᠭᠤᠷ ᠢ ᠨᠠᠷᠢᠯᠢᠭ ᠣᠨᠣᠪᠴᠢᠲᠠᠢ ᠲᠣᠬᠢᠷᠠᠭᠤᠯᠤᠨ᠂ ᠭᠡᠮ | ᠬᠤᠷᠣᠬᠠᠢ ᠶᠢᠨ ᠬᠥᠨᠥᠭᠡᠯ ᠢ ᠪᠣᠬᠢᠷᠳᠤᠯ ᠦᠭᠡᠢ ᠪᠠᠷ ᠰᠡᠷᠭᠡᠶᠢᠯᠡᠨ ᠵᠠᠰᠠᠬᠤ᠂ ᠪᠦᠭᠦ ᠶᠠᠪᠤᠴᠠ ᠳᠤ ᠮᠧᠬᠠᠨᠢᠭᠴᠢᠯᠠᠭᠰᠠᠨ ᠥᠨᠳᠥᠷ ᠪᠦᠲᠦᠮᠵᠢᠲᠠᠢ ᠠᠵᠢᠯᠯᠠᠭ᠎ᠠ ᠶᠢᠨ | ᠪᠠᠷᠢᠮᠵᠢᠶᠠᠵᠢᠭᠰᠠᠨ ᠦᠢᠯᠡᠳᠪᠦᠷᠢᠯᠡᠯ ᠵᠡᠷᠭᠡ ᠮᠡᠷᠭᠡᠵᠢᠯ ᠢ ᠬᠤᠷᠠᠮᠳᠤᠭᠤᠯᠵᠤ᠂ ᠲᠥᠮᠥᠰᠥ ᠶᠢᠨ ᠴᠢᠨᠠᠷ ᠰᠠᠶᠢᠲᠠᠢ ᠥᠨᠳᠥᠷ ᠤᠨᠠᠯᠲᠠ ᠳᠤ ᠪᠠᠲᠤ ᠪᠠᠬᠢ ᠰᠠᠭᠤᠷᠢ | ᠲᠠᠯᠪᠢᠪᠠ᠃ | ᠣᠶᠢᠷ᠎ᠠ ᠶᠢᠨ ᠵᠢᠯ ᠠᠴᠠ ᠪᠠᠶᠠᠨᠨᠠᠭᠤᠷ ᠬᠤᠲᠠ ᠲᠥᠮᠥᠰᠥ ᠶᠢᠨ ᠠᠵᠤ ᠦᠢᠯᠡᠰ ᠢ ᠪᠠᠷᠢᠮᠵᠢᠶᠠᠵᠢᠭᠤᠯᠤᠨ ᠬᠡᠪᠴᠢᠶᠡᠵᠢᠭᠦᠯᠦᠨ ᠬᠥᠭᠵᠢᠭᠦᠯᠵᠦ᠂ ᠲᠥᠮᠥᠰᠥ | ᠲᠠᠷᠢᠬᠤ ᠭᠤᠣᠯ ᠴᠣᠭᠴᠠ ᠨᠢ ᠲᠠᠷᠢᠮᠠᠯ ᠤᠨ ᠲᠣᠮᠣ ᠡᠷᠦᠭᠡ᠂ ᠭᠡᠷ ᠪᠦᠯᠢ ᠶᠢᠨ ᠲᠠᠷᠢᠶᠠᠯᠠᠩ ᠮᠠᠯᠵᠢᠯ ᠤᠨ ᠲᠠᠯᠠᠪᠠᠢ᠂ ᠬᠤᠷᠰᠢᠶ᠎ᠠ ᠪᠠᠷ ᠭᠤᠣᠯᠯᠠᠵᠤ᠂ 500 ᠮᠦ ᠠᠴᠠ | ᠳᠡᠭᠡᠭᠰᠢ ᠬᠡᠪᠴᠢᠶᠡᠵᠢᠭᠦᠯᠦᠨ ᠲᠥᠪᠯᠡᠷᠡᠭᠦᠯᠵᠦ ᠵᠠᠯᠭᠠᠯᠳᠤᠭᠤᠯᠤᠨ ᠳᠠᠷᠢᠬᠤ ᠪᠠᠷ ᠭᠤᠣᠯ ᠪᠤᠯᠭᠠᠵᠤ᠂ ᠪᠦᠭᠦ ᠶᠠᠪᠤᠴᠠ ᠶᠢ ᠮᠧᠬᠠᠨᠢᠭᠴᠢᠯᠠᠭᠰᠠᠨ ᠥᠨᠳᠥᠷ ᠪᠦᠲᠦᠮᠵᠢᠲᠦ | ᠦᠢᠯᠡᠳᠪᠦᠷᠢᠯᠡᠯ ᠤᠨ ᠮᠡᠷᠭᠡᠵᠢᠯ ᠢ ᠵᠢᠱᠢᠶ᠎ᠡ ᠦᠵᠡᠭᠦᠯᠦᠨ ᠳᠡᠯᠭᠡᠷᠡᠭᠦᠯᠵᠦ᠂ ᠵᠠᠬᠢᠶᠠᠯᠠᠭ᠎ᠠ ᠶᠢᠨ ᠦᠢᠯᠡᠳᠪᠦᠷᠢᠯᠡᠯ ᠳᠤ ᠲᠦᠰᠢᠭᠯᠡᠨ᠂ ᠪᠦᠭᠦ ᠬᠤᠲᠠ ᠶᠢᠨ ᠲᠥᠮᠥᠰᠥ | ᠲᠠᠷᠢᠬᠤ ᠡᠷᠦᠭᠡ ᠶᠢᠨ ᠦᠢᠯᠡᠳᠪᠦᠷᠢᠯᠡᠯ ᠤᠨ ᠴᠢᠳᠠᠪᠬᠢ ᠪᠠᠨ ᠴᠢᠩᠭᠠᠳᠬᠠᠵᠤ ᠣᠷᠣᠯᠭ᠎ᠠ ᠪᠠᠨ ᠨᠡᠮᠡᠭᠳᠡᠭᠦᠯᠬᠦ ᠶᠢ ᠠᠬᠢᠭᠤᠯᠪᠠ᠃ | | |