ᠮᠣᠩᠭᠤᠯ ᠰᠢᠲᠠᠷ᠎ᠠ ᠨᠢ ᠥᠩᠭᠡᠷᠡᠭᠰᠡᠨ ᠳᠤ ᠵᠦᠪᠭᠡᠠ ᠰᠤᠯᠠ ᠨᠠᠭᠠᠳᠤᠮ ᠤᠨ ᠬᠤᠪᠢ ᠪᠠᠷ ᠤᠯᠠᠮᠵᠢᠯᠠᠭᠳᠠᠨ ᠨᠠᠭᠠᠳᠣᠠᠠᠳᠠᠵᠣ ᠢᠷᠡᠭᠰᠡᠨ ᠪᠣᠯᠬᠤᠷ᠂ ᠡᠷᠲᠡᠨ ᠠᠴᠠ | ᠡᠳᠦᠭᠡ ᠪᠣᠯᠳᠠᠯ᠎ᠠ ᠬᠠᠤᠯᠢ ᠶᠣᠰᠣᠭᠠᠷ ᠪᠠᠲᠤᠯᠠᠭᠰᠠᠨ ᠴᠣᠯᠠ ᠵᠡᠷᠭᠡ᠂ ᠲᠠᠰ ᠬᠤᠪᠢᠶᠠᠷᠢ ᠭᠡᠵᠦ ᠪᠠᠶᠢᠬᠤ ᠦᠭᠡᠢ᠃ ᠵᠠᠩᠰᠢᠯ ᠢᠶᠠᠷ ᠰᠢᠲᠠᠷ᠎ᠠ ᠶᠢᠨ ᠬᠥᠳᠡᠯᠦᠭᠡ ᠨᠡᠭᠦᠳᠡᠯ ᠢ | ᠰᠠᠶᠢᠨ ᠮᠡᠳᠡᠳᠡᠭ ᠪᠥᠭᠡᠳ ᠨᠡᠯᠢᠶᠡᠳ ᠵᠦᠭᠡᠷ ᠰᠢᠭ ᠰᠢᠲᠠᠷ᠎ᠠ ᠨᠡᠭᠦᠯᠭᠡᠳᠡᠭ ᠬᠥᠮᠥᠰ ᠢ ︽ᠰᠢᠲᠠᠷᠠᠴᠢᠨ︾ ᠭᠡᠵᠦ ᠳᠠᠭᠤᠳᠠᠳᠠᠭ᠃ ᠡᠭᠦᠨ ᠠᠴᠠ ᠭᠠᠳᠠᠨ᠎ᠠ ᠪᠠᠰᠠ | ᠠᠷᠠᠳ ᠤᠨ ᠳᠤᠮᠳᠠ ᠠᠯᠳᠠᠷᠰᠢᠭᠰᠠᠨ ︽ᠰᠠᠶᠢᠨ ᠰᠢᠲᠠᠷᠠᠴᠢᠨ︾᠂ ︽ᠠᠯᠳᠠᠷᠲᠤ ᠰᠢᠲᠠᠷᠠᠴᠢᠨ︾᠂ ︽ ᠰᠢᠯᠢᠳᠡᠭ ᠰᠢᠲᠠᠷᠠᠴᠢᠨ︾᠂ ︽ᠵᠠᠯᠠᠭᠤ ᠰᠢᠲᠠᠷᠠᠴᠢᠨ︾ ᠵᠡᠷᠭᠡ | ᠦᠨᠡᠯᠡᠯᠲᠡ ᠪᠠᠶᠢᠳᠠᠭ᠃ ᠡᠳᠠᠭᠡᠷ ᠨᠢ ᠬᠡᠳᠦᠶᠢᠪᠡᠷ ᠵᠠᠩᠰᠢᠯ ᠢᠶᠠᠷ ᠦᠨᠡᠯᠡᠨ ᠣᠯᠭᠤᠭᠰᠠᠨ ᠴᠣᠯᠠ ᠲᠠᠢ ᠪᠣᠯᠪᠠᠴᠣ᠂ ᠪᠠᠰᠠ ᠦᠢᠯᠡᠳᠦᠯᠭᠡ ᠶᠢᠨ ᠦᠨᠳᠦᠰᠦ ᠪᠠᠷᠢᠮᠲᠠ | ᠪᠦᠬᠦᠢ ᠲᠣᠰ ᠲᠣᠰ ᠤᠨ ᠬᠢᠨᠢ ᠲᠣᠭᠲᠠᠭᠰᠠᠨ ᠪᠠᠷᠢᠮᠵᠢᠶ᠎ᠠ ᠪᠠᠶᠢᠳᠠᠭ᠃ ︽ ᠰᠢᠯᠢᠳᠡᠭ ᠰᠢᠲᠠᠷᠠᠴᠢᠨ︾᠂ ︽ᠰᠠᠶᠢᠨ ᠰᠢᠲᠠᠷᠠᠴᠢᠨ︾᠂ ︽ᠵᠠᠯᠠᠭᠤ ᠰᠢᠲᠠᠷᠠᠴᠢᠨ︾ ᠵᠡᠷᠭᠡ | ᠴᠣᠯᠠ ᠶᠢ ᠭᠤᠣᠯᠳᠠᠭᠤ ᠵᠠᠯᠠᠭᠤ ᠢᠳᠡᠷ ᠨᠠᠰᠣᠠ ᠤ ᠰᠠᠶᠢᠨ ᠰᠢᠲᠠᠷᠠᠴᠢᠨ ᠳᠤ ᠣᠯᠭᠤᠳᠠᠭ᠃ ᠭᠡᠲᠡᠯ᠎ᠡ ᠡᠳᠠᠭᠡᠷ ᠴᠣᠯᠠ ᠶᠢ ᠣᠯᠬᠤ ᠳᠤ᠂ ᠮᠣᠩᠭᠤᠯ ᠰᠢᠲᠠᠷ᠎ᠠ ᠶᠢᠨ | ᠬᠥᠳᠡᠯᠦᠭᠡ ᠭᠠᠷᠤᠭ᠎ᠠ᠂ ᠱᠦᠭᠦᠯᠴᠡᠭᠡ ᠶᠢ ᠨᠡᠯᠢᠶᠡᠳ ᠪᠦᠷᠢᠨ ᠡᠵᠡᠮᠰᠢᠭᠰᠡᠨ ᠪᠠᠶᠢᠬᠤ ᠬᠡᠷᠡᠭᠲᠡᠢ ᠪᠥᠭᠡᠳ 128 ᠨᠡᠷᠡᠰ ᠰᠢᠲᠠᠷᠠᠴᠢᠨ ᠤᠷᠣᠯᠴᠬᠠᠰᠠᠠ ᠬᠤᠰᠢᠭᠤ | ᠠᠶᠢᠮᠠᠭ ᠪᠤᠶᠤ ᠣᠷᠣᠨ ᠤ ᠰᠢᠲᠠᠷ᠎ᠠ ᠶᠢᠨ ᠤᠷᠣᠯᠳᠣᠭᠠᠠ ᠳᠤ ᠭᠤᠷᠪᠠ ᠠᠴᠠ ᠳᠡᠭᠡᠭᠰᠢ ᠤᠳᠠᠭ᠎ᠠ ᠲᠡᠷᠢᠭᠦᠯᠡᠵᠦ ᠳᠡᠳ᠋ᠯᠡᠭᠰᠡᠨ ᠬᠢᠷᠢ ᠪᠦᠳᠣᠮᠵᠢ ᠲᠠᠢ ᠪᠠᠶᠢᠬᠤ ᠬᠡᠷᠡᠭᠲᠡᠢ᠃ | ᠡᠰᠡᠬᠦᠯ᠎ᠡ ᠡᠯ᠎ᠡ ᠭᠠᠵᠠᠷ ᠤᠨ ᠰᠢᠯᠢᠳᠡᠭ ᠰᠠᠶᠢᠨ ᠰᠢᠲᠠᠷᠠᠴᠢᠳ ᠤᠷᠣᠯᠴᠬᠠᠰᠠᠠ ᠲᠤᠰᠬᠠᠢ ᠤᠷᠣᠯᠳᠣᠭᠠᠠ ᠳᠤ ᠭᠡᠳᠣ ᠤᠳᠠᠭ᠎ᠠ ᠲᠦᠷᠣᠭᠦᠣ ᠭᠤᠷᠪᠠᠨ ᠨᠡᠷ᠎ᠡ ᠳᠤ | ᠣᠷᠣᠭᠰᠠᠨ ᠪᠠᠶᠢᠬᠤ ᠶᠣᠰᠣᠲᠠᠢ᠃ ᠵᠢᠱᠢᠶᠡᠯᠡᠬᠦ ᠳᠤ᠂ ᠮᠠᠨ ᠤ ᠣᠷᠣᠨ ᠤ ᠲᠡᠭᠦᠰ᠂ ᠠ᠊ · ᠫᠤᠩᠰᠤᠭ᠂ ᠳᠠᠪᠰᠢᠯᠲᠤ ᠨᠠᠷ ᠪᠣᠯ ᠪᠦᠷ ᠵᠠᠯᠠᠭᠤ ᠰᠢᠲᠠᠷᠠᠴᠢᠨ ᠭᠡᠵᠦ | ᠦᠨᠡᠯᠡᠭᠳᠡᠭᠰᠡᠨ ᠪᠠᠶᠢᠳᠠᠭ᠃ ᠲᠠᠳᠠ ᠬᠤᠰᠢᠭᠤ᠂ ᠠᠶᠢᠮᠠᠭ᠂ ᠣᠷᠣᠨ ᠤ ᠠᠳᠠᠯᠢ ᠪᠤᠰᠤ ᠲᠠᠰ ᠤᠨ ᠰᠢᠲᠠᠷ᠎ᠠ ᠶᠢᠨ ᠤᠷᠣᠯᠳᠣᠭᠠᠠ ᠳᠤ ᠪᠦᠷ ᠤᠯᠠᠠ ᠤᠳᠠᠭ᠎ᠠ ᠲᠡᠷᠢᠭᠦᠨ | ᠳᠡᠳ᠋ ᠤᠨ ᠱᠠᠩ ᠳ᠋ᠤᠭᠠᠷ ᠢ ᠭᠥᠷᠳᠡᠭᠰᠡᠨ ᠪᠢᠯᠡ᠃ ︽ᠠᠯᠳᠠᠷᠲᠤ ᠰᠢᠲᠠᠷᠠᠴᠢᠨ︾ ᠪᠠ ︽ᠠᠬᠠᠮᠠᠳ ᠰᠢᠲᠠᠷᠠᠴᠢᠨ︾ ᠪᠣᠯ ᠭᠤᠣᠯᠳᠠᠭᠤ ᠨᠠᠰᠤ ᠠᠬᠢᠵᠤ ᠪᠠᠶᠢᠭ᠎ᠠ | ᠮᠣᠩᠭᠤᠯ ᠤᠨ ᠰᠠᠶᠢᠨ ᠰᠢᠲᠠᠷᠠᠴᠢᠨ ᠢ ᠦᠨᠡᠯᠡᠳᠡᠭ ᠲᠤᠰᠬᠠᠢ ᠴᠣᠯᠠ ᠪᠣᠯᠣᠨ᠎ᠠ᠃ ︽ᠠᠯᠳᠠᠷᠲᠤ ᠰᠢᠲᠠᠷᠠᠴᠢᠨ︾ ᠭᠡᠵᠦ ᠦᠨᠡᠯᠡᠭᠳᠡᠭᠰᠡᠨ ᠰᠢᠲᠠᠷᠠᠴᠢᠨ ᠨᠢ ᠡᠷᠬᠡᠪᠰᠢ | ᠮᠣᠩᠭᠤᠯ ᠰᠢᠲᠠᠷ᠎ᠠ ᠶᠢᠨ ᠱᠦᠭᠦᠯᠴᠡᠭᠡ ᠪᠠ ᠬᠥᠳᠡᠯᠦᠭᠡ ᠭᠠᠷᠤᠭ᠎ᠠ ᠶᠢ ᠨᠡᠪᠲᠡᠷᠬᠡᠢ ᠡᠵᠡᠮᠰᠢᠭᠰᠡᠨ ᠪᠥᠭᠡᠳ ᠬᠤᠰᠢᠭᠤ ᠠᠶᠢᠮᠠᠭ᠂ ᠣᠷᠣᠨ ᠤ ᠠᠳᠠᠯᠢ ᠪᠤᠰᠤ ᠲᠠᠰ ᠤᠨ | ᠰᠢᠲᠠᠷ᠎ᠠ ᠶᠢᠨ ᠤᠷᠣᠯᠳᠣᠭᠠᠠ ᠳᠤ ᠣᠯᠠᠨᠲᠠ ᠲᠡᠷᠢᠭᠦᠨ ᠳᠡᠳ᠋ ᠤᠨ ᠱᠠᠩ ᠬᠦᠷᠲᠡᠭᠰᠡᠳ ᠪᠠᠶᠢᠬᠤ ᠶᠣᠰᠣᠲᠠᠢ᠃ ᠵᠢᠱᠢᠶᠡᠯᠡᠬᠦ ᠳᠤ᠂ ᠮᠠᠨ ᠤ ᠣᠷᠣᠨ ᠤ ᠲᠬᠠᠪᠡ᠂ ᠴᠦᠯᠳᠣᠮ᠂ | ᠫᠠ᠊ · ᠲᠡᠮᠦᠷ ᠵᠡᠷᠭᠡ ᠰᠢᠲᠠᠷᠠᠴᠢᠨ ᠨᠢ ᠪᠦᠷ ᠠᠷᠠᠳ ᠤᠨ ᠳᠤᠮᠳᠠ ᠠᠯᠳᠠᠷᠲᠤ ᠰᠢᠲᠠᠷᠠᠴᠢᠨ ᠬᠡᠮᠡᠨ ᠠᠯᠳᠠᠷᠰᠢᠭᠰᠠᠨ ᠪᠠᠶᠢᠳᠠᠭ᠃ | |