ᠰᠠᠭᠠᠯᠢ ᠶᠢᠨ ᠦᠨᠢᠶᠡᠨ ᠤ ᠠᠷᠠᠴᠢᠯᠠᠭ᠎ᠠ ᠲᠤᠳᠤᠮᠳᠤᠯᠭ᠎ᠠ
ᠨᠡᠶᠢᠲᠡᠯᠡᠭᠰᠡᠨ ᠴᠠᠭ᠄
2024/3/19
      ᠨᠢᠭᠡ᠂ ᠰᠠᠭᠠᠯᠢ ᠶᠢᠨ ᠦᠨᠢᠶ᠎ᠡ ᠲᠡᠵᠢᠭᠡᠬᠦ ᠮᠡᠷᠭᠡᠵᠢᠯ ᠨᠠᠰᠤ ᠭᠦᠢᠴᠡᠭᠰᠡᠨ‌‍ᠰᠠᠭᠠᠯᠢ ᠶᠢᠨ ᠦᠨᠢᠶ᠎ᠡ ᠪᠦᠳᠦᠭᠦᠯᠢᠭ ᠪᠣᠷᠳᠤᠭ᠎ᠠ ᠪᠠᠷ ᠭᠤᠣᠯ ᠪᠣᠯᠭᠠᠵᠤ᠂ ᠨᠠᠷᠢᠯᠢᠭ ᠪᠣᠷᠳᠤᠭ᠎ᠠ ᠪᠠᠷ ᠬᠠᠪᠰᠤᠷᠤᠮᠵᠢ ᠪᠣᠯᠭᠠᠬᠤ ᠵᠠᠷᠴᠢᠮ ᠢᠶᠠᠷ ᠲᠡᠵᠢᠭᠡᠨ᠎ᠡ᠃       ᠨᠠᠰᠤ ᠭᠦᠢᠴᠡᠭᠰᠡᠨ‌ᠦᠨᠢᠶ᠎ᠡ ᠶᠢ ᠰᠦ ᠰᠢᠷᠭᠢᠬᠦ ᠬᠤᠭᠤᠴᠠᠭ᠎ᠠ᠂ ᠲᠤᠭᠤᠯᠯᠠᠬᠤ ᠬᠤᠭᠤᠴᠠᠭ᠎ᠠ᠂ ᠰᠦ ᠰᠢᠭᠦᠷᠡᠭᠦᠯᠬᠦ ᠬᠤᠭᠤᠴᠠᠭ᠎ᠠ ᠵᠡᠷᠭᠡ ᠭᠤᠷᠪᠠᠨ ᠠᠳᠠᠯᠢ ᠪᠤᠰᠤ ᠠᠷᠠᠴᠢᠯᠠᠭ᠎ᠠ ᠶᠢᠨ ᠱᠠᠲᠤᠨ ᠳᠤ ᠬᠤᠪᠢᠶᠠᠨ ᠲᠡᠵᠢᠭᠡᠨ᠎ᠡ᠄ ︵1︶ ᠰᠦ ᠰᠢᠷᠭᠢᠬᠦ ᠬᠤᠭᠤᠴᠠᠭ᠎ᠠ᠃ ᠬᠡᠭᠡᠯᠢ ᠲᠠᠢ ᠦᠨᠢᠶ᠎ᠡ ᠲᠤᠭᠤᠯᠯᠠᠬᠤ ᠠᠴᠠ 60 ᠡᠳᠦᠷ ᠤᠨ ᠡᠮᠦᠨ᠎ᠡ ᠰᠦ ᠪᠠᠨ ᠰᠠᠭᠠᠬᠤ ᠪᠠᠨ ᠵᠣᠭᠰᠣᠬᠤ ᠶᠢ ᠰᠦ ᠰᠢᠷᠭᠢᠬᠦ ᠬᠤᠭᠤᠴᠠᠭ᠎ᠠ ᠭᠡᠳᠡᠭ᠂ ᠰᠦ ᠰᠢᠷᠭᠢᠬᠦ ᠠᠴᠠ ᠬᠡᠳᠦᠨ ᠡᠳᠦᠷ ᠤᠨ ᠡᠮᠦᠨ᠎ᠡ ᠨᠣᠭᠤᠭᠠᠨ‌‍ᠰᠢᠩᠭᠡᠨ ᠪᠣᠷᠳᠤᠭ᠎ᠠ ᠪᠠᠨ ᠪᠠᠭ᠎ᠠ ᠤᠤᠭᠤᠯᠭᠠᠬᠤ ᠪᠤᠶᠤ ᠤᠤᠭᠤᠯᠭᠠᠬᠤ ᠦᠭᠡᠢ ᠪᠠᠶᠢᠵᠤ᠂ ᠤᠰᠤ ᠤᠤᠭᠤᠬᠤ ᠶᠢ ᠨᠢ ᠬᠢᠵᠠᠭᠠᠷᠯᠠᠵᠤ᠂ ᠪᠦᠳᠦᠭᠦᠯᠢᠭ ᠪᠣᠷᠳᠤᠭ᠎ᠠ ᠨᠡᠮᠡᠵᠦ ᠢᠳᠡᠭᠦᠯᠦᠨ᠎ᠡ᠃ ᠬᠠᠮᠤᠭ ᠰᠡᠭᠦᠯᠴᠢ ᠶᠢᠨ ᠤᠳᠠᠭ᠎ᠠ ᠳᠤ ᠬᠥᠬᠦ ᠶᠢ ᠨᠢ ᠰᠠᠭᠠᠵᠤ ᠴᠡᠪᠡᠷᠯᠡᠭᠰᠡᠨ ᠤ ᠳᠠᠷᠠᠭ᠎ᠠ 4 ᠬᠥᠬᠦᠨ ᠲᠣᠪᠴᠢ ᠳᠤ ᠰᠦ ᠬᠠᠲᠠᠭᠠᠬᠤ ᠲᠣᠰᠣ ᠶᠢᠨ ᠡᠮ ᠬᠠᠤᠬᠤᠵᠤ᠂ ᠡᠮᠲᠦ ᠤᠬᠢᠶᠠᠯᠭ᠎ᠠ ᠬᠢᠭᠰᠡᠨ ᠤ ᠳᠠᠷᠠᠭ᠎ᠠ ᠰᠦ ᠰᠠᠭᠠᠬᠤ ᠪᠠᠨ ᠵᠣᠭᠰᠣᠨ᠎ᠠ᠂ ᠬᠡᠷᠪᠡ ᠬᠥᠬᠦ ᠨᠢ ᠤᠯᠠᠶᠢᠬᠤ᠂ ᠬᠠᠪᠤᠳᠬᠤ᠂ ᠬᠠᠯᠠᠭᠤᠷᠠᠬᠤ᠂ ᠡᠪᠡᠳᠬᠦ ᠢᠯᠡᠷᠡᠯ ᠲᠠᠢ ᠪᠣᠯ ᠪᠠᠶᠢᠳᠠᠯ ᠢ  ᠨᠢ ᠦᠵᠡᠵᠦ ᠪᠠᠶᠢᠭᠠᠳ ᠬᠤᠶᠠᠳᠠᠭᠢ ᠤᠳᠠᠭ᠎ᠠ ᠰᠦ ᠬᠠᠲᠠᠭᠠᠬᠤ ᠲᠣᠰᠣ ᠬᠠᠤᠬᠤᠬᠤ ᠪᠤᠶᠤ ᠡᠮᠨᠡᠨ ᠵᠠᠰᠠᠭᠰᠠᠨ ᠤ ᠳᠠᠷᠠᠭ᠎ᠠ ᠰᠠᠶ᠋ᠢ ᠰᠦ ᠬᠠᠲᠠᠭᠠᠬᠤ ᠲᠣᠰᠣ ᠬᠠᠤᠬᠤᠨ᠎ᠠ᠃ ︵2︶ ᠲᠤᠭᠤᠯᠯᠠᠬᠤ ᠬᠤᠭᠤᠴᠠᠭ᠎ᠠ᠂ ᠲᠤᠭᠤᠯᠯᠠᠬᠤ ᠠᠴᠠ ᠡᠮᠦᠨᠡᠬᠢ 15 ᠡᠳᠦᠷ ᠠᠴᠠ ᠡᠬᠢᠯᠡᠨ ᠨᠠᠷᠢᠯᠢᠭ ᠪᠣᠷᠳᠤᠭ᠎ᠠ ᠪᠠᠷ ᠲᠡᠵᠢᠭᠡᠬᠦ ᠬᠡᠮᠵᠢᠶ᠎ᠡ ᠶᠢ ᠠᠭᠠᠵᠢᠮ ᠢᠶᠠᠷ ᠨᠡᠮᠡᠭᠳᠡᠭᠦᠯᠦᠨ᠎ᠡ᠂ ᠬᠤᠨᠤᠭ ᠤᠨ ᠲᠡᠵᠢᠭᠡᠯ ᠪᠣᠷᠳᠤᠭ᠎ᠠ ᠶᠢᠨ ᠨᠠᠷᠢᠯᠢᠭ ᠪᠦᠳᠦᠭᠦᠯᠢᠭ ᠪᠣᠷᠳᠤᠭ᠎ᠠ ᠶᠢᠨ ᠬᠠᠷᠢᠴᠠᠯ ᠨᠢ 40:60 ᠪᠣᠯᠣᠨ᠎ᠠ᠂ ᠺᠠᠯᠼ ᠤᠨ ᠬᠡᠮᠵᠢᠶ᠎ᠡ ᠶᠢ ᠲᠤᠭᠤᠯᠯᠠᠬᠤ  ᠠᠴᠠ ᠡᠮᠦᠨ᠎ᠡ ᠺᠠᠯᠼ ᠪᠠᠭ᠎ᠠ᠂ ᠲᠤᠭᠤᠯᠯᠠᠭᠰᠠᠨ ᠤ ᠳᠠᠷᠠᠭ᠎ᠠ ᠺᠠᠯᠼ ᠥᠨᠳᠥᠷ ᠪᠠᠶᠢᠬᠤ ᠶᠢ ᠠᠩᠬᠠᠷᠴᠤ᠂ ᠲᠤᠭᠤᠯᠯᠠᠭᠰᠠᠨ ᠤ ᠳᠠᠷᠠᠭ᠎ᠠ ᠲᠠᠮᠪᠠᠷᠠᠬᠤ ᠶᠢ ᠤᠷᠢᠳᠴᠢᠯᠠᠨ ᠰᠡᠷᠭᠡᠶᠢᠯᠡᠨ᠎ᠡ᠃ ᠲᠤᠭᠤᠯᠯᠠᠭᠰᠠᠨ ᠤ ᠳᠠᠷᠠᠭ᠎ᠠ ᠰᠢᠩᠭᠡᠭᠡᠬᠦ ᠳᠤ ᠠᠮᠠᠷᠬᠠᠨ᠂ ᠢᠳᠡᠬᠦ ᠳᠤ ᠲᠣᠬᠢᠷᠠᠮᠵᠢᠲᠠᠢ ᠲᠡᠵᠢᠭᠡᠯ ᠪᠣᠷᠳᠤᠭ᠎ᠠ ᠶᠢ ᠢᠳᠡᠭᠦᠯᠦᠨ᠎ᠡ᠂ ᠲᠤᠭᠤᠯᠯᠠᠭᠰᠠᠨ ᠤ ᠳᠠᠷᠠᠭ᠎ᠠ 1 - 2 ᠴᠠᠭ ᠤᠨ ᠳᠣᠲᠣᠷ᠎ᠠ ᠠᠩᠬ᠎ᠠ ᠤᠳᠠᠭ᠎ᠠ ᠰᠠᠭᠠᠬᠤ ᠳᠠᠭᠠᠨ ᠳᠡᠩᠳᠡᠭᠦᠦ ᠠᠷᠪᠢᠨ ᠰᠠᠭᠠᠵᠤ ᠪᠣᠯᠬᠤ ᠦᠭᠡᠢ᠂ ᠵᠥᠪᠬᠡᠨ ᠲᠤᠭᠤᠯ ᠨᠢ ᠢᠳᠡᠵᠦ ᠭᠦᠢᠴᠡᠪᠡᠯ ᠪᠣᠯᠴᠢᠬᠠᠨ᠎ᠠ᠂ ᠰᠡᠭᠦᠯᠡᠷ ᠨᠢ ᠡᠳᠦᠷ ᠪᠦᠷᠢ ᠠᠭᠠᠵᠢᠮ ᠢᠶᠠᠷ ᠨᠡᠮᠡᠭᠳᠡᠭᠦᠯᠵᠦ᠂ ᠭᠤᠷᠪᠠᠳᠤᠭᠠᠷ ᠡᠳᠦᠷ ᠤᠨ ᠳᠠᠷᠠᠭ᠎ᠠ ᠰᠠᠶ᠋ᠢ ᠬᠥᠬᠦ ᠢ ᠨᠢ ᠰᠠᠭᠠᠵᠤ ᠪᠠᠷᠠᠭᠠᠨ᠎ᠠ᠃ ︵3︶ ᠰᠦ ᠰᠢᠭᠦᠷᠡᠭᠦᠯᠬᠦ ᠬᠤᠭᠤᠴᠠᠭ᠎ᠠ᠃ ᠨᠢᠭᠡ ᠰᠦ ᠰᠢᠭᠦᠷᠡᠭᠦᠯᠬᠦ ᠣᠷᠭᠢᠯ ᠤᠨ ᠬᠤᠭᠤᠴᠠᠭᠠᠨ ᠳᠤ ᠢᠯᠡᠭᠦᠴᠡ 1 - 20% ᠶᠢᠨ ᠨᠠᠷᠢᠯᠢᠭ ᠪᠣᠷᠳᠤᠭ᠎ᠠ ᠨᠡᠮᠡᠨ᠎ᠡ᠂ ᠢᠯᠠᠩᠭᠤᠶ᠎ᠠ ᠨᠢᠭᠡᠳᠦᠭᠡᠷ᠂ ᠬᠤᠶᠠᠳᠤᠭᠠᠷ ᠤᠳᠠᠭ᠎ᠠ ᠲᠤᠭᠤᠯᠯᠠᠭᠰᠠᠨ ᠦᠨᠢᠶ᠎ᠡ ᠳᠤ ᠨᠡᠮᠡᠨ᠎ᠡ︔ ᠬᠤᠶᠠᠷ ᠰᠦ ᠰᠢᠭᠦᠷᠡᠭᠦᠯᠬᠦ ᠳᠤᠮᠳᠠ ᠬᠤᠭᠤᠴᠠᠭ᠎ᠠ ︵ᠲᠤᠭᠤᠯᠯᠠᠭᠰᠠᠨ ᠤ ᠳᠠᠷᠠᠭ᠎ᠠ 101 - 200 ᠡᠳᠦᠷ︶᠂ ᠬᠤᠨᠤᠭ ᠤᠨ ᠲᠡᠵᠢᠭᠡᠯ ᠪᠣᠷᠳᠣᠭᠠᠨ ᠤ ᠨᠠᠷᠢᠯᠢᠭ ᠪᠦᠳᠦᠭᠦᠯᠢᠭ ᠪᠣᠷᠳᠤᠭ᠎ᠠ ᠶᠢᠨ ᠬᠠᠷᠢᠴᠠᠯ ᠨᠢ 50:50 ᠪᠣᠯᠣᠨ᠎ᠠ᠃ ᠭᠤᠷᠪᠠ ᠰᠦ ᠰᠢᠭᠦᠷᠡᠭᠦᠯᠬᠦ ᠰᠡᠭᠦᠯᠴᠢ ᠶᠢᠨ ᠬᠤᠭᠤᠴᠠᠭ᠎ᠠ ︵ ᠲᠤᠭᠤᠯᠯᠠᠭᠰᠠᠨ ᠤ ᠳᠠᠷᠠᠭ᠎ᠠ 201 ᠡᠳᠦᠷ ᠠᠴᠠ ᠰᠦ ᠰᠢᠷᠭᠢᠬᠦ ᠬᠦᠷᠲᠡᠯ᠎ᠡ︶ ᠶᠢᠨ ᠬᠤᠨᠤᠭ ᠤᠨ ᠲᠡᠵᠢᠭᠡᠯ ᠪᠣᠷᠳᠣᠭᠠᠨ ᠤ ᠨᠠᠷᠢᠯᠢᠭ ᠪᠦᠳᠦᠭᠦᠯᠢᠭ ᠪᠣᠷᠳᠣᠭᠠᠨ ᠤ ᠬᠠᠷᠢᠴᠠᠯ ᠨᠢ 40:60 ᠪᠣᠯᠣᠨ᠎ᠠ᠃       ᠬᠤᠶᠠᠷ᠂ ᠰᠠᠭᠠᠯᠢ ᠶᠢᠨ ᠦᠨᠢᠶ᠎ᠡ ᠬᠠᠮᠢᠶᠠᠷᠬᠤ ᠠᠷᠭ᠎ᠠ ᠬᠡᠮᠵᠢᠶ᠎ᠡ       ᠠᠳᠠᠯᠢ ᠪᠤᠰᠤ ᠨᠠᠰᠤ᠂ ᠠᠳᠠᠯᠢ ᠪᠤᠰᠤ ᠲᠦᠷᠦᠯ ᠬᠡᠯᠪᠡᠷᠢ᠂ ᠠᠳᠠᠯᠢ ᠪᠤᠰᠤ ᠦᠢᠯᠡᠳᠪᠦᠷᠢᠯᠡᠯ ᠤᠨ ᠬᠢᠷᠢ ᠬᠡᠮᠵᠢᠶ᠎ᠡ ᠲᠠᠢ ᠦᠬᠡᠷ ᠢ ᠰᠦᠷᠦᠭ ᠬᠤᠪᠢᠶᠠᠨ ᠲᠡᠵᠢᠭᠡᠵᠦ᠂ ᠠᠳᠠᠯᠢ ᠪᠤᠰᠤ ᠲᠡᠵᠢᠭᠡᠯ ᠪᠣᠷᠳᠣᠭᠠᠨ ᠤ ᠨᠠᠶᠢᠷᠠᠯᠭ᠎ᠠ ᠪᠠ ᠠᠳᠠᠯᠢ ᠪᠤᠰᠤ ᠶᠢᠨ ᠲᠡᠵᠢᠭᠡᠯᠲᠡ ᠶᠢᠨ ᠬᠡᠮᠵᠢᠶ᠎ᠡ ᠶᠢ ᠣᠯᠭᠤᠨ᠎ᠠ︔ ᠲᠡᠵᠢᠭᠡᠯ ᠪᠣᠷᠳᠤᠭ᠎ᠠ ᠶᠢ ᠤᠷᠢᠳ ᠢᠶᠠᠷ ᠪᠦᠳᠦᠭᠦᠯᠢᠭ ᠳᠠᠷᠠᠭ᠎ᠠ ᠨᠢ ᠨᠠᠷᠢᠯᠢᠭ ᠪᠠᠷ ᠲᠡᠵᠢᠭᠡᠨ᠎ᠡ᠂ ᠡᠰᠡᠬᠦᠯ᠎ᠡ ᠪᠦᠬᠦᠯᠢ ᠬᠤᠯᠢᠮᠠᠭ ᠠᠮᠤ ᠪᠠᠷ ᠲᠡᠵᠢᠭᠡᠬᠦ ᠠᠷᠭ᠎ᠠ ᠪᠠᠷ ᠲᠡᠵᠢᠭᠡᠨ᠎ᠡ᠂ ᠳᠠᠷᠤᠢ ᠣᠬᠤᠷ ︵2 .5 ᠰᠠᠨᠲ᠋ᠢᠮᠧᠳ᠋ᠷ ᠣᠷᠴᠢᠮ︶ ᠪᠦᠳᠦᠭᠦᠯᠢᠭ ᠪᠣᠷᠳᠤᠭ᠎ᠠ ᠶᠢ ᠨᠠᠷᠢᠯᠢᠭ ᠪᠣᠷᠳᠤᠭ᠎ᠠ᠂ ᠳᠠᠷᠤᠰᠢᠭᠤᠯᠤᠭᠰᠠᠨ ᠪᠣᠷᠳᠤᠭ᠎ᠠ ᠵᠢᠴᠢ ᠡᠯ᠎ᠡ ᠵᠦᠢᠯ ᠤᠨ ᠨᠡᠮᠡᠯᠲᠡ ᠡᠳ᠋ ᠵᠡᠷᠭᠡ ᠲᠠᠢ ᠬᠤᠯᠢᠵᠤ ᠭᠦᠢᠴᠡᠳ ᠬᠤᠯᠢᠵᠤ ᠲᠡᠵᠢᠭᠡᠨ᠎ᠡ︔ ᠡᠳᠦᠷ ᠪᠦᠷᠢ ᠴᠡᠪᠡᠷ ᠤᠤᠭᠤᠬᠤ ᠤᠰᠤ ᠭᠦᠢᠴᠡᠳ ᠬᠠᠩᠭᠠᠬᠤ ᠶᠢᠨ ᠬᠠᠮᠲᠤ ᠦᠬᠡᠷ ᠢ ᠬᠠᠰᠢᠶᠠᠨ ᠤ ᠭᠠᠳᠠᠨ᠎ᠠ ᠬᠥᠳᠡᠯᠭᠡᠭᠡᠨ ᠬᠢᠯᠭᠡᠬᠦ ᠶᠢ ᠪᠠᠲᠤᠯᠠᠨ᠎ᠠ︔ ᠦᠬᠡᠷ ᠤᠨ ᠬᠠᠰᠢᠶ᠎ᠠ ᠶᠢᠨ ᠳᠣᠲᠣᠷᠠᠬᠢ ᠥᠨᠳᠥᠷ ᠳᠤᠯᠠᠭᠠᠨ ᠤ ᠤᠯᠠᠷᠢᠯ ᠳᠤ ᠬᠠᠯᠠᠭᠤᠨ ᠢ ᠰᠡᠷᠭᠡᠶᠢᠯᠡᠵᠦ‌‍ᠲ᠋ᠤᠯᠠᠭᠠᠨ ᠢ ᠪᠠᠭᠤᠷᠠᠭᠤᠯᠬᠤ ᠶᠢ ᠠᠩᠬᠠᠷᠴᠤ᠂ ᠬᠠᠬᠢᠷ ᠬᠦᠢᠲᠡᠨ ᠤᠯᠠᠷᠢᠯ ᠳᠤ ᠳᠤᠯᠠᠭᠠᠨ ᠢ ᠬᠠᠮᠠᠭᠠᠠᠨ᠎ᠠ᠃ ᠲᠠᠷᠭᠤ ᠬᠦᠴᠦᠨ ᠤ ᠪᠠᠶᠢᠳᠠᠯ ᠢ ᠦᠨᠳᠦᠰᠦᠯᠡᠨ ᠲᠡᠵᠢᠭᠡᠯ ᠪᠣᠷᠳᠤᠭ᠎ᠠ ᠶᠢᠨ ᠬᠠᠩᠭᠠᠯᠭ᠎ᠠ ᠪᠠ ᠠᠷᠠᠴᠢᠯᠠᠬᠤ ᠬᠠᠮᠢᠶᠠᠷᠤᠯᠲᠠ ᠶᠢ ᠴᠠᠭ ᠲᠤᠬᠠᠢ ᠳᠤ ᠨᠢ ᠲᠣᠬᠢᠷᠠᠭᠤᠯᠤᠨ᠎ᠠ︔ ᠡᠳᠦᠷ ᠪᠦᠷᠢ ᠣᠷᠤᠭ᠎ᠠ ᠣᠷᠣᠬᠤ ᠢᠯᠡᠷᠡᠯ ᠪᠠ ᠣᠷᠤᠭ᠎ᠠ ᠣᠷᠣᠬᠤ ᠶᠢᠨ ᠪᠠᠶᠢᠳᠠᠯ ᠢ ᠠᠵᠢᠭᠯᠠᠵᠤ᠂ ᠲᠣᠬᠢᠷᠠᠮᠵᠢᠲᠠᠢ ᠦᠶ᠎ᠡ ᠳᠤ ᠬᠡᠭᠡᠯᠲᠦᠭᠦᠯᠦᠨ᠎ᠡ᠃ ᠰᠦ ᠰᠠᠭᠠᠬᠤ ᠵᠥᠪ ᠳᠠᠳᠬᠠᠯ ᠢ ᠪᠠᠷᠢᠮᠲᠠᠯᠠᠵᠤ᠂ ᠬᠥᠬᠦᠨ ᠪᠤᠯᠴᠢᠷᠬᠠᠢ ᠶᠢᠨ ᠦᠷᠪᠢᠰᠦᠯ ᠡᠭᠦᠰᠬᠦ ᠠᠴᠠ ᠵᠠᠶᠢᠯᠠᠰᠬᠢᠵᠦ᠂ ᠲᠦᠭᠦᠬᠡᠢ ᠰᠦᠨ ᠤ ᠠᠷᠢᠭᠤᠨ ᠴᠡᠪᠡᠷ ᠢ ᠪᠠᠲᠤᠯᠠᠨ᠎ᠠ᠃        ᠭᠤᠷᠪᠠ᠂ ᠰᠠᠭᠠᠯᠢ ᠶᠢᠨ ᠦᠨᠢᠶ᠎ᠡ ᠶᠢ ᠦᠷᠡᠵᠢᠭᠦᠯᠵᠦ ᠬᠡᠭᠡᠯᠲᠦᠭᠦᠯᠬᠦ       ᠰᠠᠭᠠᠯᠢ ᠶᠢᠨ ᠦᠨᠢᠶ᠎ᠡ ᠨᠢ ᠶᠡᠷᠦ ᠳᠡᠭᠡᠨ 8 - 12 ᠰᠠᠷ᠎ᠠ ᠶᠢᠨ ᠬᠤᠭᠤᠴᠠᠭᠠᠨ ᠳᠤ ᠪᠠᠶᠢᠵᠤ᠂ ᠦᠬᠡᠷ ᠤᠨ ᠪᠡᠶ᠎ᠡ ᠶᠢᠨ ᠬᠦᠨᠳᠦ ᠶᠢᠨ 45%ᠪᠣᠯᠬᠤ ᠦᠶ᠎ᠡ ᠳᠤ ᠠᠩᠬ᠎ᠠ ᠤᠳᠠᠭ᠎ᠠ ᠣᠷᠤᠭ᠎ᠠ ᠣᠷᠣᠳᠠᠭ᠂ ᠡᠭᠦᠨ ᠢ ᠠᠩᠬᠠᠨ ᠤ ᠣᠷᠤᠭ᠎ᠠ ᠭᠡᠨ᠎ᠡ᠂ 12 - 14 ᠰᠠᠷ᠎ᠠ ᠶᠢᠨ ᠬᠤᠭᠤᠴᠠᠭ᠎ᠠ ᠨᠢ ᠪᠡᠯᠭᠡ ᠪᠣᠯᠪᠠᠰᠤᠷᠠᠵᠤ᠂ ᠬᠡᠭᠡᠯᠲᠦᠭᠦᠯᠬᠦ ᠳᠤ ᠲᠣᠬᠢᠷᠠᠬᠤ ᠨᠠᠰᠤᠨ ᠤ ᠬᠤᠭᠤᠴᠠᠭ᠎ᠠ ᠨᠢ 16 - 18 ᠰᠠᠷ᠎ᠠ᠂ ᠪᠡᠶ᠎ᠡ ᠶᠢᠨ ᠬᠦᠨᠳᠦ ᠶᠢᠨ ᠲᠣᠭᠲᠠᠭᠰᠠᠨ ᠵᠢᠯ ᠤᠨ 70%ᠪᠤᠶᠤ 375 ᠺᠢᠯᠣᠭ᠍ᠷᠠᠮ ᠤᠨ ᠪᠡᠶ᠎ᠡ ᠪᠣᠯᠪᠠᠰᠤᠷᠠᠭᠰᠠᠨ ᠦᠶ᠎ᠡ ᠳᠤ ᠰᠠᠶ᠋ᠢ ᠬᠡᠭᠡᠯᠲᠦᠭᠦᠯᠵᠦ ᠪᠣᠯᠣᠨ᠎ᠠ᠃ ᠦᠨᠢᠶ᠎ᠡ ᠣᠷᠤᠭ᠎ᠠ ᠣᠷᠣᠭᠰᠠᠨ ᠤ ᠳᠠᠷᠠᠭ᠎ᠠ 18 - 10 ᠴᠠᠭ ᠤᠨ ᠳᠣᠲᠣᠷ᠎ᠠ ᠠᠩᠬ᠎ᠠ ᠤᠳᠠᠭ᠎ᠠ ᠬᠡᠭᠡᠯᠲᠦᠭᠦᠯᠵᠦ᠂ 8 - 12 ᠴᠠᠭ ᠠᠯᠤᠰᠯᠠᠭᠠᠳ ᠬᠤᠶᠠᠳᠠᠭᠢ ᠤᠳᠠᠭ᠎ᠠ ᠬᠡᠭᠡᠯᠲᠦᠭᠦᠯᠦᠨ᠎ᠡ᠃       ᠰᠠᠭᠠᠯᠢ ᠶᠢᠨ ᠦᠨᠢᠶ᠎ᠡ ᠶᠢᠨ ᠣᠷᠤᠭ᠎ᠠ ᠣᠷᠣᠬᠤ ᠦᠶᠡᠯᠡᠯ ᠤᠨ ᠬᠤᠭᠤᠴᠠᠭ᠎ᠠ ᠨᠢ ᠳᠤᠮᠳᠠᠴᠢ ᠪᠠᠷ 21 ᠡᠳᠦᠷ᠂ ᠣᠷᠤᠭ᠎ᠠ ᠣᠷᠣᠭᠰᠠᠨ ᠪᠣᠯᠪᠠᠴᠤ ᠬᠡᠭᠡᠯᠲᠦᠭᠦᠯᠭᠡ ᠬᠢᠭᠰᠡᠨ ᠦᠭᠡᠢ ᠪᠤᠶᠤ ᠬᠡᠭᠡᠯᠲᠦᠭᠦᠯᠭᠡ ᠬᠢᠭᠰᠡᠨ ᠪᠣᠯᠪᠠᠴᠤ ᠬᠡᠭᠡᠯ ᠲᠣᠭᠲᠠᠭᠰᠠᠨ‌ᠦᠭᠡᠢ ᠦᠨᠢᠶ᠎ᠡ ᠨᠢ‌‍ᠪᠠᠷᠤᠭ 21 ᠡᠳᠦᠷ ᠤᠨ ᠣᠷᠴᠢᠮ ᠢᠶᠠᠷ ᠪᠠᠰᠠ ᠨᠢᠭᠡ ᠤᠷᠤᠭᠠᠰᠢᠬᠤ ᠬᠤᠭᠤᠴᠠᠭ᠎ᠠ ᠡᠬᠢᠯᠡᠨ᠎ᠡ᠂ ᠬᠡᠭᠡᠯᠲᠦᠭᠦᠯᠦᠭᠰᠡᠨ ᠤ ᠳᠠᠷᠠᠭ᠎ᠠ ᠦᠷᠭᠦᠯᠵᠢᠯᠡᠨ‌‍ᠲ᠋ᠠᠬᠢᠨᠲᠠ‌ᠤᠷᠤᠭᠠᠰᠢᠭᠰᠠᠨ ᠦᠭᠡᠢ ᠪᠠᠶᠢᠪᠠᠯ‌‍ᠬᠡᠭᠡᠯ‌‍ᠲ᠋ᠣᠭᠲᠠᠭᠰᠠᠨ ᠢᠶᠠᠷ ᠦᠵᠡᠵᠦ᠂ ᠭᠤᠷᠪᠠᠨ ᠰᠠᠷ᠎ᠠ ᠶᠢᠨ ᠬᠤᠭᠤᠴᠠᠭᠠᠨ ᠳᠤ ᠰᠠᠶᠢᠵᠢᠷᠠᠭᠤᠯᠬᠤ ᠥᠷᠲᠡᠭᠡᠨ ᠳᠤ ᠬᠦᠷᠴᠦ ᠬᠡᠭᠡᠯ ᠶᠢᠨ ᠪᠠᠶᠢᠴᠠᠭᠠᠯᠲᠠ ᠬᠢᠵᠦ ᠪᠣᠯᠣᠨ᠎ᠠ᠂ᠬᠡᠭᠡᠯᠲᠦᠬᠦ ᠬᠤᠭᠤᠴᠠᠭ᠎ᠠ  ᠨᠢ ᠳᠤᠮᠳᠠᠴᠢ ᠪᠠᠷ 280 ᠡᠳᠦᠷ ᠪᠣᠯᠣᠨ᠎ᠠ᠂ ᠡᠭᠦᠨ ᠢᠶᠠᠷ ᠵᠢᠱᠢᠭᠰᠡᠨ‌‍ᠲ᠋ᠤᠭᠤᠯᠯᠠᠬᠤ ᠬᠤᠭᠤᠴᠠᠭ᠎ᠠ ᠶᠢ ᠲᠥᠰᠥᠭᠡᠯᠡᠨ ᠪᠣᠳᠣᠵᠦ ᠪᠣᠯᠣᠨ᠎ᠠ᠃
ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ ᠤ ᠲᠢᠩᠬᠢᠮ