ᠮᠣᠩᠭᠤᠯ ᠡᠮᠡᠭᠡᠯ
ᠨᠡᠶᠢᠲᠡᠯᠡᠭᠰᠡᠨ ᠴᠠᠭ᠄
2024/3/29
      ᠮᠣᠩᠭᠤᠯᠴᠤᠳ ᠤᠷᠲᠤ ᠬᠤᠭᠤᠴᠠᠭᠠᠨ ᠤ ᠦᠢᠯᠡᠳᠦᠯᠭᠡ ᠪᠠᠷ ᠳᠡᠮᠵᠢᠵᠣ ᠮᠣᠷᠢᠨ ᠳᠤ ᠲᠣᠬᠤᠬᠤ ᠡᠮᠡᠭᠡᠯ ᠡᠭᠦᠳᠴᠦ᠂ ᠲᠡᠭᠦᠨ ᠢᠶᠠᠨ ᠬᠡᠷᠡᠭᠯᠡᠭᠡᠨ ᠳᠡᠭᠡᠨ ᠪᠦᠬᠦ ᠲᠠᠯ᠎ᠠ ᠪᠠᠷ ᠠᠰᠢᠭᠯᠠᠵᠤ ᠢᠷᠡᠭᠰᠡᠨ ᠲᠡᠦᠬᠡ ᠲᠠᠢ᠃ ᠡᠮᠡᠭᠡᠯ ᠢ ᠡᠬᠢᠯᠡᠵᠦ ᠵᠣᠬᠢᠶᠠᠬᠤ ᠳᠠᠭᠠᠨ ᠬᠡᠯᠡᠯᠭᠡᠨ ᠦᠭᠡᠢ ᠳᠥᠭᠦᠮ ᠪᠦᠳᠦᠭᠦᠯᠢᠭ ᠪᠠᠶᠢᠭᠰᠠᠨ ᠨᠢ ᠭᠠᠷᠴᠠᠭ᠎ᠠ ᠦᠭᠡᠢ᠂ ᠡᠳ᠋ᠯᠡᠵᠦ ᠵᠠᠷᠤᠬᠤ ᠶᠠᠪᠤᠴᠠ ᠳᠤ ᠠᠯᠬᠤᠮ ᠠᠯᠬᠤᠮ ᠢᠶᠠᠷ ᠬᠡᠪ ᠶᠠᠩᠵᠤ ᠶᠢ ᠨᠢ ᠥᠭᠡᠷᠡᠴᠢᠯᠡᠨ ᠡᠳ᠋ᠯᠡᠯ ᠬᠡᠷᠡᠭᠰᠡᠯ ᠢ ᠨᠢ ᠪᠦᠷᠢᠨᠰᠢᠭᠦᠯᠵᠦ᠂ ᠴᠢᠨᠠᠷ ᠴᠢᠨᠰᠠᠭ᠎ᠠ ᠶᠢ ᠨᠢ ᠰᠠᠶᠢᠵᠢᠷᠠᠭᠤᠯᠵᠤ᠂ ᠡᠳ᠋ᠯᠡᠵᠦ ᠬᠡᠷᠡᠭᠯᠡᠬᠦ ᠳᠤ ᠪᠥᠬᠡᠯᠢᠭ ᠬᠡᠷᠡᠭᠴᠡᠭᠡᠨ ᠤ ᠱᠠᠭᠠᠷᠳᠠᠯᠭ᠎ᠠ ᠳᠤ ᠲᠣᠬᠢᠷᠠᠭᠰᠠᠨ ᠣᠳᠣ ᠦᠶ᠎ᠡ ᠶᠢᠨ ᠡᠶᠢᠮᠦᠷᠬᠦᠦ ᠡᠮᠡᠭᠡᠯ ᠪᠤᠯᠭᠠᠭᠰᠠᠨ ᠭᠡᠯᠲᠡᠢ᠃ ᠮᠣᠩᠭᠤᠯᠴᠤᠳ ᠡᠳ᠋ ᠪᠣᠳᠠᠰ ᠤᠨ ᠡᠯᠪᠡᠭᠵᠢᠬᠦ ᠳᠤ ᠨᠡᠶᠢᠴᠡᠭᠦᠯᠦᠨ ᠮᠣᠷᠢᠨ ᠡᠳ᠋ᠯᠡᠯ ᠢᠶᠠᠨ ᠨᠡᠩ ᠭᠤᠶᠤ ᠭᠠᠩᠭᠠᠩ ᠪᠤᠯᠭᠠᠵᠤ᠂ ᠳᠡᠯᠡᠬᠡᠢ ᠳ᠋ᠠᠬᠢᠨ ᠤ ᠥᠭᠡᠷ᠎ᠡ ᠦᠨᠳᠦᠰᠦᠲᠡᠨ ᠶᠠᠰᠤᠲᠠᠨ ᠤ ᠠᠷᠠᠳ ᠣᠯᠠᠨ ᠤ ᠪᠠᠭ᠋ᠠᠷᠬᠠᠯ ᠰᠣᠨᠢᠷᠬᠠᠯ ᠢ ᠲᠠᠲᠠᠵᠤ᠂ ᠮᠣᠩᠭᠤᠯ ᠰᠣᠶᠣᠯ ᠤᠨ ᠲᠡᠦᠬᠡᠨ ᠬᠠᠭᠤᠳᠠᠰᠤᠨ ᠳᠤ ᠨᠢᠭᠡᠨ ᠪᠦᠷᠢᠯᠳᠦᠭᠦᠨ ᠪᠣᠯᠭᠠᠨ ᠲᠡᠮᠳᠡᠭᠯᠡᠵᠡᠢ᠃       ᠮᠣᠷᠢᠨ ᠳᠤ ᠡᠮᠡᠭᠡᠯ ᠲᠣᠬᠤᠵᠤ ᠤᠨᠤᠬᠤ ᠪᠣᠯᠤᠭᠰᠠᠨ ᠲᠡᠷᠡ ᠦᠶ᠎ᠡ ᠠᠴᠠ ᠮᠣᠩᠭᠤᠯᠴᠤᠳ ᠥᠪᠡᠷ ᠤᠨ ᠰᠠᠨᠠᠭᠠᠨ ᠲᠠᠪᠠ ᠪᠠᠷ ᠢᠶᠠᠨ ᠡᠳᠦᠷ ᠳᠤᠲᠤᠮ ᠤᠨ ᠠᠵᠢᠯ ᠶᠠᠪᠤᠳᠠᠯ ᠢᠶᠠᠨ ᠬᠢᠵᠦ ᠭᠦᠢᠴᠡᠳᠬᠡᠬᠦ ᠪᠠ ᠥᠪᠡᠷ ᠬᠤᠭᠤᠷᠣᠨᠳᠤ ᠪᠠᠨ ᠶᠠᠪᠤᠯᠴᠠᠨ ᠵᠣᠯᠭᠠᠬᠤ ᠠᠴᠠ ᠡᠬᠢᠯᠡᠨ ᠠᠯᠪᠠᠨ ᠤ ᠪᠠ ᠠᠮᠢᠨ ᠤ ᠤᠴᠢᠷ ᠢᠶᠠᠷ ᠠᠯᠤᠰ ᠬᠤᠯᠠ ᠶᠢᠨ ᠠᠶᠠᠯᠠᠯ ᠬᠢᠬᠦ ᠪᠠᠷ ᠵᠤᠭᠰᠤᠬᠤ ᠦᠭᠡᠢ ᠳᠠᠶᠠᠩ ᠳᠡᠯᠡᠬᠡᠢ ᠶᠢᠨ ᠤᠯᠤᠰ ᠣᠷᠣᠨ ᠢᠶᠠᠷ ᠴᠦ ᠥᠪᠡᠷ ᠤᠨ ᠰᠠᠨᠠᠭᠠᠨ ᠲᠠᠪᠠ ᠪᠠᠷ ᠢᠶᠠᠨ ᠠᠶᠠᠯᠠᠨ ᠶᠠᠪᠤᠬᠤ ᠠᠵᠠ ᠲᠣᠬᠢᠶᠠᠯ ᠢ ᠮᠣᠩᠭᠤᠯᠴᠤᠳ ᠲᠤ ᠡᠮᠡᠭᠡᠯᠲᠦ ᠮᠣᠷᠢ ᠣᠯᠭᠤᠭᠰᠠᠨ ᠠᠵᠠᠢ᠃ ᠮᠣᠩᠭᠤᠯᠴᠤᠳ ᠨᠢᠭᠡᠨ ᠤᠳᠠᠭᠠᠨ ᠤ ᠠᠶᠠᠯᠠᠯ ᠢᠶᠠᠨ ᠲᠡᠭᠦᠰᠬᠡᠭᠡᠳ ᠪᠡᠶ᠎ᠡ ᠪᠠ ᠮᠣᠷᠢ ᠪᠠᠨ ᠠᠮᠠᠷᠠᠭᠤᠯᠬᠤ ᠦᠶ᠎ᠡ ᠳᠤ᠂ ᠮᠣᠷᠢᠨ ᠤ ᠡᠮᠡᠭᠡᠯ ᠢᠶᠠᠨ ᠠᠪᠤᠭᠠᠳ ᠬᠠᠮᠢᠶ᠎ᠠ ᠨᠠᠮᠢᠶ᠎ᠠ ᠦᠭᠡᠢ ᠬᠠᠶᠠᠵᠤ ᠲᠠᠯᠪᠢᠳᠠᠭ ᠦᠭᠡᠢ᠃ ᠡᠮᠡᠭᠡᠯ ᠤᠨ ᠠᠷᠤ ︵ᠪᠦᠭᠦᠷᠭᠡ︶ ᠪᠠᠷ ᠭᠠᠵᠠᠷ ᠲᠦᠰᠢᠭᠦᠯᠦᠨ᠂ ᠬᠤᠶᠢᠲᠤ ᠵᠦᠭ ᠲᠤ ᠰᠠᠭᠤᠳᠠᠯ ᠢ ᠨᠢ ᠬᠠᠨᠳᠤᠭᠤᠯᠤᠨ ᠲᠠᠯᠪᠢᠳᠠᠭ᠃ ᠡᠮᠡᠭᠡᠯ ᠢᠶᠠᠨ ᠲᠣᠬᠤᠬᠤ ᠦᠭᠡᠢ ᠦᠶ᠎ᠡ ᠳᠤ ᠡᠮᠡᠭᠡᠯ ᠳᠡᠭᠡᠷ᠎ᠡ ᠪᠠᠨ ᠰᠠᠨᠳᠠᠶᠢᠯᠠᠵᠤ ᠰᠠᠭᠤᠬᠤ ᠪᠤᠶᠤ ᠮᠣᠳᠣ ᠪᠠ ᠥᠭᠡᠷ᠎ᠡ ᠶᠠᠭᠤᠮᠠᠨ ᠳᠡᠭᠡᠷ᠎ᠡ ᠲᠤᠬᠤᠵᠤ ᠲᠠᠯᠪᠢᠭᠰᠠᠨ ᠦᠶ᠎ᠡ ᠳᠤ ᠪᠠᠨ ᠴᠦ ᠤᠨᠤᠵᠤ ᠵᠠᠶᠢᠳᠠᠯᠠᠬᠤ ᠶᠢ ᠴᠡᠭᠡᠷᠯᠡᠳᠡᠭ᠃ ᠭᠡᠷ ᠠᠴᠠ ᠵᠠᠶᠢᠳᠠᠭᠤ ᠭᠠᠵᠠᠷ ᠮᠣᠷᠢ ᠪᠠᠨ ᠴᠢᠳᠦᠷᠯᠡᠵᠦ ᠲᠠᠯᠪᠢᠭᠠᠳ ᠭᠡᠷ ᠵᠦᠭ ᠢᠶᠠᠨ ᠢᠷᠡᠬᠦ ᠳᠡᠭᠡᠨ ᠡᠮᠡᠭᠡᠯ ᠢᠶᠠᠨ ᠡᠭᠦᠷᠴᠦ ᠢᠷᠡᠳᠡᠭ ᠦᠭᠡᠢ᠂ ᠡᠮᠦᠨ᠎ᠡ ᠪᠠᠨ ᠲᠡᠪᠡᠷᠢᠵᠦ ᠠᠪᠴᠢᠷᠠᠳᠠᠭ᠃ ᠭᠡᠷ ᠲᠤ ᠣᠷᠣᠭᠤᠯᠵᠤ ᠲᠠᠯᠪᠢᠬᠤ ᠳᠠᠭᠠᠨ ᠲᠤᠰᠬᠠᠢ ᠪᠡᠯᠡᠳᠬᠡᠭᠰᠡᠨ ᠮᠣᠳᠣ ᠪᠤᠶᠤ ᠵᠢᠭ᠌ᠳᠡᠨ ᠳᠡᠭᠡᠷ᠎ᠡ ᠲᠤᠬᠤᠵᠤ ᠬᠠᠨ᠎ᠠ ᠲᠦᠰᠢᠭᠦᠯᠦᠨ ᠲᠠᠯᠪᠢᠬᠤ ᠶᠤᠮ ᠤᠤ ᠡᠰᠡᠬᠦᠯ᠎ᠡ ᠭᠠᠵᠠᠷ ᠲᠠᠯᠪᠢᠪᠠᠯ ᠪᠦᠭᠦᠷᠭᠡ ᠶᠢ ᠨᠢ ᠬᠤᠶᠢᠰᠢ ᠬᠠᠨᠳᠤᠭᠤᠯᠤᠨ ᠲᠠᠯᠪᠢᠳᠠᠭ ᠶᠤᠮ᠃       ᠮᠣᠩᠭᠤᠯᠴᠤᠳ ᠮᠣᠷᠢᠨ ᠡᠮᠡᠭᠡᠯ ᠢ ᠨᠡᠶᠢᠳᠡᠮ ᠬᠡᠷᠡᠭᠯᠡᠳᠡᠭ ᠪᠤᠯᠪᠠᠴᠤ ᠭᠠᠵᠠᠷ ᠭᠠᠵᠠᠷ ᠤᠨ ᠵᠠᠩ ᠵᠠᠩᠰᠢᠯ ᠢᠶᠠᠷ ᠡᠮᠡᠭᠡᠯ ᠤᠨ ᠬᠡᠪ ᠶᠠᠩᠵᠤ ᠡᠳ᠋ᠯᠡᠯ ᠬᠡᠷᠡᠭᠰᠡᠯ ᠨᠢ ᠬᠠᠷᠠᠬᠠᠨ ᠠᠳᠠᠯᠢ ᠦᠭᠡᠢ ᠪᠠᠶᠢᠳᠠᠭ᠃ ᠮᠣᠷᠢᠨ ᠤ ᠡᠮᠡᠭᠡᠯ ᠤᠨ ᠬᠥᠷᠥᠩᠭᠡ ᠮᠥᠩᠭᠦᠨ ᠤ ᠴᠢᠨᠡᠭᠡ ᠪᠠᠷ ᠭᠤᠶᠣᠯᠠᠵᠤ ᠭᠠᠩᠭᠠᠯᠠᠬᠤ ᠶᠢ ᠡᠷᠬᠢᠮᠯᠡᠳᠡᠭ᠃ ᠡᠮᠡᠭᠡᠯ ᠤᠨ ᠬᠢᠷ᠎ᠠ᠂ ᠳᠠᠷᠤᠭᠤᠯᠭ᠎ᠠ ᠶᠢ ᠡᠷᠲᠡ ᠡᠳᠦᠭᠡ ᠳᠤ ᠠᠳᠠᠯᠢ ᠦᠭᠡᠢ ᠵᠦᠢᠯ ᠤᠳ ᠢᠶᠠᠷ ᠵᠣᠬᠢᠶᠠᠭᠰᠠᠨ ᠪᠠᠶᠢᠳᠠᠭ᠃ ᠨᠡᠯᠢᠶᠡᠳ ᠡᠳ᠋ ᠬᠥᠷᠥᠩᠭᠡ ᠲᠠᠢ ᠪᠠᠶᠠᠨ ᠴᠢᠨᠡᠭᠡᠯᠢᠭ ᠬᠥᠮᠥᠨ ᠤ ᠳᠤᠬᠤᠭᠰᠠᠨ ᠡᠮᠡᠭᠡᠯ ᠨᠢ ᠮᠥᠩᠭᠦᠨ ᠬᠢᠷ᠎ᠠ᠂ ᠳᠠᠷᠤᠭᠤᠯᠭ᠎ᠠ᠂ ᠪᠠᠭᠠᠪᠤᠷ᠂ ᠰᠦᠪᠡᠭᠴᠢ ᠵᠡᠷᠭᠡ ᠡᠳ᠋ᠯᠡᠯ ᠪᠦᠷᠢᠨ ᠪᠠᠶᠢᠬᠤ ᠪᠠᠷ ᠪᠠᠷᠠᠬᠤ ᠦᠭᠡᠢ ᠭᠠᠨᠵᠤᠭ᠎ᠠ ᠪᠣᠯᠭᠠᠨ ᠤ ᠦᠵᠦᠭᠦᠷ ᠲᠤᠨᠢ ᠮᠥᠩᠭᠦᠨ ᠪᠦᠭᠡᠵᠢ ᠲᠠᠢ ᠪᠠᠶᠢᠳᠠᠭ᠃ ᠡᠩ ᠤᠨ ᠬᠥᠮᠥᠨ ᠤ ᠪᠠᠶᠢᠩᠭᠤ ᠲᠣᠬᠤᠳᠠᠭ ᠡᠮᠡᠭᠡᠯ ᠳᠤ ᠵᠡᠰ᠂ ᠭᠠᠤᠯᠢ ᠪᠤᠶᠤ ᠶᠠᠰᠤᠨ ᠬᠢᠷ᠎ᠠ ᠳᠠᠲᠤᠭᠤᠯᠭ᠎ᠠ ᠪᠠᠶᠢᠳᠠᠭ᠃ ᠡᠮᠡᠭᠡᠯ ᠤᠨ ᠬᠢᠷ᠎ᠠ ᠳᠠᠷᠤᠭᠤᠯᠭ᠎ᠠ ᠶᠢ ᠮᠥᠩᠭᠦ ᠪᠠᠷ ᠬᠡ ᠤᠭᠠᠯᠵᠠ ᠭᠠᠷᠭᠠᠵᠤ ᠭᠤᠶᠤ ᠬᠢᠳᠡᠭ ᠠᠴᠠ ᠭᠠᠳᠠᠨ᠎ᠠ᠂ ᠴᠠᠭᠠᠨ ᠶᠠᠩᠴᠢᠶᠠᠨ ᠳᠤ ᠰᠡᠨᠵᠢ ᠭᠠᠷᠭᠠᠭᠠᠳ ︵ᠭᠠᠩᠨᠠᠭᠠᠳ︶ ᠳᠠᠷᠤᠭᠤᠯᠭ᠎ᠠ ᠬᠢᠬᠦ᠂ ᠮᠥᠩᠭᠦ ᠪᠤᠶᠤ ᠵᠡᠰ ᠢᠶᠠᠷ ᠲᠣᠪᠣᠷᠤᠤ ᠬᠡᠯᠪᠡᠷᠢᠲᠡᠢ ᠳᠠᠷᠤᠭᠤᠯᠭ᠎ᠠ ᠬᠢᠭᠰᠡᠨ ᠴᠦ ᠪᠠᠶᠢᠳᠠᠭ᠃ ᠵᠢᠷᠠᠭᠠᠳ ᠣᠨ ᠤ ᠦᠶ᠎ᠡ ᠪᠠᠷ ᠵᠤᠵᠠᠭᠠᠨ ᠬᠤᠸᠠᠰᠢ ︵ᠬᠤᠪᠢᠭᠴᠢᠷ︶ ᠪᠠᠷ ᠬᠡ ᠤᠭᠠᠯᠵᠠ ᠭᠠᠷᠭᠠᠭᠰᠠᠨ ᠬᠢᠷ᠎ᠠ ᠳᠤᠷᠤᠭᠤᠯᠭ᠎ᠠ ᠲᠠᠢ ᠡᠮᠡᠭᠡᠯ ᠴᠦ ᠨᠢᠭᠡ ᠦᠶ᠎ᠡ ᠨᠯᠢᠶᠡᠳ ᠬᠠᠷᠠᠭᠳᠠᠬᠤ ᠪᠣᠯᠤᠭᠰᠠᠨ ᠶᠤᠮ᠃ ᠡᠮᠡᠭᠡᠯ ᠤᠨ ᠭᠥᠯᠢᠮ ᠶᠢᠨ ᠭᠡᠳ ᠠᠳᠠᠯᠢ ᠦᠭᠡᠢ ᠬᠡᠳᠦ ᠬᠡᠳᠦᠨ ᠵᠦᠢᠯ ᠪᠤᠢ᠃ ᠤᠭᠠᠯᠵᠠ ᠲᠠᠢ ᠨᠣᠭᠤᠭᠠᠨ᠂ ᠬᠦᠷᠡᠩ᠂ ᠰᠢᠷ᠎ᠠ᠂ ᠬᠤᠯᠤ ᠥᠩᠭᠡ ᠶᠢᠨ ᠬᠦᠭᠡᠮᠡᠯ ᠰᠢᠷᠢᠨ ᠭᠥᠯᠢᠮ ᠪᠤᠶᠤ ᠪᠤᠯᠢᠭᠠᠷᠢ ᠪᠠᠷ ᠬᠢᠭᠰᠡᠨ ᠨᠠᠪᠴᠢᠨ ᠬᠡᠪ ᠤᠨ ᠭᠥᠯᠢᠮ ᠪᠠ ᠦᠬᠡᠷ ᠤᠨ ᠠᠷᠠᠰᠤ ᠶᠢ ᠢᠳᠡᠭᠡᠯᠡᠵᠦ ᠬᠢᠭᠰᠡᠨ ᠬᠦᠮᠦᠩ ᠭᠥᠯᠢᠮ ᠵᠡᠷᠭᠡ ᠪᠠᠶᠢᠳᠠᠭ ᠶᠤᠮ᠃ ᠡᠮᠡᠭᠡᠯ ᠤᠨ ᠤᠨᠵᠢᠭᠤᠷᠠᠭ᠎ᠠ ᠪᠣᠯ ᠭᠥᠯᠢᠮ ᠤᠨ ᠢᠶᠠᠨ ᠥᠩᠭᠡ᠂ ᠬᠡ ᠲᠠᠢ ᠠᠳᠠᠯᠢᠬᠠᠨ ᠪᠠᠶᠢᠳᠠᠭ᠃ ᠡᠮᠡᠭᠡᠯ ᠤᠨ ᠳᠥᠷᠦᠭᠡ ᠨᠢ ᠭᠠᠩ ᠲᠠᠢ ᠲᠡᠮᠦᠷ ᠢᠶᠠᠷ ᠪᠤᠶᠤ ᠭᠠᠤᠯᠢ ᠪᠠᠷ ᠳᠠᠪᠲᠠᠵᠤ ᠬᠢᠭᠰᠡᠨ ᠲᠥᠭᠦᠷᠢᠭ ᠲᠠᠪᠠᠭ ᠲᠠᠢ ᠪᠤᠶᠤ ᠬᠠᠪᠢᠷᠭᠠᠨ ᠲᠠᠪᠠᠭ ᠲᠠᠢ ᠳᠥᠷᠦᠭᠡ ᠪᠠᠶᠢᠳᠠᠭ ᠠᠴᠠ ᠭᠠᠳᠠᠨ᠎ᠠ ᠣᠨᠴᠠ ᠳᠡᠭᠡᠳᠦ ᠨᠣᠶᠠᠳ ᠬᠡᠷᠭᠡᠮᠳᠡᠨ ᠳᠤ ᠵᠣᠷᠢᠭᠤᠯᠵᠤ ᠬᠢᠭᠰᠡᠨ ᠮᠥᠩᠭᠦᠨ ᠳᠥᠷᠥᠭᠡ ᠪᠠᠶᠢᠳᠠᠭ ᠭᠡᠵᠦ ᠠᠬᠠᠮᠠᠳ ᠬᠥᠮᠥᠰ ᠶᠠᠷᠢᠳᠠᠭ ᠪᠠᠶᠢᠭᠰᠠᠨ᠃ ᠡᠮᠡᠭᠡᠯ ᠳᠤ ᠭᠠᠨᠵᠤᠭ᠎ᠠ ᠪᠣᠯ ᠳᠤᠲᠠᠭᠳᠠᠵᠤ ᠪᠣᠯᠣᠰᠢ ᠦᠭᠡᠢ ᠬᠡᠷᠡᠭᠴᠡᠭᠡ ᠲᠠᠢ ᠪᠠᠶᠢᠳᠠᠭ᠃ ᠡᠭᠦᠨ ᠳᠤ ᠵᠠᠰᠠᠯ ᠤᠨ ᠡᠮᠡᠭᠡᠯ ᠪᠤᠶᠤ ᠠᠵᠢᠯ ᠤᠨ ᠬᠥᠮᠥᠨ ᠤ ᠡᠮᠡᠭᠡᠯ ᠭᠡᠵᠦ ᠠᠳᠠᠯᠢ ᠦᠭᠡᠢ ᠪᠠᠶᠢᠳᠠᠭ ᠲᠤᠯᠠ ᠭᠠᠨᠵᠤᠭ᠎ᠠ ᠶᠢ ᠬᠥᠮᠥᠨ ᠪᠣᠯᠭᠠᠨ ᠥᠪᠡᠷ ᠤᠨ ᠳᠤᠷ᠎ᠠ ᠪᠠ ᠰᠤᠷ ᠤᠨ ᠢᠶᠠᠨ ᠪᠠᠶᠢᠭ᠎ᠠ ᠬᠡᠮᠵᠢᠶ᠎ᠡ ᠪᠠᠷ ᠨᠢᠭᠡ ᠡᠮᠡᠭᠡᠯ ᠳᠤ 8 - 16 - 24 - 32 ᠢᠶᠠᠷ ᠠᠳᠠᠯᠢ ᠲᠣᠭᠠᠨ ᠤ ᠭᠠᠨᠵᠤᠭ᠎ᠠ ᠲᠠᠲᠠᠳᠠᠭ ᠶᠤᠮ᠃ ᠡᠮᠡᠭᠡᠯ ᠤᠨ ᠬᠤᠶᠠᠷ ᠵᠢᠷᠢᠮ ᠢ ᠲᠤᠰ ᠪᠦᠷᠢ ᠨᠢᠭᠡ ᠲᠤᠷᠰᠢ ᠰᠤᠷ ᠢ ᠨᠠᠷᠢᠬᠠᠨ ᠳᠢᠷᠪᠡ ᠵᠦᠰᠦᠵᠦ ᠭᠦᠷᠢᠵᠤ ᠵᠣᠬᠢᠶᠠᠳᠠᠭ᠃       ᠣᠯᠣᠩ ᠢ ᠨᠢ ᠠᠳᠤᠭᠤᠨ ᠤ ᠳᠡᠯ ᠢᠶᠠᠷ ᠬᠤᠶᠠᠷ ᠭᠤᠷᠪᠠ ᠪᠠᠷ ᠳᠠᠪᠬᠤᠷᠯᠠᠨ ᠲᠠᠮᠤᠵᠤ ᠬᠢᠬᠦ ᠪᠤᠶᠤ ᠳᠥᠷᠪᠡᠨ ᠬᠡᠰᠡᠭ ᠨᠠᠷᠢᠬᠠᠨ ᠲᠠᠮᠤᠵᠤ ᠬᠠᠪᠲᠠᠭᠠᠢ ᠪᠣᠯᠭᠠᠨ ᠣᠶᠣᠵᠤ ᠬᠢᠳᠡᠭ᠃ ᠨᠢᠭᠡ ᠮᠧᠳ᠋ᠷ ᠬᠢᠷᠢᠲᠡᠢ ᠪᠥᠰ ᠢ ᠳᠥᠷᠪᠡ ᠪᠤᠶᠤ ᠵᠢᠷᠭᠤᠭ᠎ᠠ ᠪᠠᠷ ᠭᠦᠷᠦᠵᠤ ᠬᠢᠳᠡᠭ ᠴᠦ ᠪᠠᠰᠠ ᠪᠤᠢ᠃       ᠡᠮᠡᠭᠡᠯ ᠤᠨ ᠲᠣᠬᠤᠮ ᠢ ᠵᠤᠵᠠᠭᠠᠪᠲᠤᠷ ᠢᠰᠡᠭᠡᠢ ᠶᠢ ᠬᠤᠷᠠᠭᠠᠨ ᠢᠰᠡᠭᠡᠢ ᠪᠠᠷ ᠳᠠᠪᠬᠤᠷᠯᠠᠵᠤ ᠣᠶᠣᠭᠠᠳ ᠵᠠᠬ᠎ᠠ ᠶᠢ ᠨᠢ ᠥᠩᠭᠡ ᠥᠩᠭᠡ ᠶᠢᠨ ᠪᠥᠰ ᠢᠶᠠᠷ ᠠᠯᠠᠭᠯᠠᠭᠤᠯᠤᠨ ᠡᠮᠵᠢᠶᠡᠷᠢᠯᠡᠵᠦ ᠬᠢᠳᠡᠭ ᠪᠥᠭᠡᠳ ᠲᠣᠬᠤᠮ ᠳᠤ ᠪᠠᠰᠠ ᠨᠢᠮᠭᠡᠨ ᠢᠰᠡᠭᠡᠢ ᠪᠠᠷ ᠥᠩᠭᠡᠪᠴᠢ ᠬᠢᠳᠡᠭ ᠶᠤᠮ᠃ ᠡᠮᠡᠭᠡᠯ ᠤᠨ ᠳᠥᠷᠥᠭᠡᠨ ᠰᠤᠷ ᠪᠣᠯ ᠶᠡᠬᠡᠬᠡᠨ ᠬᠦᠴᠦ ᠬᠡᠷᠡᠭᠯᠡᠬᠦ ᠲᠤᠯᠠ ᠲᠤᠰᠬᠠᠶᠢᠯᠠᠨ ᠦᠬᠡᠷ ᠤᠨ ᠰᠢᠷᠢ ᠪᠠᠷ ᠳᠠᠪᠬᠤᠷᠯᠠᠵᠤ ᠬᠢᠳᠡᠭ᠃ ᠶᠠᠪᠤᠳᠠᠯ ᠳᠤᠮᠳᠠ ᠳᠥᠷᠥᠭᠡᠨ ᠰᠤᠷ ᠳᠠᠰᠤᠷᠠᠪᠠᠯ ᠡᠡ᠊ᠨᠳᠡᠯ ᠭᠠᠷᠬᠤ ᠠᠶᠤᠯᠲᠠᠢ ᠲᠤᠯᠠ ᠪᠥᠬᠡᠯᠢᠭ ᠪᠠᠶᠢᠬᠤ ᠶᠢ ᠠᠩᠬᠠᠷᠳᠠᠭ᠃ ᠡᠮᠡᠭᠡᠯ ᠳᠤ ᠣᠯᠣᠩ᠂ ᠵᠢᠷᠢᠮ ᠢᠶᠠᠨ ᠤᠶᠠᠳᠠᠭ ᠳᠥᠷᠪᠡᠨ ᠤᠭᠴᠤᠷᠭ᠎ᠠ ᠭᠡᠵᠦ ᠪᠠᠶᠢᠳᠠᠭ᠃ ᠳᠡᠭᠡᠷ᠎ᠡ ᠬᠡᠯᠡᠭᠰᠡᠨ ᠪᠦᠬᠦᠨ ᠪᠦᠷᠢᠳᠬᠦ ᠦᠭᠡᠢ ᠪᠣᠯ ᠪᠦᠷᠢᠨ ᠪᠦᠲᠦᠨ ᠡᠮᠡᠭᠡᠯ ᠪᠣᠯᠵᠤ ᠳᠡᠶᠢᠯᠬᠦ ᠦᠭᠡᠢ᠂ ᠡᠮᠡᠭᠡᠯ ᠤᠨ ᠮᠣᠳᠣ ᠶᠢ ᠪᠣᠯ ᠤᠯᠠᠭᠠᠨ ᠶᠠᠭᠠᠨ ᠬᠦᠷᠡᠩ ᠥᠩᠭᠡ ᠶᠢᠨ ᠪᠤᠳᠤᠭ ᠢᠶᠠᠷ ᠪᠤᠳᠤᠵᠤ᠂ ᠪᠦᠭᠦᠷᠭᠡᠨ ᠤ ᠬᠤᠩᠭᠤ ᠶᠢ ᠨᠣᠭᠤᠭᠠᠨ ᠪᠤᠳᠤᠭ ᠢᠶᠠᠷ ᠪᠤᠳᠤᠳᠠᠭ ᠶᠤᠮ᠃ ᠡᠮᠡᠭᠡᠯ ᠰᠠᠶᠢᠬᠠᠨ ᠪᠣᠯ ᠮᠣᠷᠢᠨ ᠤ ᠴᠢᠮᠡᠭ ᠪᠤᠯᠳᠠᠭ ᠶᠤᠮ᠃   

1.png

2.png

3.png

4.jpg

 

ᠢᠷᠡᠯᠲᠡ᠄ ᠣᠷᠳᠣᠰ ᠤᠨ ᠡᠳᠦᠷ ᠤᠨ ᠰᠣᠨᠢᠨ