ᠬᠠᠯᠠᠭᠤᠨ ᠲᠣᠭᠤᠰᠣ ᠴᠣᠭᠰᠢᠵᠤ ᠮᠠᠨᠠᠷᠠᠭᠠᠳ ᠭᠠᠵᠠᠷ ᠤᠨ ᠬᠤᠶᠢᠬ᠎ᠠ ᠬᠠᠯᠴᠠᠷᠠᠮᠠᠷ ᠠᠷᠭ᠎ᠠ ᠠᠭᠠᠰᠢ ᠶᠢ ᠪᠠᠷᠠᠭᠳᠠᠭᠤᠯᠤᠭᠰᠠᠨ ᠵᠣᠨ ᠤ ᠪᠥᠩᠰᠢᠭᠰᠡᠨ | ᠡᠳᠦᠷ ᠤᠳ ᠢᠳᠡᠭ ᠢᠳᠡᠭ ᠢᠶᠠᠷ ᠨᠣᠮᠣᠬᠠᠷᠠᠨ ᠨᠤᠮᠤᠶᠢᠵᠤ᠂ ᠳᠣᠯᠣᠳᠤᠭᠠᠷ ᠰᠠᠷ᠎ᠠ ᠶᠢᠨ ᠠᠷᠪᠠᠳ ᠣᠶᠢᠷᠠᠲᠤᠭᠤᠯᠤᠭᠠᠳ ᠳᠤᠷᠤᠨ᠎ᠠ ᠶᠢᠨ ᠴᠠᠭᠠᠨ ᠡᠭᠦᠯᠡᠨ ᠠᠴᠠ | ᠰᠠᠭᠠᠮ᠎ᠠ ᠢᠪᠢᠯᠦᠭᠰᠡᠨ ᠳᠤ ᠬᠥᠮᠥᠨ ᠠᠮᠢᠲᠠᠨ ᠪᠠᠶᠠᠷᠯᠠᠬᠤ ᠦᠭᠡᠢ ᠴᠤ ᠶᠠᠭᠠᠬᠢᠬᠤᠪ᠃ ᠰᠠᠨᠰᠠᠷ ᠤᠨ ᠠᠯᠲᠠᠨ ᠠᠶᠠᠭᠠᠨ ᠳᠤ ᠬᠦᠴᠦ ᠰᠢᠮ᠎ᠡ ᠨᠢ ᠮᠡᠯᠡᠯᠵᠡᠵᠦ᠂ | ᠮᠥᠩᠬᠡ ᠶᠢᠨ ᠴᠢᠨᠠᠷ ᠢᠶᠠᠨ ᠬᠤᠪᠢᠷᠠᠰᠢ ᠦᠭᠡᠢ ᠬᠠᠳᠠᠭᠠᠯᠠᠭᠰᠠᠨ ᠪᠣᠷᠣᠭᠠᠨ ᠥᠪᠡᠷ ᠢᠶᠠᠨ ᠨᠠᠷᠠᠨ ᠤ ᠰᠠᠳᠣᠨ᠂ ᠨᠠᠪᠴᠢᠨ ᠤ ᠠᠨᠳᠠ ᠶᠤᠮ ᠳ᠋ᠠ᠃ ᠠᠰᠤᠷᠢ ᠲᠡᠭᠷᠢ ᠶᠢᠨ | ᠬᠡᠷᠡᠯᠳᠦ ᠴᠠᠭᠠᠨ ᠰᠦ ᠭᠠᠵᠠᠷ ᠤᠨ ᠵᠤᠯᠠᠢ ᠶᠢ ᠦᠨᠦᠰᠦᠨ ᠲᠠᠭᠠᠯᠠᠵᠤ᠂ ᠠᠰᠬᠠᠷᠠᠨ ᠪᠠᠭᠤᠬᠤ ᠨᠢ ᠭᠤᠶᠤ᠃ ᠨᠠᠮᠤᠭᠤᠬᠠᠨ ᠢᠶᠠᠷ ᠬᠡᠯᠬᠢᠶᠡᠷᠡᠨ ᠰᠤᠪᠤᠳᠤᠷᠠᠬᠤ ᠪᠣᠷᠣᠭᠠᠨ ᠤ | ᠪᠤᠮᠠᠨ ᠲᠣᠰᠤᠯ ᠥᠩᠭᠡ ᠶᠢᠨ ᠲᠤᠩᠭᠠᠯᠠᠭ ᠯᠢᠩᠬᠤ᠎ᠠ ᠵᠠᠳᠠᠷᠠᠩᠬᠠᠨ ᠳᠡᠯᠭᠡᠷᠡᠬᠦ ᠮᠡᠲᠦ ᠮᠡᠯᠮᠡᠢ ᠪᠠᠨ ᠨᠡᠭᠡᠭᠡᠬᠦ ᠨᠢ ᠬᠠᠷᠠᠬᠤᠶ᠎ᠠ ᠦᠵᠡᠰᠬᠦᠯᠡᠩᠲᠦ᠃ ᠰᠢᠪ ᠰᠢᠷᠭᠠᠯ | ᠨᠠᠷᠠᠨ ᠳᠤ ᠥᠳᠦᠨ ᠵᠢᠭᠦᠷ ᠢᠶᠠᠨ ᠲᠥᠭᠡᠨᠡᠭᠦᠯᠵᠦ᠂ ᠰᠡᠯᠢᠨ ᠳᠡᠪᠳᠡᠷᠢᠬᠦ ᠶᠢᠨ ᠤᠷᠮ᠎ᠠ ᠨᠢ ᠬᠤᠭᠤᠷᠠᠭᠰᠠᠨ ᠪᠣᠷᠣ ᠪᠣᠯᠵᠣᠮᠣᠷ ᠤᠨ ᠳᠠᠭᠤ ᠱᠤᠤ ᠴᠤ ᠮᠡᠳᠡᠭᠳᠡᠮ᠎ᠡ | ᠶᠡᠬᠡᠰᠴᠦ᠂ ᠭᠠᠵᠠᠷ ᠲᠡᠭᠷᠢ ᠶᠢ ᠥᠯᠦ ᠦᠵᠡᠭᠳᠡᠬᠦ ᠰᠢᠵᠢᠮ ᠢᠶᠠᠷ ᠬᠤᠯᠪᠣᠨ ᠨᠠᠶᠢᠷᠰᠠᠭᠤᠯᠤᠭᠠᠳ ᠡᠷᠬᠡᠯᠡᠨ ᠵᠢᠷᠭᠢᠬᠦ ᠨᠢ ᠳᠠᠩᠴᠢ ᠵᠢᠷᠭᠠᠯᠲᠠᠢ ᠪᠥᠭᠡᠳ ᠰᠣᠨᠣᠰᠤᠭᠠᠳ | ᠰᠣᠨᠣᠰᠤᠭᠠᠳ ᠬᠠᠨᠤᠰᠢ ᠦᠭᠡᠢ᠃ | ᠢᠷᠡᠬᠦ ᠪᠣᠷᠤᠭ᠎ᠠ ᠬᠢᠭᠡᠳ ᠮᠢᠨᠤ ᠰᠡᠳᠬᠢᠯ ᠢ ᠪᠣᠯᠵᠣᠮᠣᠷ ᠬᠤᠯᠪᠣᠬᠤ ᠨᠢ ᠰᠢᠯᠦᠭ ᠮᠡᠲᠦ᠃ ︽ᠬᠥᠮᠥᠨ ᠵᠣᠨ ᠬᠢᠭᠡᠳ ᠠᠳᠤᠭᠤ ᠮᠠᠯ ᠤᠨ ᠮᠢᠨᠢ ᠵᠣ ᠲᠡᠨᠢᠢᠵᠦ᠂ | ᠥᠯᠵᠡᠢ ᠠᠮᠤᠭᠤᠯᠠᠩ ᠤᠨ ᠤᠶᠠᠬᠠᠨ ᠳᠠᠭᠤᠲᠤ ᠱᠠᠨᠵᠠ ᠬᠠᠩᠭᠢᠨᠠᠵᠤ ᠯᠠ ᠪᠠᠶᠢᠪᠠᠯ ᠮᠢᠨᠤ ᠰᠡᠳᠬᠢᠯ ᠠᠭᠤᠵᠢᠷᠠᠨ᠎ᠠ᠃ ᠮᠥᠩᠬᠡ ᠨᠠᠰᠤᠲᠤ ᠠᠭᠤᠯᠠ ᠤᠰᠤ ᠪᠠᠨ | ᠳᠦᠰᠢᠩᠭᠡᠨ ᠪᠠᠷᠠᠳᠠᠵᠤ᠂ ᠦᠶ᠎ᠡ ᠶᠢᠨ ᠦᠶ᠎ᠡ ᠳᠤ ᠴᠤᠭ ᠵᠤᠯᠪᠤᠭ᠎ᠠ ᠪᠠᠨ ᠪᠠᠳᠠᠷᠠᠭᠤᠯᠤᠩᠬᠠᠨ ᠠᠰᠠᠭᠠᠵᠤ ᠯᠡ ᠪᠠᠶᠢᠪᠠᠯ ᠮᠢᠨᠤ ᠵᠢᠷᠭᠠᠯᠠᠩ ᠲᠡᠭᠦᠰ ᠣᠷᠣᠰᠢᠨ᠎ᠠ︾ ᠭᠡᠵᠦ | ᠬᠥᠭᠵᠢᠯᠲᠡᠢ ᠳᠠᠭᠤ ᠪᠠᠷ ᠢᠶᠠᠨ ᠴᠢᠬᠢᠨ᠎ᠡ ᠨᠠᠶᠢᠷᠲᠠᠢ ᠵᠢᠷᠭᠢᠯᠳᠦᠭᠰᠡᠨ ᠨᠤᠲᠤᠭᠴᠢ ᠪᠣᠯᠵᠣᠮᠣᠷ ᠤᠳ ᠪᠣᠯ ᠡᠨᠡᠷᠢᠯ ᠬᠠᠶᠢᠷ᠎ᠠ ᠶᠢᠨ ᠡᠯᠴᠢᠰ ᠶᠤᠮ᠃ ᠵᠣᠨ ᠤ ᠭᠤᠣᠯ ᠳᠤ | ᠣᠷᠣᠲᠠᠯ᠎ᠠ ᠬᠦᠰᠡᠵᠦ ᠬᠦᠯᠢᠶᠡᠵᠦ ᠤᠳᠠᠭᠰᠠᠨ ᠪᠣᠷᠤᠭ᠎ᠠ ᠡᠴᠦᠰ ᠲᠡᠭᠡᠨ ᠱᠠᠭᠢᠯᠠ᠃ ᠪᠣᠷᠣᠭᠠᠨ ᠤ ᠴᠠᠭᠠᠨ᠎ᠠ ᠨᠠᠷᠠ ᠬᠠᠮᠢᠭ᠎ᠠ ᠪᠠᠶᠢᠭ᠎ᠠ ᠨᠢ ᠮᠡᠳᠡᠭᠳᠡᠬᠦ ᠦᠭᠡᠢ᠂ | ᠡᠳᠦᠷ ᠤᠨ ᠬᠡᠳᠦᠨ ᠬᠢᠯᠠᠭᠠᠨ ᠤᠳᠣ ᠴᠤ ᠪᠠᠷ᠎ᠠ ᠦᠭᠡᠢ᠃ ᠵᠦᠪᠭᠡᠨ ᠨᠡᠯᠦᠶᠢᠭᠰᠡᠨ ᠴᠢᠭᠢᠭᠯᠢᠭ ᠦᠨᠦᠷ ᠯᠡ ᠲᠠᠯ᠎ᠠ ᠲᠠᠯ᠎ᠠ ᠠᠴᠠ ᠳᠣᠲᠣᠷ᠎ᠠ ᠣᠩᠭᠤᠶᠢᠲᠠᠯᠠ ᠰᠡᠷᠢᠭᠦᠦ | ᠲᠠᠲᠠᠭᠤᠯᠤᠭᠠᠳ ᠲᠠᠭᠠᠲᠠᠢ᠃ | ᠵᠦᠰᠡᠷᠡᠨ ᠱᠠᠭᠢᠬᠤ ᠪᠣᠷᠣᠭᠠᠨ ᠤ ᠬᠠᠲᠠᠷᠢᠶᠠᠨ ᠳᠤ ᠠᠬᠯᠠᠬᠬᠠᠨ ᠲᠠᠯ᠎ᠠ ᠶᠢᠨ ᠠᠨᠢᠷ ᠦᠭᠡᠢ ᠪᠦᠭᠦᠨ ᠤ ᠲᠣᠷᠭᠠᠨ ᠮᠡᠳᠡᠷᠡᠬᠦᠢ ᠬᠥᠨᠳᠡᠭᠳᠡᠵᠦ᠂ ᠠᠶᠢᠷᠠᠭ ᠤᠨ | ᠠᠮᠲᠠ ᠴᠡᠮᠴᠡᠭᠡᠨᠡᠬᠦ ᠰᠢᠭ ᠠᠩᠬᠢᠯᠤᠨ ᠰᠡᠩᠭᠢᠨᠡᠭᠡᠳ ᠥᠩᠭᠡ ᠵᠢᠰᠦ ᠨᠢ ᠲᠤᠶᠠᠭᠠᠷᠠᠨ᠎ᠠ᠃ ᠪᠣᠷᠣᠭᠠᠨ ᠤ ᠢᠷᠠᠭᠤᠬᠠᠨ ᠭᠦᠭ ᠰᠣᠨᠣᠷ ᠢ ᠴᠡᠩᠭᠡᠭᠦᠯᠦᠭᠰᠡᠭᠡᠷ ᠣᠷᠲᠦ ᠶᠢᠨ | ᠳᠠᠭᠤᠤ ᠶᠢᠨ ᠤᠪᠠᠳᠢᠰᠲᠤ ᠴᠤᠤᠷᠢᠶ᠎ᠠ ᠰᠢᠭ᠋ ᠭᠦᠪᠦᠯᠵᠡᠩᠭᠡᠨ ᠨᠠᠮᠵᠢᠬᠤ ᠶᠢᠨ ᠲᠡᠷᠡ ᠬᠦ ᠴᠢᠯᠦᠭᠡᠨ ᠳᠤ ᠠᠭᠤᠯᠠ ᠲᠠᠯ᠎ᠠ ᠨᠣᠵᠣᠭᠤᠷᠠᠨ ᠲᠠᠯᠪᠢᠭᠤᠷᠠᠭᠠᠳ ᠠᠭᠤᠵᠢᠭᠤ | ᠨᠢᠭᠡ ᠠᠮᠢᠰᠬᠤᠭ᠎ᠠ ᠠᠪᠬᠤ ᠨᠢ ᠮᠡᠳᠡᠷᠡᠭᠳᠡᠨ᠎ᠡ᠃ ᠪᠣᠷᠣᠭᠠᠨ ᠤ ᠴᠡᠭᠡᠯᠬᠡᠨ ᠰᠢᠷᠤᠩᠬᠠᠢ ᠪᠠᠷ ᠰᠡᠷᠪᠡᠯᠵᠡᠨ ᠪᠣᠰᠣᠭᠰᠠᠨ ᠬᠡᠭᠡᠷ᠎ᠡ ᠲᠠᠯ᠎ᠠ ᠶᠢᠨ ᠪᠤᠲᠠ ᠰᠥᠭᠡᠭ᠂ ᠠᠭᠢ | ᠲᠠᠭᠠᠨ᠎ᠠ᠂ ᠴᠠᠬᠢᠯᠳᠠᠭ ᠤᠨ ᠨᠠᠮᠠᠭ᠎ᠠ ᠦᠭᠡ ᠳᠠᠭᠤ ᠦᠭᠡᠶᠢᠬᠡᠨ ᠢᠶᠠᠷ ᠰᠣᠭᠲᠣᠭᠤᠷᠠᠨ ᠨᠠᠶᠢᠭᠤᠨ᠎ᠠ᠃ ᠡᠷᠳᠡᠨᠢ ᠶᠢᠨ ᠷᠠᠰᠢᠶᠠᠨ ᠠᠮᠰᠠᠭᠰᠠᠨ ᠡᠪᠡᠰᠦᠨ ᠤ ᠦᠵᠦᠭᠦᠷ | ᠥᠭᠡᠳᠡ ᠭᠠᠭᠴᠠ ᠬᠤᠶᠠᠷ ᠭᠤᠯᠢᠶ᠎ᠠ ᠴᠠᠷᠴᠠᠬᠠᠢ᠂ ᠰᠢᠷᠭᠤᠯᠵᠢ ᠲᠡᠷᠢᠭᠦᠲᠡᠨ ᠪᠣᠯᠭᠤᠮᠵᠢᠲᠠᠶᠢᠬᠠᠨ ᠠᠪᠠᠷᠢᠪᠠᠴᠤ ᠰᠠᠶ᠋ᠢᠬᠠᠨ ᠨᠣᠷᠣᠭᠰᠠᠨ ᠡᠪᠡᠰᠦᠨ ᠤ ᠨᠠᠮᠠᠭᠠᠳ | ᠭᠦᠯᠢᠭᠡᠷᠭᠡᠨ ᠲᠤᠯᠠ ᠬᠠᠯᠲᠤᠷᠢᠭᠠᠳ ᠤᠨᠠᠬᠤ ᠨᠢ ᠢᠨᠢᠶᠡᠳᠦᠮᠲᠡᠢ᠃ ᠳᠥᠵᠢᠷᠡᠭᠰᠡᠨ ᠭᠠᠩ ᠬᠠᠭᠰᠠᠷᠠᠭᠠᠨ ᠳᠤ ᠡᠰᠬᠡᠭᠦᠯᠦᠭᠰᠡᠨ ᠡᠪᠡᠰᠦ ᠨᠣᠭᠤᠭ᠎ᠠ ᠦᠶ᠎ᠡ ᠭᠡᠰᠢᠭᠦᠦ ᠪᠠᠨ | ᠲᠠᠪᠠᠲᠠᠶᠢᠬᠠᠨ ᠰᠤᠨᠢᠶᠠᠵᠤ᠂ ᠠᠯᠠᠭ ᠨᠢᠳᠦ ᠪᠠᠨ ᠲᠣᠷᠮᠣᠰ ᠲᠣᠷᠮᠣᠰ ᠠᠨᠢᠪᠴᠢᠬᠤᠶᠠ ᠠᠨᠢᠰᠬᠠᠨ ᠳᠡᠭᠡᠷ᠎ᠡ ᠨᠢ ᠢᠷᠠᠭᠤ ᠤᠳᠬ᠎ᠠ ᠶᠢᠨ ᠰᠣᠪᠤᠳᠣᠨ ᠪᠥᠮᠪᠦᠯᠢᠭ | ᠭᠢᠯᠲᠠᠭᠠᠨᠠᠨ᠎ᠠ᠃ ᠭᠠᠩᠳᠠᠮᠠᠯ ᠵᠣᠨ ᠤ ᠠᠩᠬᠠᠨ ᠤ ᠪᠣᠷᠣᠭᠠᠨ ᠢᠶᠠᠷ ᠡᠪᠡᠰᠦ ᠨᠣᠭᠤᠭ᠎ᠠ ᠰᠠᠬᠤᠯᠢᠭ ᠰᠣᠷᠭᠤᠭ ᠰᠤᠭᠤᠷᠠᠵᠤ᠂ ᠦᠬᠡᠷ ᠬᠤᠨᠢᠳ ᠭᠦᠢᠴᠡᠳ ᠴᠠᠳᠬᠤ ᠠᠷᠠᠢ | ᠪᠣᠯᠤᠭ᠎ᠠ ᠦᠭᠡᠢ ᠴᠤ ᠡᠶᠢᠰᠢ ᠲᠡᠶᠢᠰᠢ ᠭᠤᠷᠢ ᠲᠠᠰᠤᠷᠠᠯ ᠦᠭᠡᠢ ᠪᠤᠬᠢᠨᠢᠳᠤᠨ ᠭᠥᠯᠢᠭᠡᠨᠡᠵᠦ᠂ ᠬᠠᠰᠢᠶᠠᠨ ᠠᠴᠠ ᠪᠠᠨ ᠰᠠᠶ᠋ᠢᠬᠠᠨ ᠴᠢᠯᠦᠭᠡᠯᠡᠭᠳᠡᠭᠰᠡᠨ ᠬᠠᠷᠠᠭᠤᠰᠣᠯ | ᠭᠤᠮᠣᠳᠠᠯ ᠢᠶᠠᠨ ᠭᠠᠷᠭᠠᠬᠤ ᠭᠡᠰᠡᠨ ᠮᠡᠲᠦ ᠰᠡᠭᠦᠯ ᠢᠶᠠᠨ ᠰᠢᠷᠪᠠᠨ ᠢᠯᠠᠭ᠎ᠠ ᠰᠢᠮᠠᠭᠤᠯ ᠦᠷᠭᠦᠭᠡᠵᠦ᠂ ᠠᠷᠠᠮᠠᠭ ᠲᠠᠷᠠᠮᠠᠭ ᠪᠡᠯᠴᠢᠨ᠎ᠡ᠃ | ᠪᠣᠷᠤᠭ᠎ᠠ᠂ ᠪᠣᠷᠤᠭ᠎ᠠ ᠬᠡᠮᠡᠨ ᠠᠶᠤᠤᠯᠢᠬᠠᠢ ᠴᠡᠭᠡᠵᠢᠨ ᠤ ᠤᠭ ᠠᠴᠠ ᠪᠠᠨ ᠬᠠᠶᠢᠷ᠎ᠠ ᠢᠷᠦᠭᠡᠯ ᠰᠢᠩᠭᠡᠭᠰᠡᠨ ᠪᠢᠯᠢᠭ ᠤᠨ ᠡᠭᠡᠰᠢᠭᠲᠦ ᠦᠭᠡᠰ ᠢ ᠡᠷᠴᠢᠲᠡᠢ | ᠤᠨᠳᠤᠷᠤᠭᠤᠯᠵᠤ᠂ ᠢᠲᠡᠭᠡᠯ ᠢᠶᠠᠨ ᠳᠡᠭᠡᠵᠢᠯᠡᠭᠰᠡᠨ ᠤ ᠬᠠᠷᠢᠭᠤ ᠳᠤ ᠠᠮᠠᠨ ᠤ ᠪᠡᠯᠭᠡ ᠲᠣᠭᠲᠠᠭᠠᠳ ᠯᠤᠤᠰ ᠤᠨ ᠲᠡᠭᠷᠢ ᠷᠠᠰᠢᠶᠠᠨ ᠬᠤᠷ᠎ᠠ ᠪᠠᠨ ᠬᠠᠶᠢᠷᠠᠯᠠᠵᠤ ᠪᠠᠶᠢᠭ᠎ᠠ ᠨᠢ | ᠡᠨᠡ ᠳ᠋ᠠ ᠭᠡᠵᠦ ᠵᠠᠯᠪᠠᠷᠢᠨ ᠪᠤᠳᠤᠬᠤ ᠳᠤ ᠪᠠᠶᠢᠭᠠᠯᠢ ᠠᠬᠤᠢ ᠪᠠᠨ ᠯᠡ ᠰᠢᠲᠦᠭᠡᠨ ᠪᠣᠯᠭ᠎ᠠ ᠭᠡᠬᠦ ᠳᠡᠭᠡᠳᠦᠰ ᠤᠨ ᠮᠢᠨᠢ ᠴᠠᠴᠠᠨ ᠰᠤᠷᠭᠠᠯ ᠡᠰ ᠴᠢᠰᠤᠨ ᠳᠤ | ᠨᠢᠯᠴᠢᠭᠢᠨᠡᠭᠡᠳ᠂ ᠥᠰᠢᠪᠡᠯ ᠭᠠᠩᠳᠠᠭᠤᠯᠵᠤ ᠭᠠᠩᠰᠠᠷᠠᠭᠤᠯᠵᠤ ᠴᠢᠳᠠᠳᠠᠭ᠂ ᠥᠷᠥᠰᠢᠶᠡᠪᠡᠯ ᠠᠮᠢᠯᠠᠭᠤᠯᠵᠤ ᠡᠳᠡᠭᠡᠭᠡᠵᠦ ᠳᠡᠶᠢᠯᠳᠡᠭ ᠪᠠᠶᠢᠭᠠᠯᠢ ᠳᠡᠯᠡᠬᠡᠢ ᠶᠢᠨ ᠬᠡᠴᠡᠭᠦᠦ ᠶᠢ | ᠬᠡᠯᠡᠵᠦ ᠥᠭᠭᠦᠨᠡᠮ᠃ ᠪᠣᠷᠣᠭᠠᠨ ᠤ ᠮᠥᠩᠭᠦᠨ ᠲᠤᠰᠣᠯ ᠭᠠᠵᠠᠷ ᠳᠡᠯᠡᠬᠡᠢ ᠶᠢ ᠳᠡᠪᠲᠦᠲᠡᠯ᠎ᠡ ᠮᠡᠯᠮᠡᠷᠡᠵᠦ᠂ ᠵᠠᠯᠰᠠᠨ ᠰᠥᠮᠪᠦᠷ ᠠᠭᠤᠯᠠ ᠴᠠᠶᠢᠷᠠᠨ ᠥᠳᠬᠡᠷᠡᠬᠦ ᠴᠠᠭᠠᠨ | ᠮᠠᠨᠠᠨ ᠳᠤ ᠬᠤᠴᠢᠭᠳᠠᠭᠠᠳ ᠶᠠᠭᠤ ᠴᠤ ᠡᠰᠡ ᠦᠵᠡᠭᠳᠡᠪᠡᠴᠦ ᠲᠡᠷᠡ ᠵᠦᠭ ᠲᠤ ᠰᠣᠨᠢᠭᠤᠴᠢ ᠰᠡᠳᠬᠢᠯ ᠤᠨ ᠵᠢᠯᠣᠭᠤ ᠨᠢᠭᠡᠨᠲᠡ ᠠᠯᠳᠠᠭᠤᠷᠠᠭᠠᠳ ᠰᠤᠮᠤ ᠶᠢᠨ | ᠨᠠᠭᠠᠳᠤᠮ ᠳᠤ ᠨᠠᠶᠢᠭᠤᠲᠠᠯᠠ ᠰᠣᠶᠢᠭᠰᠠᠨ ᠠᠵᠢᠨᠠᠢ ᠭᠦᠯᠦᠭ ᠰᠢᠭ ᠴᠣᠪᠬᠤᠴᠢᠨ ᠲᠡᠮᠡᠦᠯᠦᠨ᠎ᠡ᠃ ᠠᠭᠤᠯᠠᠰ᠂ ᠡᠭᠦᠯᠡᠰ᠂ ᠪᠣᠷᠤᠭ᠎ᠠ᠂ ᠡᠪᠡᠰᠦ ᠴᠡᠴᠡᠭᠡᠰ᠂ ᠣᠢ ᠮᠣᠳᠣᠳ᠂ | ᠵᠠᠮ ᠬᠠᠷᠭᠤᠢ ᠬᠢᠭᠡᠳ ᠪᠢ ᠡᠨᠡ ᠭᠱᠠᠨ᠎ᠠ ᠳᠡᠯᠡᠬᠡᠢ ᠡᠵᠢ ᠶᠢᠨ ᠢᠶᠠᠨ ᠠᠭᠤᠵᠢᠮ ᠡᠪᠦᠷ ᠲᠤ ᠨᠢᠯᠬᠠᠰᠢᠨ ᠡᠷᠬᠡᠯᠡᠭᠡᠳ ᠮᠢᠨᠤᠬᠢ ᠴᠢᠨᠦᠬᠢ ᠭᠡᠬᠦ ᠵᠠᠭᠠᠭ ᠵᠠᠪᠰᠠᠷ ᠣᠷᠣ | ᠦᠭᠡᠢ ᠠᠷᠢᠯᠤᠨᠠᠮ᠃ ᠪᠣᠷᠣᠭᠠᠨ ᠤ ᠱᠠᠭᠢᠬᠤ ᠴᠢᠮᠡᠭᠡ ᠪᠠᠶᠢᠰᠬᠢᠭᠡᠳ ᠭᠦᠶᠦᠳᠡᠯ ᠳᠤᠮᠳᠠ ᠪᠠᠨ ᠰᠢᠷᠦᠭᠦᠰᠬᠦ ᠨᠢ ᠮᠠᠷᠲᠠᠭᠰᠠᠨ ᠢᠶᠠᠨ ᠦᠭᠡᠶᠢᠯᠡᠬᠦ ᠣᠨ ᠵᠢᠯ ᠤᠳ ᠤᠨ | ᠭᠠᠩ ᠲᠦᠪᠡᠷᠭᠡᠨ ᠴᠤ ᠰᠢᠭ᠃ | ᠪᠠᠶᠠᠩᠭᠤᠣᠯ ᠬᠡᠮᠡᠬᠦ ᠡᠨᠡ ᠭᠠᠵᠠᠷ ᠤᠳᠠᠭᠠᠨ ᠵᠢᠯ ᠢᠳᠡᠭᠡᠰᠢᠨ ᠳᠠᠰᠬᠤ ᠳᠠᠭᠠᠨ ᠡᠷᠭᠢᠨ ᠲᠣᠭᠤᠷᠢᠨ ᠤ ᠠᠭᠤᠯᠠᠰ ᠲᠠᠢ ᠴᠠᠭ ᠦᠷᠭᠦᠯᠵᠢ ᠲᠣᠪ ᠳᠤᠭᠤᠶᠢᠬᠠᠨ | ᠰᠢᠷᠲᠡᠯᠴᠡᠵᠦ᠂ ᠪᠠᠶᠠᠷ ᠪᠠᠭ᠋ᠠᠳᠤᠯ ᠪᠣᠯᠣᠨ ᠭᠤᠮᠣᠳᠠᠯ ᠪᠠᠴᠢᠮᠳᠠᠯ ᠤᠨ ᠦᠭᠡᠰ ᠢᠶᠠᠨ ᠢᠷᠤᠭᠠᠷ ᠢ ᠨᠢ ᠭᠦᠪᠢᠲᠡᠯᠡ ᠰᠢᠪᠡᠨᠡᠬᠦ ᠳᠤ ᠡᠷᠲᠡᠨ ᠤ ᠴᠠᠶᠢᠯᠭᠠᠨ ᠵᠠᠩ ᠢᠶᠠᠷ ᠢᠶᠠᠨ | ᠮᠡᠯᠡᠰᠬᠢᠲᠡᠯᠡ ᠭᠥᠯᠢᠶᠡᠨ ᠠᠪᠬᠤ ᠳᠤᠨᠢ ᠬᠡᠮᠵᠢᠶᠡᠯᠡᠰᠢ ᠦᠭᠡᠢ ᠣᠮᠣᠭᠰᠢᠵᠤ᠂ ᠨᠢᠭᠡᠨᠲᠡ ᠨᠥᠮᠥᠷᠦᠭᠡᠳ ᠢᠷᠡᠭᠰᠡᠨ ᠪᠠᠶᠠᠷ ᠦᠭᠡᠢ ᠪᠦᠭᠦᠨ ᠡᠷ᠎ᠡ ᠵᠣᠷᠢᠭ ᠢ ᠮᠢᠨᠢ | ᠳᠠᠩᠳᠠ ᠮᠣᠬᠤᠭᠠᠬᠤ ᠬᠡᠮᠡᠨ ᠢᠪ ᠳᠠᠷᠤᠬᠤ ᠪᠦᠷᠢ ᠳᠤᠲᠠᠵᠤ ᠳᠤᠨᠳᠠᠷᠠᠰᠢ ᠦᠭᠡᠢ ᠳᠣᠲᠣᠭᠠᠳᠤ ᠢᠯᠴᠢ ᠲᠠᠮᠢᠷ ᠢ ᠲᠡᠨᠳᠡ ᠠᠴᠠ ᠪᠢ ᠣᠯᠳᠠᠭ ᠪᠢᠯᠡ᠃ ᠸᠧᠶᠧᠨᠠ ᠶᠢᠨ | ᠠᠯᠲᠠᠨ ᠲᠠᠩᠬᠢᠮ ᠳᠤ ᠳᠠᠭᠤᠷᠢᠰᠤᠭᠰᠠᠨ ᠰᠢᠮᠫᠤᠨᠢ ᠬᠥᠭᠵᠢᠮ ᠤᠨ ᠰᠣᠩᠭᠤᠳᠠᠭ ᠠᠶᠠᠯᠭᠤ ᠰᠢᠭ᠋ ᠨᠠᠮᠢᠷᠠᠭ᠎ᠠ ᠪᠣᠷᠣᠭᠠᠨ ᠨᠠᠮᠤᠭᠤᠬᠠᠨ ᠵᠠᠪᠰᠠᠷᠯᠠᠬᠤ ᠶᠢᠨ ᠢᠯᠳᠠᠮ ᠳᠤ | ᠭᠠᠳᠠᠭ᠎ᠠ ᠭᠠᠷᠪᠠᠯ᠂ ᠲᠤᠨᠤᠬᠰᠠᠨ ᠤᠰᠣᠨ ᠤ ᠵᠢᠷᠪᠢᠭᠢᠨᠡᠬᠦ ᠮᠠᠨᠳᠠᠯ ᠰᠢᠭᠦᠷᠦᠨ ᠡᠭᠦᠯᠡᠰ ᠤᠨ ᠰᠡᠵᠢᠭᠦᠷ ᠴᠡᠴᠡᠷᠭᠡᠨᠡᠨ ᠴᠠᠶᠢᠪᠠᠯᠵᠠᠬᠤ ᠪᠥᠭᠡᠳ ᠠᠳᠬᠤᠭᠠᠳ ᠠᠪᠤᠮᠠᠷ | ᠲᠡᠶᠢᠮᠦ ᠣᠶᠢᠷᠠᠬᠠᠨ ᠴᠤ ᠳᠦᠷᠰᠦ ᠨᠢ ᠬᠤᠭᠤᠰᠤᠨ ᠤ ᠤᠴᠢᠷ ᠪᠠᠷᠢᠶ᠎ᠠ ᠬᠡᠮᠡᠨ ᠰᠡᠳᠬᠢᠯ ᠬᠡᠳᠦᠢ ᠭᠤᠷᠢᠳᠠᠪᠠᠴᠤ ᠰᠠᠨᠠᠭᠰᠠᠨ ᠳᠠᠭᠠᠨ ᠬᠦᠷᠴᠦ ᠥᠯᠦ ᠴᠢᠳᠠᠨ᠎ᠠ᠃ | ︽ᠡᠭᠦᠯᠡᠰ ᠤᠨ ᠬᠤᠪᠢᠷᠠᠯ ᠬᠥᠳᠡᠯᠭᠡᠭᠡᠨ ᠳᠣᠲᠣᠭᠠᠳᠤ ᠰᠢᠯᠲᠠᠭᠠᠨ ᠲᠠᠢ ᠪᠠᠨ ᠠᠭᠠᠷ ᠮᠠᠨᠳᠠᠯ ᠤᠨ ᠬᠢ᠂ ᠭᠠᠵᠠᠷ ᠤᠨ ᠳᠡᠯᠭᠡᠴᠡᠨ ᠳᠠᠬᠢ ᠰᠠᠶ᠋ᠢ ᠶᠢᠨ ᠲᠡᠷᠡ ᠵᠢᠷᠤᠭ | ᠪᠣᠷᠣᠭᠠᠨ ᠤ ᠰᠠᠪᠰᠢᠶᠡᠨ ᠳᠤ ᠠᠭᠤᠰᠤᠨ ᠵᠠᠳᠠᠷᠠᠵᠤ᠂ ᠮᠢᠨᠤ ᠤᠬᠲᠣ ᠮᠡᠳᠡᠬᠦ ᠦᠭᠡᠢ ᠥᠭᠡᠷ᠎ᠡ ᠣᠷᠣᠨ ᠳᠤ ᠰᠢᠯᠵᠢᠭᠡᠳ ᠶᠠᠩᠵᠤ ᠶᠠᠩᠵᠤ ᠶᠢᠨ ᠭᠡᠯᠪᠡᠷᠢ ᠭᠠᠯᠪᠢᠷ | ᠪᠦᠲᠦᠭᠡᠬᠦ ᠪᠠᠶᠢᠬ᠎ᠠ ᠳ᠋ᠠ︾ ᠭᠡᠬᠦ ᠪᠦᠦᠷ ᠲᠦᠦᠷᠬᠡᠨ ᠣᠶᠢᠯᠠᠭᠠᠯᠲᠠ ᠪᠠᠷ ᠥᠪᠡᠷ ᠢ ᠪᠠᠨ ᠠᠷᠭᠠᠳᠠᠨᠠᠮ᠃ | ᠵᠡᠭᠦᠨ ᠵᠦᠭ ᠲᠤ ᠬᠡᠪᠲᠡᠭᠡ ᠵᠠᠭᠠᠨ ᠤ ᠳᠦᠷᠢᠲᠦ ᠴᠠᠭᠠᠨ ᠣᠪᠣᠭ᠎ᠠ ︽ᠥᠩ ᠵᠢᠯ ᠤᠨ ᠬᠡᠰᠢᠭ ᠮᠠᠨ ᠳᠠᠭᠠᠨ ᠢᠷᠡᠯ᠎ᠡ︾ ᠭᠡᠭᠰᠡᠭᠡᠷ ᠬᠠᠷᠠᠭᠠᠨ ᠳᠤ ᠡᠯᠢᠭᠡᠰᠡᠭ | ᠲᠦᠩᠬᠦᠶᠢᠵᠦ᠂ ᠪᠠᠷᠠᠭᠤᠨ ᠬᠤᠶᠢᠨ᠎ᠠ ᠵᠦᠭ ᠲᠤ ᠦᠯᠢᠭᠡᠷ ᠦᠨᠡᠨ ᠬᠤᠶᠠᠷ ᠤᠨ ᠳᠤᠮᠳᠠ ᠮᠢᠩᠭ᠎ᠠ ᠮᠢᠩᠭᠠᠨ ᠵᠢᠯ ᠤᠨ ᠬᠠᠯᠠᠭᠤᠨ ᠵᠡᠭᠦᠳᠦ ᠪᠠᠨ ᠮᠠᠨᠠᠭᠰᠠᠨ ᠬᠠᠪᠬ᠎ᠠ ᠶᠢᠨ | ᠡᠩᠭᠡᠷ ᠨᠤᠲᠤᠭ ᠤᠰᠤ ᠪᠠᠨ ᠬᠥᠳᠡᠯᠦᠰᠢ ᠦᠭᠡᠢ ᠰᠠᠬᠢᠨ᠎ᠠ᠃ ᠪᠣᠷᠣᠭᠠᠨ ᠤ ᠲᠤᠬᠠᠢ ᠮᠢᠨᠤ ᠮᠡᠳᠡᠬᠦ ᠦᠭᠡᠢ ᠭᠠᠶᠢᠬᠠᠮᠰᠢᠭᠲᠤ ᠤᠯᠠᠨ ᠦᠯᠢᠭᠡᠷ ᠲᠣᠮᠤᠭ ᠤᠳ ᠢ ᠲᠠᠨᠢᠯ | ᠲᠠᠰᠤᠯᠬᠠᠨ ᠠᠭᠤᠯᠠᠰ ᠤᠨ ᠮᠢᠨᠢ ᠥᠭᠡᠬᠦᠨ ᠴᠠᠭᠠᠨ ᠴᠢᠯᠠᠭᠤᠳ ᠰᠢᠩᠭᠡᠭᠡᠵᠦ ᠪᠠᠷᠢᠨᠲᠠᠭᠯᠠᠭᠰᠠᠨ ᠭᠡᠵᠦ ᠢᠲᠡᠭᠡᠨᠡᠮ᠃ ᠠᠯᠢ ᠨᠢᠭᠡ ᠡᠳᠦᠷ ᠪᠣᠷᠣᠭᠠᠨ ᠳᠤ | ᠱᠠᠪᠰᠢᠭᠤᠯᠤᠭᠰᠠᠨ ᠲᠡᠷᠡ ᠴᠢᠯᠠᠭᠤᠳ ᠠᠴᠠ ᠤᠷᠢᠳᠤ ᠶᠢᠨ ᠶᠠᠪᠤᠳᠠᠯ ᠤᠨ ᠣᠷᠬᠢᠭᠳᠠᠭᠰᠠᠨ ᠤᠴᠢᠭ ᠤᠳ ᠰᠣᠯᠣᠩᠭ᠎ᠠ ᠬᠥᠯᠭᠡᠯᠡᠨ ᠭᠦᠪᠦᠷᠡᠵᠦ᠂ ᠡᠭᠦᠪᠡᠷ ᠶᠠᠪᠤᠵᠤ | ᠥᠩᠭᠡᠷᠡᠭᠰᠡᠨ ᠤᠬᠠᠭᠠᠨᠲᠤ ᠳᠡᠭᠡᠳᠦᠰ ᠤᠨ ᠮᠢᠨᠢ ᠬᠡᠯᠡᠭᠡ ᠦᠭᠡᠢ ᠦᠭᠡ᠂ ᠶᠠᠷᠢᠭ᠎ᠠ ᠦᠭᠡᠢ ᠵᠣᠭᠤᠭ ᠢ ᠬᠦᠦᠷᠨᠢᠬᠦ ᠪᠢᠵᠡ︖ ᠭᠠᠩ ᠬᠠᠭᠰᠠᠷᠠᠭᠠᠨ ᠡᠬᠢᠯᠡᠭᠡᠳ ᠵᠢᠷᠦᠬᠡ | ᠵᠦᠰᠦᠮᠡᠷ ᠬᠡᠴᠡᠭᠦᠳᠡᠵᠦ᠂ ᠭᠤᠣᠯ ᠤᠰᠤ᠂ ᠬᠡᠭᠡᠷ᠎ᠡ ᠲᠠᠯ᠎ᠠ᠂ ᠡᠪᠡᠰᠦ ᠤᠷᠭᠤᠮᠠᠯ ᠲᠡᠷᠢᠭᠦᠲᠡᠨ ᠢ ᠲᠣᠯᠣᠭᠠᠢ ᠥᠨᠳᠡᠶᠢᠯᠭᠡᠬᠦ ᠦᠭᠡᠢ ᠳᠠᠷᠤᠭᠰᠠᠨ ᠪᠤᠯᠪᠠᠴᠤ ᠲᠡᠭᠷᠢ ᠶᠢᠨ | ᠵᠦᠢ ᠪᠠᠷ ᠲᠦᠳᠡᠯ ᠦᠭᠡᠢ ᠬᠤᠷ᠎ᠠ ᠲᠤᠨᠤᠳᠠᠰᠤ ᠬᠠᠷᠠᠮ ᠦᠭᠡᠢ ᠪᠠᠭᠤᠬᠤᠶᠠ ᠭᠠᠵᠠᠷ ᠤᠰᠣᠨ ᠤ ᠮᠢᠨᠢ ᠠᠯᠲᠠᠨ ᠮᠠᠬᠠᠪᠤᠳ ᠯᠠᠭᠰᠢᠨ ᠲᠤᠩᠭᠠᠯᠠᠭ᠂ ᠳᠣᠷᠪᠢᠯᠢᠭ | ᠬᠦᠴᠦᠲᠡᠢ᠂ ᠢᠨᠢᠶᠡᠮᠰᠦᠭᠯᠡᠯ ᠳᠦᠭᠦᠷᠡᠩ ᠪᠣᠯᠤᠭᠰᠠᠨ ᠨᠢ ᠦᠨᠡᠬᠡᠷ ᠪᠠᠶᠠᠷ᠃ | ᠬᠠᠪᠲᠠᠭᠠᠢ ᠴᠡᠭᠡᠵᠢᠨ ᠳᠤ ᠮᠢᠨᠢ ᠪᠣᠲᠣᠭᠤ ᠰᠢᠭ᠋ ᠪᠤᠶᠢᠯᠠᠩᠬᠠᠨ ᠭᠤᠩᠭᠠᠨᠢᠬᠤ ᠡᠯ᠎ᠡ ᠪᠦᠭᠦᠨ ᠤ ᠡᠬᠢ ᠠᠳᠠᠭ ᠢ ᠲᠤᠩᠭᠠᠨ ᠪᠤᠳᠤᠭᠠᠳ ᠰᠡᠷᠢᠭᠦᠨ ᠠᠭᠠᠷ ᠲᠤ | ᠬᠠᠴᠠᠷ ᠢᠶᠠᠨ ᠢᠯᠪᠢᠭᠦᠯᠦᠨ ᠵᠣᠭᠰᠣᠲᠠᠯ᠎ᠠ ᠪᠠᠷᠠᠭᠤᠨ ᠬᠤᠶᠢᠨ᠎ᠠ ᠠᠴᠠ ᠡᠭᠦᠯᠡᠰ ᠨᠡᠲᠦᠶᠢᠨ ᠨᠡᠭᠦᠳᠡᠯᠯᠡᠭᠡᠳ ᠪᠣᠷᠣᠭᠠᠨ ᠳᠠᠭᠢᠭᠠᠳ ᠤᠷᠮᠠᠲᠠᠶᠢᠬᠠᠨ ᠱᠠᠭᠢᠵᠤ ᠡᠬᠢᠯᠡᠯ᠎ᠡ᠃ | ᠴᠣᠩᠬᠤᠨ ᠤ ᠰᠢᠯ ᠲᠣᠪᠰᠢᠯᠠᠬᠤ ᠳᠣᠯᠣᠳᠤᠭᠠᠷ ᠰᠠᠷ᠎ᠠ ᠶᠢᠨ ᠰᠢᠨᠡᠳ ᠤᠨ ᠪᠣᠷᠣᠭᠠᠨ ︽ᠰᠠᠶᠢᠬᠠᠨ ᠪᠦᠭᠦᠨ ᠠᠳᠡ ᠠᠴᠠ ᠡᠬᠢᠯᠡᠨ᠎ᠡ︾ ᠭᠡᠬᠦ ᠰᠢᠭ ᠥᠨᠢ ᠡᠷᠲᠡᠨ ᠤ | ᠰᠤᠷᠠᠭ ᠳᠣᠬᠢᠶ᠎ᠠ ᠶᠢ ᠣᠶᠢᠷᠠᠲᠤᠭᠤᠯᠬᠤ ᠮᠡᠲᠦ ᠠᠰᠬᠠᠷᠠᠲᠠᠯ᠎ᠠ ᠱᠠᠪᠰᠢᠨ᠎ᠠ᠃ ᠵᠠᠭᠤᠨ ᠵᠠᠭᠤᠨ ᠤ ᠲᠡᠷᠲᠡᠭᠡ ᠠᠯᠤᠰ ᠲᠤ ᠡᠶᠢᠮᠦ ᠪᠣᠷᠣᠭᠠᠨ ᠥᠷᠭᠦᠭᠡ ᠴᠠᠭᠠᠨ ᠭᠡᠷ ᠤᠨ | ᠬᠠᠶᠠᠭ᠎ᠠ ᠳᠤᠭᠤᠶᠢᠯᠠᠨ ᠡᠷᠬᠡ ᠲᠠᠩᠬᠢᠯᠬᠠᠨ ᠢᠰᠢᠭᠡ ᠰᠢᠭ ᠳᠡᠭᠳᠡᠨ ᠲᠣᠩᠭᠤᠴᠢᠨ ᠭᠦᠶᠦᠯᠴᠡᠵᠦ᠂ ᠶᠢᠷᠲᠢᠨᠴᠦ ᠶᠢᠨ ᠳᠦᠷᠪᠡᠨ ᠵᠦᠭ ᠨᠠᠢᠮᠠᠨ ᠵᠣᠪᠬᠢᠰ ᠢ ᠴᠢᠬᠢ ᠪᠠᠨ | ᠳᠡᠯᠳᠡᠶᠢᠯᠭᠡᠨ ᠴᠢᠩᠨᠠᠬᠤ ᠲᠥᠷᠬᠦ ᠨᠢ ᠰᠡᠳᠬᠢᠯ ᠳᠤ ᠲᠣᠳᠣ ᠵᠢᠷᠤᠭᠳᠠᠭᠠᠳ ᠶᠡᠷᠦ ᠪᠤᠰᠤ ᠶᠢᠨ ᠪᠠᠶᠠᠰᠬᠤᠯᠠᠩᠲᠤ ᠣᠷᠴᠢᠯᠠᠩ ᠲᠥᠰᠥᠭᠡᠯᠡᠭᠳᠡᠨᠡ᠃ ᠭᠠᠯᠪᠠ | ᠲᠣᠭᠲᠠᠬᠤ ᠶᠢᠨ ᠲᠡᠷᠡ ᠮᠥᠴᠡ ᠠᠴᠠ ᠪᠣᠷᠣᠭᠠᠨ ᠤ ᠡᠵᠡᠳ ᠰᠠᠬᠢᠭᠤᠰᠤ ᠶᠡᠷᠦ ᠠᠴᠠ ᠪᠠᠨ ᠠᠯᠠᠭ ᠰᠠᠨᠠᠭ᠎ᠠ ᠦᠭᠡᠢ ᠨᠢ ᠭᠡᠷᠡᠴᠢᠯᠡᠭᠳᠡᠵᠦ᠂ ᠶᠢᠷᠲᠢᠨᠴᠦ ᠶᠢᠨ ᠲᠡᠳᠡᠭᠡᠷ | ᠪᠠᠲᠤᠲᠠᠢ ᠪᠣᠳᠠᠲᠠᠢ ᠦᠨᠡᠨ ᠤᠳ ᠪᠠ ᠳᠡᠯᠲᠡᠯᠢᠭ᠋ ᠪᠦᠲᠦᠴᠡ ᠶᠢᠨ ᠲᠤᠬᠠᠢ ᠦᠨᠡᠷᠬᠡᠯ ᠦᠭᠡᠢ ᠰᠢᠪᠡᠨᠡᠨ ᠰᠢᠪᠡᠷᠡᠭᠰᠡᠭᠡᠷ ᠢᠷᠡᠭᠰᠡᠨ ᠳᠤ ᠰᠦᠰᠦᠭᠯᠡᠨ ᠲᠠᠯᠠᠷᠬᠠᠨᠠᠮ᠃ | ᠪᠣᠷᠣᠭᠠᠨ ᠪᠢᠳᠡᠨ ᠠᠴᠠ ᠢᠯᠭᠠᠭ᠎ᠠ ᠨᠢ ᠬᠠᠮᠢᠭ᠎ᠠ ᠪᠠᠶᠢᠨ᠎ᠠ︖ ᠪᠣᠷᠣᠭᠠᠨ ᠳᠤ ᠥᠪᠡᠷ ᠤᠨ ᠭᠡᠯᠡ᠂ ᠦᠵᠡᠯ ᠰᠠᠨᠠᠭ᠎ᠠ᠂ ᠢᠲᠡᠭᠡᠯ ᠪᠢᠰᠢᠷᠡᠯ᠂ ᠠᠨᠳᠠᠭᠠᠢ ᠲᠠᠩᠭᠠᠷᠢᠭ᠂ | ᠠᠭᠠᠰᠢ ᠵᠠᠩ᠂ ᠵᠡᠭᠦᠳᠦ ᠵᠦᠩ ᠪᠤᠢ ᠭᠡᠵᠢ ᠤᠤ⁈ ᠠᠯᠢᠪᠠ ᠪᠦᠭᠦᠨ ᠳᠤ ᠥᠪᠡᠷ ᠥᠪᠡᠷ ᠤᠨ ᠨᠢᠭᠤᠴᠠ ᠲᠠᠢ᠂ ᠭᠠᠭᠴᠠ ᠬᠦ ᠬᠥᠮᠥᠨ ᠪᠢᠳᠡ ᠥᠴᠥᠬᠡᠨ᠃ ᠬᠤᠷᠣᠬᠠᠢ | ᠰᠢᠪᠠᠵᠢ ᠠᠴᠠ ᠪᠢᠳᠡ ᠶᠠᠭᠤ ᠪᠠᠷ ᠢᠶᠠᠨ ᠣᠨᠳᠣᠣ ᠭᠡᠵᠦ᠃ ᠬᠥᠮᠥᠨ ᠲᠥᠷᠥᠯᠬᠢᠲᠡᠨ ᠪᠡᠶ᠎ᠡ ᠪᠠᠨ ᠠᠯᠢᠪᠠ ᠶᠢᠨ ᠳᠡᠭᠡᠲᠡᠢ ᠭᠡᠵᠦ ᠣᠷᠣᠢ ᠣᠩᠭᠤᠳ ᠦᠭᠡᠢ ᠶᠡᠬᠡᠷᠬᠡᠨ | ᠲᠣᠭᠤᠭᠠᠳ ᠵᠠᠭᠤᠨ ᠵᠠᠭᠤᠨ ᠢ ᠬᠠᠷᠠᠯᠭᠠᠨ ᠦᠳᠡᠭᠰᠡᠨ ᠨᠢ ᠶᠠᠭᠤᠲᠠᠢ ᠥᠷᠥ ᠡᠪᠡᠳᠦᠮ᠎ᠡ᠂ ᠵᠢᠷᠦᠬᠡ ᠰᠢᠮᠰᠢᠷᠡᠮ᠎ᠡ᠃ ᠴᠣᠩᠬᠤᠨ ᠤ ᠳᠡᠷᠭᠡᠳᠡ ᠰᠠᠭᠤᠭᠠᠳ ᠢᠩᠭᠢᠵᠦ | ᠪᠤᠳᠤᠬᠤᠶ᠎ᠠ ᠥᠷᠥᠭᠡᠨ ᠤ ᠬᠡᠷᠡᠮ ᠬᠠᠨ᠎ᠠ᠂ ᠰᠢᠷᠡᠭᠡ ᠰᠠᠨᠳᠠᠯᠢ᠂ ︽ᠣᠭᠲᠠᠷᠭᠤᠢ ᠶᠢᠨ ᠴᠠᠭᠠᠨ ᠭᠠᠷᠤᠳᠢ︾ ᠨᠣᠮ ᠤᠨ ᠳᠡᠯᠭᠡᠭᠡ ᠦᠭᠡᠢ ᠬᠠᠭᠤᠳᠠᠰᠤ᠂ ᠱᠠᠭᠠᠵᠠᠩ ᠴᠣᠮᠣ᠂ | ᠡᠮ ᠤᠨ ᠲᠠᠯᠪᠢᠭᠤᠷ᠂ ᠬᠠᠷᠠᠭᠠᠨ ᠤ ᠬᠡᠮᠵᠢᠭᠦᠷ᠂ ᠲᠡᠷᠡ ᠪᠠᠶᠢᠲᠤᠭᠠᠢ ᠪᠤᠯᠤᠩ ᠳᠤ ᠲᠦᠰᠢᠭᠦᠯᠵᠦ ᠲᠠᠯᠪᠢᠭᠰᠠᠨ ᠱᠦᠭᠦᠷ ᠤᠨ ᠪᠠᠷᠢᠭᠤᠯ᠂ ᠪᠠᠷᠢᠭᠤᠯ ᠤᠨ ᠬᠠᠯᠴᠠᠷᠠᠭᠰᠠᠨ | ᠰᠢᠷᠭᠠᠯᠬᠠᠨ ᠪᠤᠳᠤᠭ ᠭᠦᠷᠲᠡᠯ᠎ᠡ ᠪᠣᠷᠤᠭ᠎ᠠ ᠪᠣᠯᠣᠭᠠᠳ ᠱᠠᠭᠢᠵᠤ ᠪᠠᠶᠢᠬᠤ ᠰᠢᠭ᠋ ᠬᠠᠴᠢᠨ ᠰᠡᠷᠡᠯ ᠳᠤ ᠠᠪᠲᠠᠭᠳᠠᠨ᠎ᠠ᠃ | ᠣᠷᠴᠢᠯᠠᠩ ᠴᠠᠭᠯᠠᠰᠢ ᠦᠭᠡᠢ ᠠᠭᠤᠳᠠᠮ᠂ ᠭᠦᠪᠡᠭᠡ ᠬᠢᠵᠠᠭᠠᠷ ᠨᠢ ᠲᠡᠨᠳᠡ ᠭᠡᠵᠦ ᠬᠡᠨ ᠨᠢᠭᠡ ᠨᠢ ᠮᠡᠳᠡᠮᠡᠬᠡᠶᠢᠷᠡᠬᠦ ᠳᠤ ᠦᠭᠡ ᠢᠴᠢᠨ᠎ᠡ᠃ ᠮᠥᠩᠬᠡ | ᠡᠷᠭᠢᠯᠳᠦᠭᠴᠢ ᠠᠯᠲᠠᠨ ᠬᠤᠷᠯᠣ ᠰᠢᠭ᠋ ᠠᠯᠠᠭᠬᠠᠨ ᠳᠡᠯᠡᠬᠡᠢ ᠶᠢᠨ ᠠᠷᠢᠭᠤᠨ ᠬᠡᠪᠡᠯᠢ ᠳᠤ ᠬᠥᠮᠥᠨ ᠤ ᠲᠥᠷᠦᠯ ᠢ ᠣᠯᠣᠭᠰᠠᠨ ᠪᠢᠳᠡ ᠪᠣᠷᠣᠭᠠᠨ ᠤ ᠬᠢᠷᠢ ᠤᠬᠠᠭᠠᠨ | ᠰᠠᠨᠠᠭ᠎ᠠ ᠭᠡᠭᠡᠬᠡᠨ ᠭᠡᠵᠦ ᠦᠦ ᠳ᠋ᠠ︖ ᠪᠦᠦ ᠮᠡᠳᠡ᠃ ᠣᠭᠤᠰᠣᠷ ᠪᠦᠴᠡ ᠦᠭᠡᠢ ᠤᠶᠤᠨ ᠪᠤᠳᠣᠯ ᠢᠶᠠᠷ ᠢᠶᠠᠨ ᠣᠷᠴᠢᠯᠠᠩ ᠪᠢᠳᠡᠨ ᠢ ᠡᠷᠬᠡᠰᠢᠶᠡᠵᠦ᠂ ᠵᠣᠨ ᠤ ᠴᠠᠭ ᠤᠨ | ᠠᠯᠲᠠᠨ ᠦᠵᠦᠮ ᠬᠡᠮᠡᠨ ᠨᠡᠷᠡᠯᠡᠭᠳᠡᠭᠰᠡᠨ ᠷᠠᠰᠢᠶᠠᠨ ᠬᠤᠷ᠎ᠠ ᠪᠠᠨ ᠬᠠᠷᠠᠮᠨᠠᠯ ᠦᠭᠡᠢ ᠢᠯᠡᠭᠡᠭᠡᠳ ᠬᠠᠨᠤᠰᠢ ᠦᠭᠡᠢ ᠰᠢᠨᠤᠯ ᠳᠠᠭᠠᠨ ᠱᠥᠭᠯᠡᠭᠦᠯᠦᠭᠰᠡᠨ ᠠᠳᠬᠠᠭ ᠮᠠᠭᠤ | ᠰᠡᠳᠬᠢᠯ ᠢ ᠮᠢᠨᠢ ᠠᠷᠢᠭᠤᠰᠬᠠᠨ ᠴᠡᠪᠡᠷᠯᠡᠨ᠎ᠡ ᠪᠢᠰᠢᠦ︖ ᠪᠣᠷᠣᠭᠠᠨ ᠤ ᠭᠠᠭᠴᠠᠬᠠᠨ ᠲᠣᠰᠣᠯ ᠳᠤ ᠴᠤ ᠶᠢᠷᠲᠢᠨᠴᠦ ᠶᠢᠨ ᠣᠷᠣᠨ ᠵᠠᠢ᠂ ᠴᠠᠭ ᠮᠥᠴᠡ᠂ ᠬᠦᠰᠡᠯ | ᠮᠥᠷᠥᠭᠡᠳᠦᠯ᠂ ᠵᠢᠷᠭᠠᠯ ᠵᠤᠪᠠᠯᠠᠩ᠂ ᠦᠢᠯᠡ ᠦᠷ᠎ᠡ ᠶᠢᠨ ᠪᠠᠷᠢᠯᠳᠤᠯᠭ᠎ᠠ ᠣᠷᠣᠰᠢᠳᠠᠭ ᠪᠥᠭᠡᠳ ᠡᠨᠡ ᠪᠦᠭᠦᠨ ᠢ ᠪᠣᠷᠣᠭᠠᠨ ᠤ ᠲᠤᠰᠣᠯ ᠨᠢᠭᠡᠪᠦᠷᠢ ᠳᠣᠲᠣᠷ᠎ᠠ ᠪᠠᠨ | ᠥᠷᠥᠪᠴᠢᠬᠡᠨ ᠲᠡᠭᠡᠭᠡᠵᠦ ᠶᠠᠪᠤᠬᠤ ᠳᠠᠭᠠᠨ ᠬᠡᠴᠢᠨᠡᠨ ᠶᠡᠭᠡ ᠶᠠᠳᠠᠷᠠᠵᠤ ᠵᠦᠳᠡᠷᠡᠵᠦ᠂ ᠡᠪᠡᠳᠴᠦ ᠰᠢᠨᠠᠯᠪᠠᠴᠤ ᠤᠬᠲᠣ ᠳᠤᠤᠭᠠᠷᠳᠠᠭ ᠦᠭᠡᠢ ᠪᠢᠯᠡ᠃ | ᠠᠤᠭ᠎ᠠ ᠶᠡᠭᠡ ᠥᠴᠥᠬᠡᠨ ᠠᠴᠠ ᠡᠭᠦᠰᠦᠨ᠎ᠡ ᠭᠡᠳᠡᠭ ᠦᠭᠡ ᠪᠤᠢ᠃ ᠪᠤᠷᠬᠠᠯᠢᠭ ᠴᠡᠪᠡᠷᠬᠡᠨ ᠪᠣᠷᠣᠭᠠᠨ ᠤ ᠲᠤᠰᠣᠯ ᠤᠳ ᠪᠦᠲᠦᠨ ᠴᠣᠭᠴᠠ ᠳᠤ | ᠬᠤᠷᠠᠮᠳᠤᠬᠤ ᠳᠠᠭᠠᠨ ᠵᠢᠭᠳᠡ ᠬᠥᠳᠡᠯᠭᠡᠭᠡᠨ ᠡᠭᠦᠰᠬᠡᠵᠦ᠂ ᠭᠠᠵᠠᠷ ᠤᠨ ᠮᠠᠩᠨᠠᠢ ᠤᠷᠤᠭᠤ ᠮᠢᠨᠳᠠᠰᠤᠨ ᠴᠠᠭᠠᠨ ᠮᠠᠨᠠᠨ ᠲᠠᠲᠠᠭᠤᠯᠤᠭᠰᠠᠭᠠᠷ ᠥᠯᠵᠡᠢ ᠤᠲᠠᠰᠤ ᠵᠢᠷᠤᠬᠤ | ᠮᠡᠲᠦ ᠥᠯᠮᠡᠢ ᠪᠠᠨ ᠬᠥᠩᠭᠡᠬᠡᠨ ᠲᠠᠯᠪᠢᠬᠤ ᠨᠢ ᠴᠡᠴᠡᠭ ᠤᠨ ᠳᠤᠮᠳᠠ ᠢᠨᠵᠠᠭ᠎ᠠ ᠲᠣᠷᠮᠣᠯᠵᠠᠬᠤ ᠰᠢᠭ᠋ ᠬᠥᠭᠡᠷᠦᠬᠦᠨ᠂ ᠦᠨᠡᠲᠦ ᠰᠤᠳᠤᠷ ᠤᠨ ᠴᠠᠭᠠᠰᠤᠨ ᠳᠤ ᠰᠢᠳᠢᠲᠦ | ᠪᠢᠷ ᠤᠨ ᠦᠵᠦᠭᠦᠷ ᠢ ᠬᠦᠷᠦᠯᠴᠡᠭᠦᠯᠦᠨ ᠵᠢᠷᠢᠯᠵᠡᠭᠦᠯᠵᠦ᠂ ᠳᠠᠪᠲᠠᠭᠳᠠᠰᠢ ᠦᠭᠡᠢ ᠮᠥᠩᠬᠡ ᠶᠢᠨ ᠳᠠᠭᠤᠯᠠᠯ ᠮᠡᠨᠳᠦᠯᠡᠬᠦ ᠮᠡᠲᠦ ᠢᠳᠡᠷᠡᠭᠦᠨ᠃ ᠪᠠᠭ᠎ᠠ ᠳᠠᠭᠠᠨ ᠡᠶᠢᠮᠦ | ᠪᠣᠷᠣᠭᠠᠨ ᠳᠤ ᠭᠡᠷ ᠲᠡᠭᠡᠨ ᠲᠣᠭᠲᠠᠨ᠎ᠠ ᠭᠡᠵᠦ ᠦᠭᠡᠢ᠂ ᠦᠶ᠎ᠡ ᠶᠢᠨ ᠬᠡᠳᠦᠭᠦᠯᠡ ᠪᠠᠨ ᠭᠠᠨᠵᠤᠭ᠎ᠠ ᠨᠡᠶᠢᠯᠡᠮᠡᠭᠴᠡ ᠮᠥᠭᠦ ᠲᠡᠭᠦᠬᠦ ᠪᠠᠷ ᠭᠠᠷᠤᠭᠠᠳ ᠱᠠᠯᠠᠪ ᠨᠣᠷᠴᠤ᠂ | ᠰᠤᠮᠤ ᠶᠢᠨ ᠵᠡᠭᠦᠨᠳᠡᠬᠢ ᠴᠡᠯ ᠨᠣᠭᠤᠭᠠᠷᠠᠭᠰᠠᠨ ᠠᠭᠤᠯᠠᠰ ᠢ ᠰᠦᠯᠵᠢᠭᠰᠡᠭᠡᠷ ᠪᠠᠬ᠎ᠠ ᠪᠠᠨ ᠬᠠᠨᠤᠲᠠᠯ᠎ᠠ ᠨᠠᠭᠠᠳᠬᠤ ᠶᠢᠨ ᠵᠡᠷᠭᠡᠴᠡᠭᠡ ᠪᠥᠰ ᠪᠣᠭᠴᠣ ᠪᠠᠨ ᠲᠦᠨᠲᠦᠶᠢᠲᠡᠯᠡ | ᠣᠯᠵᠠ ᠣᠮᠤᠭ ᠲᠠᠢ ᠬᠠᠷᠢᠵᠤ ᠢᠷᠡᠵᠡᠭᠡᠳᠡᠭ᠃ ᠶᠡᠬᠡᠴᠦᠦᠯ ᠠᠭᠤᠷᠯᠠᠭᠰᠠᠨ ᠳᠦᠷᠢ ᠦᠵᠡᠭᠦᠯᠦᠭᠡᠳ ᠪᠣᠷᠣᠭᠠᠨ ᠳᠤ ᠵᠤᠷᠠᠮ᠎ᠠ ᠰᠢᠭ᠋ ᠱᠣᠯᠪᠣᠶᠢᠭᠰᠠᠨ ᠢ ᠮᠢᠨᠢ | ᠢᠨᠢᠶᠡᠳᠦ ᠪᠠᠷ ᠢᠶᠠᠨ ᠰᠦᠯᠡᠭᠡᠳ ᠥᠩᠭᠡᠷᠡᠭᠦᠯᠳᠡᠭ ᠰᠠᠨ᠃ | ᠪᠣᠷᠣᠭᠠᠨ ᠤ ᠪᠤᠮᠠᠨ ᠲᠤᠰᠣᠯ ᠭᠢᠯᠪᠠᠭᠠᠨᠠᠨ ᠡᠷᠭᠢᠯᠳᠦᠭᠰᠡᠭᠡᠷ ᠭᠠᠵᠠᠷ ᠲᠡᠭᠷᠢ ᠶᠢᠨ ᠮᠠᠨᠠᠨᠲᠤ ᠰᠠᠪᠰᠠᠯᠭᠠᠨ ᠳᠤᠮᠳᠠ ᠨᠠᠶᠢᠷᠠᠯ ᠬᠥᠭᠵᠢᠮ ᠤᠳᠤᠷᠢᠳᠬᠤ ᠨᠢ ᠦᠷ᠎ᠡ ᠤᠳᠤᠮ | ᠪᠢᠳᠡᠨ ᠳᠡᠭᠡᠨ ᠲᠡᠭᠷᠢ᠂ ᠭᠠᠵᠠᠷ᠂ ᠬᠥᠮᠥᠨ ᠭᠤᠷᠪᠠ ᠶᠢᠨ ᠤᠷᠭᠢᠵᠦ ᠪᠣᠯᠣᠰᠢ ᠦᠭᠡᠢ ᠰᠢᠳᠦᠯᠴᠡᠭᠡᠨ ᠤ ᠲᠤᠬᠠᠢ ᠠᠮᠢᠨᠴᠢᠯᠠᠨ ᠵᠠᠬᠢᠭᠰᠠᠨ ᠡᠴᠢᠭᠡ ᠡᠪᠦᠭᠡᠳ ᠤᠨ ᠮᠢᠨᠢ | ᠭᠦᠨ ᠤᠬᠠᠭᠠᠨᠴᠢ ᠰᠤᠷᠭᠠᠯ ᠵᠠᠬᠢᠶ᠎ᠠ ᠶᠢ ᠰᠠᠨᠠᠭᠳᠠᠭᠤᠯᠤᠨ᠎ᠠ᠃ ᠨᠡᠭᠦᠬᠦ ᠪᠦᠷᠢ ᠪᠠᠭᠤᠴᠠᠨ ᠳᠡᠭᠡᠷ᠎ᠡ ᠪᠠᠨ ᠬᠢᠮᠤᠰᠤᠨ ᠴᠢᠨᠡᠭᠡᠨ ᠬᠤᠭ ᠦᠯᠡᠳᠡᠭᠡᠯ ᠦᠭᠡᠢ ᠠᠴᠢᠶᠠᠯᠠᠵᠤ᠂ | ᠬᠠᠩᠭᠠᠢ ᠭᠤᠪᠢ ᠶᠢᠨ ᠢᠶᠠᠨ ᠪᠤᠶᠠᠨ ᠢᠶᠠᠷ ᠳᠦᠷᠪᠡᠨ ᠴᠠᠭ ᠤᠨ ᠡᠭᠡᠯᠵᠢᠨ ᠳᠤ ᠡᠯᠪᠡᠭ ᠬᠠᠩᠬᠤᠯᠤᠭᠤᠨ ᠠᠮᠢᠳᠤᠷᠠᠯ᠎ᠠ ᠬᠡᠮᠡᠨ ᠪᠡᠯᠭᠡᠰᠢᠶᠡᠨ ᠳᠠᠭᠠᠳᠬᠠᠵᠤ᠂ ︽ᠠᠯᠢ ᠨᠢᠭᠡ | ᠠᠮᠢᠲᠠᠨ ᠭᠤᠣᠯᠲᠠᠨ ᠨᠢ ᠪᠦᠳᠦᠷᠢᠭᠡᠳ ᠬᠥᠯ ᠢᠶᠠᠨ ᠰᠡᠪᠲᠦᠭᠡᠴᠢᠭᠡᠭᠦ ᠪᠤᠢ︾ ᠭᠡᠵᠦ ᠡᠨᠡᠷᠢᠬᠦ ᠳᠡᠭᠡᠨ ᠤᠶᠠᠭᠠᠨ ᠤ ᠨᠦᠬᠡ ᠪᠠᠨ ᠭᠦᠷᠲᠡᠯ᠎ᠡ ᠤᠨᠠᠭᠠᠨ ᠰᠢᠷᠣᠢ ᠪᠠᠷ ᠨᠢ | ᠮᠠᠷᠲᠠᠯ ᠦᠭᠡᠢ ᠴᠢᠭᠵᠢᠳᠡᠭ ᠮᠥᠩᠬᠡ ᠶᠢᠨ ᠠᠷᠠᠨᠰᠢᠨ ᠢ ᠪᠤᠳᠤᠬᠳᠠᠭᠤᠯᠤᠨ᠎ᠠ᠃ ᠣᠨ ᠵᠢᠯ ᠤᠳ ᠡᠷᠭᠢᠰᠢ ᠦᠭᠡᠢ ᠤᠯᠠᠷᠢᠨ ᠣᠳᠴᠠᠢ᠃ ᠭᠠᠭᠴᠠ ᠬᠦ ᠠᠶᠠᠷᠬᠠᠨ | ᠰᠡᠩᠰᠡᠷᠡᠬᠦ ᠡᠨᠡ ᠵᠥᠭᠡᠯᠡᠨ ᠪᠣᠷᠣᠭᠠᠨ ᠡᠮᠵᠡᠭᠬᠡᠨ ᠵᠢᠷᠦᠬᠡ ᠶᠢ ᠠᠨᠠᠭᠠᠨ᠎ᠠ᠃ ᠲᠡᠮᠦᠷᠯᠢᠭ ᠳᠠᠭᠤ ᠱᠤᠤᠭᠢᠶᠠᠨ ᠬᠢᠭᠡᠳ ᠬᠡᠷᠡᠭ ᠦᠭᠡᠢ ᠮᠠᠭᠤ ᠠᠲᠠᠭ᠎ᠠ ᠵᠢᠲᠥᠭᠡ᠂ ᠬᠡᠷᠡᠭᠦᠯ | ᠲᠡᠮᠡᠴᠡᠯ ᠤᠨ ᠴᠢᠪᠢᠯᠲᠦ ᠮᠥᠷ ᠢ ᠦᠵᠡᠭᠳᠡᠬᠦ ᠪᠠᠷ᠎ᠠ ᠦᠭᠡᠢ ᠪᠤᠯᠲᠠᠯ᠎ᠠ ᠬᠤᠷᠢᠶᠠᠨ ᠳᠤᠭᠲᠤᠷᠤᠭᠠᠳ ᠪᠣᠷᠣᠭᠠᠨ ᠤ ᠡᠨᠡ ᠱᠠᠭᠢᠬᠤ ᠴᠢᠮᠡᠭᠡ ᠯᠡ ᠶᠢᠷᠲᠢᠨᠴᠦ ᠳᠡᠯᠡᠬᠡᠢ ᠶᠢ | ᠡᠵᠡᠮᠰᠢᠨ᠎ᠡ᠃ | ᠪᠣᠷᠣᠭᠠᠨ ᠤ ᠥᠩᠭᠡ ᠴᠡᠴᠡᠭᠡᠰ ᠤᠨ ᠥᠩᠭᠡ ᠯᠦᠭᠡ ᠠᠳᠠᠯᠢᠬᠠᠨ ᠪᠠᠶᠢᠬ᠎ᠠ ᠳ᠋ᠠ ᠭᠡᠵᠦ ᠬᠡᠨ ᠳᠤ ᠴᠤ ᠬᠡᠯᠡᠬᠦ ᠦᠭᠡᠢ ᠪᠠᠷ ᠳᠣᠲᠣᠷ᠎ᠠ ᠪᠠᠨ ᠪᠤᠳᠤᠨ᠎ᠠ᠃ ᠬᠠᠮᠤᠭ ᠤᠨ | ᠲᠦᠷᠦᠭᠦᠨ ᠳᠤ ᠲᠡᠭᠷᠢ ᠶᠢᠨ ᠴᠡᠩᠬᠡᠷ ᠥᠩᠭᠡ ᠲᠠᠢ ᠢᠵᠢᠯᠬᠡᠨ ᠪᠠᠶᠢᠬᠤ ᠨᠢ ᠭᠡᠵᠦ ᠬᠡᠦᠬᠡᠳ ᠰᠢᠭ ᠭᠡᠨᠡᠨ ᠴᠠᠶᠢᠯᠭᠠᠨ ᠢᠶᠠᠷ ᠰᠠᠨᠠᠨ᠎ᠠ᠃ ᠵᠠᠯᠭᠠᠭᠠᠳ ᠶᠠᠭᠠᠨ᠂ ᠤᠯᠠᠭᠠᠨ᠂ | ᠬᠤᠨᠳᠠᠨ᠂ ᠰᠢᠷ᠎ᠠ᠂ ᠨᠣᠭᠤᠭᠠᠨ ᠁ ᠭᠡᠳ ᠴᠠᠭᠠᠰᠢ ᠭᠦᠪᠦᠷᠡᠭᠦ ᠨᠢ ᠯᠠᠪᠲᠠᠢ᠃ ᠠᠪᠤᠷᠠᠯ ᠡᠨᠡᠷᠢᠯ᠂ ᠳᠤᠷᠠᠯᠠᠯ ᠬᠠᠶᠢᠷ᠎ᠠ᠂ ᠳᠤᠷᠠᠰᠤᠯ ᠮᠥᠷᠥᠭᠡᠳᠦᠯ᠂ ᠢᠲᠡᠭᠡᠯ | ᠨᠠᠶᠢᠳᠠᠪᠤᠷᠢ᠂ ᠴᠢᠩ ᠵᠢᠳᠬᠦᠯ ᠪᠦᠭᠦᠨ ᠢ ᠡᠩᠬᠦᠷᠡᠶᠢᠯᠡᠨ ᠲᠡᠪᠡᠷᠢᠵᠦ᠂ ᠤᠯᠠᠮ ᠲᠣᠪ ᠲᠤᠩᠭᠠᠯᠠᠭ ᠪᠣᠯᠭᠠᠳᠠᠭ ᠷᠢᠳᠢ ᠰᠢᠳᠢ ᠲᠠᠢ ᠤᠴᠢᠷ ᠠᠴᠠ ᠪᠣᠷᠣᠭᠠᠨ ᠤ ᠲᠤᠬᠠᠢ | ᠲᠥᠰᠥᠭᠡᠯᠡᠯ ᠤᠶᠢᠳᠤᠰᠢ ᠦᠭᠡᠢ᠂ ᠤᠶᠢᠳᠤᠰᠢ ᠦᠭᠡᠢ ᠲᠤᠯᠠ ᠲᠡᠭᠦᠰᠬᠡᠯ ᠭᠡᠵᠦ ᠦᠭᠡᠢ᠃ ᠪᠣᠷᠣᠭᠠᠨ ᠠᠯᠭᠤᠷᠬᠠᠨ ᠵᠤᠬᠰᠣᠬᠤ ᠪᠠᠷ ᠰᠠᠶᠢᠲᠤᠷ ᠤᠮᠳᠠᠯᠠᠭᠳᠠᠭᠰᠠᠨ | ᠡᠪᠡᠰᠦ ᠴᠡᠴᠡᠭᠡᠰ᠂ ᠭᠠᠳᠠᠨ᠎ᠠ ᠪᠠᠨ ᠨᠠᠮ ᠬᠥᠮ ᠴᠤ ᠳᠣᠲᠣᠷ᠎ᠠ ᠪᠠᠨ ᠡᠭᠡᠰᠢᠭᠯᠡᠩᠲᠦ ᠠᠭᠤᠯᠠ ᠲᠣᠯᠣᠭᠠᠳ ᠤᠨ ᠡᠩᠭᠡᠷ ᠡᠭᠦᠯᠡᠨ ᠳᠠᠯᠳᠠ ᠠᠴᠠ ᠨᠠᠷᠠ ᠭᠠᠷᠬᠤ ᠲᠡᠷᠡ | ᠭᠱᠠᠨ ᠢ ᠬᠦᠯᠢᠶᠡᠨ᠎ᠡ᠃ ᠲᠦᠭᠡᠮᠡᠯ ᠢᠪᠡᠭᠡᠯᠲᠦ ᠭᠡᠷᠡᠯ ᠤᠨ ᠲᠣᠭᠤᠷᠢᠭ ᠲᠤᠨᠢ ᠢᠪᠡᠭᠡᠭᠳᠡᠨ ᠪᠠᠶᠠᠰᠤᠭᠠᠳ ᠵᠥᠭᠡᠯᠡᠨ ᠵᠥᠭᠡᠯᠡᠨ ᠲᠡᠯᠪᠢᠭᠡ ᠪᠠᠨ ᠪᠦᠯᠢᠶᠡᠰᠲᠡᠯᠡ ᠡᠭᠡᠭᠡᠬᠦ | ᠲᠡᠷᠡ ᠴᠠᠭ ᠢ ᠡᠪᠡᠰᠦ ᠴᠡᠴᠡᠭᠡᠰ ᠬᠡᠨ ᠠᠴᠠ ᠴᠤ ᠢᠯᠡᠭᠦᠦ ᠬᠦᠯᠢᠶᠡᠨ᠎ᠡ᠃ | ᠳᠠᠪᠬᠤᠷ ᠳᠠᠪᠬᠤᠷ ᠬᠠᠷ᠎ᠠ ᠡᠭᠦᠯᠡᠰ ᠨᠢᠮᠭᠡᠷᠡᠨ ᠰᠠᠷᠨᠢᠭᠰᠠᠭᠠᠷ ᠬᠡᠰᠡᠭ ᠬᠡᠰᠡᠭ ᠢᠶᠠᠷ ᠰᠡᠭᠦᠳᠡᠷ ᠢᠶᠠᠨ ᠳᠠᠭᠠᠭᠤᠯᠤᠭᠠᠳ ᠡᠪᠬᠡᠷᠡᠯᠳᠦᠨ ᠤᠳᠬᠤ ᠶᠢᠨ ᠲᠡᠷᠡ ᠴᠠᠭ | ᠲᠤᠷ ᠪᠣᠷᠣᠭᠠᠨ ᠳᠤ ᠤᠬᠢᠶᠠᠭᠳᠠᠭᠰᠠᠨ ᠡᠪᠡᠰᠦ ᠴᠡᠴᠡᠭᠡᠰ᠂ ᠠᠭᠤᠯᠠ ᠲᠣᠯᠣᠭᠠᠳ ᠤᠨ ᠥᠩᠭᠡ ᠨᠡᠩ ᠰᠢᠨᠡᠳᠦᠭᠡᠳ ︽ᠪᠢᠳᠡ ᠤᠤᠯ ᠨᠢ ᠡᠶᠢᠮᠦ︾ ᠭᠡᠰᠡᠨ ᠢᠶᠠᠨ | ᠪᠠᠲᠤᠯᠠᠬᠤ ᠰᠢᠭ᠋ ᠭᠡᠷᠡᠯᠳᠦᠨ ᠮᠦᠰᠢᠶᠡᠨ᠎ᠡ᠃ ᠶᠠᠭ ᠡᠨᠡ ᠦᠶ᠎ᠡ ᠳᠤ ᠡᠭᠦᠯᠡᠨ ᠴᠠᠭᠠᠨ᠎ᠠ ᠠᠴᠠ ᠨᠠᠷᠠ ᠪᠣᠯᠵᠤᠭ᠎ᠠ ᠲᠠᠢ ᠶᠤᠮᠰᠢᠭ ᠮᠠᠯᠳᠡᠰᠭᠢᠨ ᠭᠠᠷᠴᠤ ᠢᠷᠡᠭᠡᠳ ᠡᠩᠬᠡ | ᠠᠮᠤᠭᠤᠯᠠᠩ ᠤᠨ ᠲᠠᠷᠨᠢᠯᠢᠭ ᠦᠭᠡᠰ ᠬᠡᠯᠬᠢᠭᠰᠡᠭᠡᠷ ᠨᠢᠭᠦᠯᠡᠰᠦᠩᠭᠦᠢ ᠶᠢᠨ ᠠᠯᠲᠠᠨ ᠰᠠᠴᠤᠷᠠᠭ ᠨᠢ ᠽᠠᠮᠪᠤᠲᠢᠪ ᠢ ᠭᠡᠶᠢᠭᠦᠯᠬᠦ ᠳᠤ ᠴᠡᠭᠡᠵᠢᠨ ᠳᠤᠮᠳᠠᠭᠤᠷ ᠡᠶᠡᠯᠰᠡᠭ | ᠬᠠᠶᠢᠷ᠎ᠠ ᠶᠢᠨ ᠨᠢᠭᠡᠨ ᠳᠠᠭᠤᠤ ᠤᠴᠢᠷᠯᠠᠨ ᠤᠷᠤᠰᠴᠤ᠂ ᠳᠦᠷᠪᠡᠨ ᠵᠦᠭ ᠨᠠᠢᠮᠠᠨ ᠵᠣᠪᠬᠢᠰ ᠨᠣᠭᠤᠭᠠᠷᠠᠨ ᠴᠡᠯᠡᠶᠢᠭᠡᠳ ᠰᠠᠪ ᠰᠠᠷᠠᠭᠤᠯᠬᠠᠨ᠃ ᠥᠯᠦ ᠮᠡᠳᠡᠭᠬᠡᠨ ᠰᠡᠷᠢᠭᠦᠨ | ᠰᠢᠪᠰᠢᠶ᠎ᠡ ᠰᠡᠪᠢᠯᠵᠡᠬᠦᠶᠡ ᠴᠡᠴᠡᠭᠡᠰ ᠳᠣᠬᠢᠯᠵᠠᠮᠤ᠃ | |