ᠬᠠᠯᠠᠭᠤᠨ ᠤᠰᠤ ᠪᠠᠷ ᠬᠥᠯ ᠢᠶᠠᠨ ᠳᠡᠪᠲᠦᠭᠡᠨ ᠤᠬᠢᠶᠠᠪᠠᠯ ᠰᠠᠶᠢᠬᠠᠨ ᠤᠨᠲᠠᠵᠤ ᠴᠢᠳᠠᠨ᠎ᠠ᠂ ᠡᠷᠡᠭᠦᠯ ᠴᠢᠭᠢᠷᠠᠭ ᠬᠥᠮᠥᠰ ᠲᠤ ᠠᠪᠴᠤ ᠬᠡᠯᠡᠪᠡᠯ ᠬᠥᠯ ᠢᠶᠠᠨ | ᠳᠡᠪᠲᠦᠭᠡᠨ ᠤᠬᠢᠶᠠᠬᠤ ᠨᠢ ᠦᠨᠡᠬᠡᠷ ᠤᠨᠲᠠᠬᠤ ᠶᠢ ᠲᠤᠰᠠᠯᠠᠳᠠᠭ᠃ ᠭᠡᠪᠡᠴᠦ᠂ ᠨᠣᠶᠢᠷ ᠬᠤᠯᠵᠢᠳᠠᠭ ᠬᠥᠮᠥᠰ ᠲᠤ ᠠᠪᠴᠤ ᠬᠡᠯᠡᠪᠡᠯ ᠬᠥᠯ ᠢᠶᠠᠨ ᠳᠡᠪᠲᠦᠭᠡᠨ ᠤᠬᠢᠶᠠᠬᠤ | ᠨᠢ ᠨᠢᠭᠡ ᠯᠡ ᠳᠡᠭᠡᠷ᠎ᠡ ᠰᠠᠶᠢᠬᠠᠨ ᠤᠨᠲᠠᠭᠤᠯᠬᠤ ᠶᠢ ᠲᠤᠰᠠᠯᠠᠬᠤ ᠰᠠᠶᠢᠨ ᠠᠷᠭ᠎ᠠ ᠪᠢᠰᠢ᠃ ᠨᠣᠶᠢᠷ ᠬᠤᠯᠵᠢᠬᠤ ᠨᠢ ᠮᠠᠰᠢ ᠣᠯᠠᠨ ᠡᠯᠧᠮᠧᠨ᠋ᠲ ᠠᠴᠠ ᠪᠣᠯᠤᠭᠰᠠᠨ ᠶᠤᠮ᠃ | ᠬᠥᠯ ᠢᠶᠠᠨ ᠳᠡᠪᠲᠦᠭᠡᠨ ᠤᠬᠢᠶᠠᠬᠤ ᠳᠤ ᠶᠠᠭᠤ ᠶᠠᠭᠤ ᠶᠢ ᠠᠩᠬᠠᠷᠬᠤ ᠴᠢᠬᠤᠯᠠᠲᠠᠢ ᠪᠤᠢ︖ | 1. ᠬᠠᠯᠠᠭᠤᠨ ᠤᠰᠤᠨ ᠤ ᠬᠠᠯᠠᠭᠤᠨ ᠤ ᠬᠡᠮᠵᠢᠶ᠎ᠡ ᠶᠢ ᠠᠩᠬᠠᠷᠬᠤ ᠬᠡᠷᠡᠭᠲᠡᠢ᠃ | 2. ᠬᠥᠯ ᠢᠶᠠᠨ ᠤᠰᠤᠨ ᠳᠤ ᠳᠡᠪᠲᠦᠭᠡᠨ ᠤᠬᠢᠶᠠᠬᠤ ᠨᠢ ᠬᠥᠮᠥᠨ ᠪᠣᠯᠭᠠᠨ ᠳᠤ ᠲᠣᠬᠢᠷᠠᠳᠠᠭ ᠪᠢᠰᠢ᠃ | 3. ᠨᠠᠮᠵᠢᠭᠤᠨ ᠰᠤᠳᠠᠯ ᠭᠦᠷᠪᠡᠶᠢᠭᠰᠡᠨ ᠪᠤᠶᠤ ᠯᠤᠭᠰᠢᠭᠤᠨ ᠰᠤᠳᠠᠯ ᠪᠥᠭᠯᠡᠷᠡᠭᠰᠡᠨ ᠡᠪᠡᠳᠴᠢᠲᠡᠨ ᠬᠠᠯᠠᠭᠤᠨ ᠤᠰᠤ ᠪᠠᠷ ᠬᠥᠯ ᠢᠶᠠᠨ ᠳᠡᠪᠲᠦᠭᠡᠨ ᠤᠬᠢᠶᠠᠪᠠᠯ | ᠴᠢᠰᠤᠨ ᠤ ᠭᠦᠶᠦᠯᠲᠡ ᠶᠢᠨ ᠬᠡᠮᠵᠢᠶ᠎ᠡ ᠶᠢ ᠨᠡᠮᠡᠭᠳᠡᠭᠦᠯᠵᠦ᠂ ᠳᠠᠷᠤᠭᠠᠰᠤ ᠶᠢ ᠨᠠᠩ ᠬᠦᠨᠳᠦᠷᠡᠭᠦᠯᠬᠦ ᠪᠣᠯᠣᠨ᠎ᠠ᠃ | 4. ᠰᠢᠬᠢᠷ ᠰᠢᠵᠢᠩ ᠡᠪᠡᠳᠴᠢᠨ ᠣᠯᠣᠭᠰᠠᠨ ᠡᠪᠡᠳᠴᠢᠲᠡᠨ ᠳᠤ ᠲᠤᠰᠠ ᠪᠣᠯᠬᠤ ᠦᠭᠡᠢ ᠶᠤᠮ᠃ | 5. ᠬᠥᠯ ᠤᠨ ᠢᠯᠢᠳᠦ ᠡᠪᠡᠳᠴᠢᠨ ᠣᠯᠣᠭᠰᠠᠨ ᠡᠪᠡᠳᠴᠢᠲᠡᠨ᠂ ᠪᠠᠰᠠ ᠬᠥᠯ ᠤᠨ ᠪᠠᠮ ᠭᠡᠳᠡᠭ᠂ ᠡᠶᠢᠮᠦᠷᠬᠦ ᠡᠪᠡᠳᠴᠢᠲᠡᠨ ᠳᠤ ᠲᠤᠰᠠ ᠪᠣᠯᠬᠤ ᠦᠭᠡᠢ ᠶᠤᠮ᠃ |