ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2024/4/2
      ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ ᠪᠣᠯ ᠴᠥᠮ᠎ᠡ ᠶᠢᠨ ᠲᠠᠪᠠᠭᠲᠤ‌ᠪᠠᠺᠲ᠋ᠧᠷᠢ ᠠᠴᠠ ᠡᠭᠦᠰᠦᠭᠰᠡᠨ᠂ ᠴᠠᠭᠠᠨ ᠨᠣᠭᠤᠭ᠎ᠠ ᠶᠢᠨ ᠡᠪᠡᠳᠴᠢᠨ ᠤ ᠬᠥᠨᠥᠭᠡᠯ ᠪᠣᠯᠣᠨ᠎ᠠ᠃ ᠡᠪᠡᠳᠴᠢᠨ ᠤ‌ᠪᠠᠺᠲ᠋ᠧᠷᠢ ᠨᠢ ᠭᠤᠣᠯᠳᠠᠭᠤ ᠪᠠᠺᠲ᠋ᠧᠷᠢ ᠶᠢᠨ ᠴᠥᠮ᠎ᠡ ᠪᠠᠷ ᠬᠥᠷᠥᠰᠥᠨ ᠳᠤ ᠬᠤᠯᠢᠯᠳᠤᠬᠤ ᠪᠤᠶᠤ ᠦᠷ᠎ᠡ ᠲᠡᠭᠦᠬᠦ‌ᠰᠠᠭᠤᠷᠢ ᠳᠡᠭᠡᠷ᠎ᠡ ᠨᠠᠭᠠᠯᠳᠤᠨ ᠦᠷ᠎ᠡ ᠶᠢᠨ ᠬᠤᠭᠤᠷᠣᠨᠳᠤ ᠢᠴᠡᠭᠡᠯᠡᠨ ᠡᠪᠦᠯ ᠵᠤᠨ ᠤ ᠤᠯᠠᠷᠢᠯ ᠢ ᠥᠩᠭᠡᠷᠡᠭᠡᠳᠡᠭ᠂ ᠬᠠᠪᠤᠷ᠂ ᠨᠠᠮᠤᠷ ᠤᠨ ᠤᠯᠠᠷᠢᠯ ᠳᠤ ᠪᠣᠷᠣᠭᠠᠨ ᠠᠷᠪᠢᠨ᠂ ᠴᠢᠭᠢᠭᠯᠢᠭ᠂ ᠡᠪᠡᠳᠴᠢᠨ ᠤ ᠪᠠᠺᠲ᠋ᠧᠷᠢ ᠠᠭᠠᠷ ᠤᠨ‌ᠤᠷᠤᠰᠬᠠᠯ ᠢᠶᠠᠷ ᠲᠠᠷᠬᠠᠵᠤ᠂ ᠥᠲᠡᠯᠦᠭᠰᠡᠨ ᠨᠠᠪᠴᠢᠨ ᠤ ᠢᠯᠲᠠᠰᠤᠨ ᠳᠤ ᠬᠠᠯᠳᠠᠪᠤᠷᠢᠯᠠᠨ ᠡᠪᠡᠳᠴᠢᠯᠡᠭᠦᠯᠳᠡᠭ᠂ ᠰᠡᠭᠦᠯᠴᠢ ᠶᠢᠨ ᠦᠶ᠎ᠡ ᠳᠤ ᠡᠪᠡᠳᠴᠢᠯᠡᠭᠰᠡᠨ ᠬᠡᠰᠡᠭ ᠠᠴᠠ ᠪᠠᠺᠲ᠋ᠧᠷᠢ ᠶᠢᠨ ᠰᠢᠷᠬᠡᠭ ᠪᠠ ᠪᠠᠺᠲ᠋ᠧᠷᠢ ᠶᠢᠨ ᠴᠥᠮ᠎ᠡ‌ᠤᠷᠭᠤᠵᠤ᠂ ᠲᠠᠷᠢᠶᠠᠨ ᠳᠤ ᠭᠤᠣᠯᠳᠠᠭᠤ ᠪᠠᠺᠲ᠋ᠧᠷᠢ ᠶᠢᠨ ᠰᠢᠷᠬᠡᠭ ᠨᠢ ᠡᠪᠡᠳᠴᠢᠨ ᠤ ᠡᠷᠡᠭᠦᠯ ᠰᠠᠭᠤᠷᠢ ᠪᠤᠶᠤ‌ᠡᠪᠡᠳᠴᠢᠨ ᠤ ᠡᠷᠡᠭᠦᠯ ᠨᠡᠬᠡᠳᠡᠰᠦ ᠲᠠᠢ ᠬᠦᠷᠦᠯᠴᠡᠬᠦ ᠪᠠᠷ ᠳᠠᠮᠵᠢᠨ ᠳᠠᠬᠢᠨ ᠬᠠᠯᠳᠠᠪᠤᠷᠢᠯᠠᠨ ᠤᠷᠭᠤᠵᠤ᠂ᠥᠰᠦᠯᠲᠡ ᠶᠢᠨ ᠰᠡᠭᠦᠯᠴᠢ ᠶᠢᠨ ᠬᠤᠭᠤᠴᠠᠭᠠᠨ ᠳᠤ ᠪᠠᠺᠲ᠋ᠧᠷᠢ ᠶᠢᠨ ᠴᠥᠮ᠎ᠡ ᠪᠣᠯᠵᠤ ᠡᠪᠦᠯᠵᠢᠳᠡᠭ᠃ ᠪᠠᠺᠲ᠋ᠧᠷᠢ ᠶᠢᠨ‌ᠴᠥᠮ᠎ᠡ ᠶᠢᠨ ᠡᠪᠡᠳᠴᠢᠨ ᠳᠤᠮᠳᠠᠳᠤ ᠤᠯᠤᠰ ᠤᠨ ᠡᠯ᠎ᠡ ᠭᠠᠵᠠᠷ ᠲᠤ ᠪᠦᠷ ᠡᠭᠦᠰᠴᠦ᠂ ᠡᠪᠡᠳᠴᠢᠯᠡᠬᠦ ᠨᠣᠷᠮ᠎ᠠ ᠨᠢ10-30% ᠳᠤ ᠬᠦᠷᠴᠦ᠂ ᠥᠨᠳᠥᠷ  ᠨᠢ 80% ᠠᠴᠠ ᠳᠡᠭᠡᠭᠰᠢ ᠪᠠᠶᠢᠳᠠᠭ᠃ ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ ᠤ ᠬᠥᠨᠥᠭᠡᠯ ᠳᠤ ᠤᠴᠠᠷᠠᠭᠰᠠᠨ ᠴᠠᠭᠠᠨ ᠨᠣᠭᠤᠭ᠎ᠠ ᠶᠢᠨ ᠭᠠᠷᠤᠯᠲᠠ ᠨᠢ‌ᠶᠡᠷᠦ ᠳᠡᠭᠡᠨ 10% ᠠᠴᠠ ᠳᠡᠭᠡᠭᠰᠢ ᠬᠠᠰᠤᠭᠳᠠᠵᠤ᠂ ᠬᠦᠨᠳᠦ ᠨᠣᠴᠢᠲᠠᠢ  ᠨᠢ 30% ᠠᠴᠠ 50% ᠳᠤ ᠬᠦᠷᠴᠦ᠂ᠴᠢᠨᠠᠭᠰᠢᠯᠠᠪᠠᠯ ᠭᠠᠷᠤᠯᠲᠠ ᠨᠢ ᠲᠠᠰᠤᠷᠠᠭᠠᠳ᠂ ᠴᠠᠭᠠᠨ ᠨᠣᠭᠤᠭ᠎ᠠ ᠶᠢᠨ ᠭᠠᠷᠤᠯᠲᠠ ᠪᠠ ᠶᠠᠰᠤ ᠴᠢᠨᠠᠷ ᠢ ᠬᠦᠨᠳᠦ‌ᠨᠣᠴᠢᠲᠠᠢ ᠨᠥᠯᠥᠭᠡᠯᠡᠳᠡᠭ ᠪᠠᠶᠢᠨ᠎ᠠ᠃        ᠨᠢᠭᠡ᠂ ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ ᠤ ᠪᠠᠶᠢᠳᠠᠯ        ᠬᠠᠯᠳᠠᠪᠤᠷᠢᠯᠠᠭᠰᠠᠨ ᠨᠢᠯᠬ᠎ᠠ ᠴᠢᠬᠢ ᠶᠢᠨ ᠣᠯᠠᠩᠬᠢ ᠨᠢ ᠭᠠᠵᠠᠷ ᠤᠨ ᠬᠥᠷᠥᠰᠥᠨ ᠠᠴᠠ ᠣᠶᠢᠷᠠᠯᠴᠠᠭ᠎ᠠ ᠪᠠᠶᠢᠭ᠎ᠠ‌ᠡᠰᠢᠨ ᠤ ᠤᠭ ᠤᠨ ᠬᠡᠰᠡᠭ ᠲᠤ ᠥᠩᠭᠡ ᠨᠢ ᠬᠤᠪᠢᠷᠠᠵᠤ᠂ ᠤᠰᠤᠨ ᠳᠤ ᠳᠡᠪᠲᠦᠭᠰᠡᠨ ᠬᠡᠯᠪᠡᠷᠢ  ᠪᠠᠷ ᠢᠯᠵᠢᠷᠡᠨ᠂ ᠴᠣᠴᠢᠮᠠᠭ ᠣᠶᠢᠴᠢᠳᠠᠭ᠃ ᠣᠯᠠᠩᠬᠢ ᠨᠢ ᠡᠰᠢᠨ ᠤ ᠤᠭ᠂ ᠨᠠᠪᠴᠢᠨ ᠤ ᠪᠠᠷᠢᠭᠤᠯ ᠪᠤᠶᠤ ᠨᠠᠪᠴᠢᠨ ᠤ ᠢᠯᠲᠠᠰᠤ ᠳ᠋ᠤ᠋‌ᠬᠤᠣᠷᠳᠠᠭᠳᠠᠵᠤ᠂ ᠤᠰᠤᠨ ᠳᠤ ᠳᠡᠪᠲᠦᠭᠰᠡᠨ ᠬᠡᠯᠪᠡᠷᠢ ᠶᠢᠨ ᠭᠦᠢᠬᠡᠨ ᠬᠦᠷᠡᠩ ᠥᠩᠭᠡᠲᠡᠢ ᠡᠪᠡᠳᠴᠢᠨ ᠤ ᠲᠣᠯᠪᠤ‌ᠡᠭᠦᠰᠴᠦ᠂ ᠡᠮᠬᠢ ᠵᠢᠷᠤᠮ ᠦᠭᠡᠢ ᠬᠡᠯᠪᠡᠷᠢ ᠲᠠᠢ᠂ ᠢᠯᠡᠷᠬᠡᠢ ᠬᠥᠪᠡᠭᠡ ᠬᠢᠵᠠᠭᠠᠷ ᠦᠭᠡᠢ ᠪᠠᠶᠢᠳᠠᠭ᠃ ᠨᠣᠶᠢᠲᠠᠨ ᠴᠢᠭᠢᠭᠯᠢᠭ‌ᠣᠷᠴᠢᠨ ᠲᠣᠭᠤᠷᠢᠨ ᠳᠤ᠂ ᠡᠪᠡᠳᠴᠢᠨ ᠤ ᠲᠣᠯᠪᠤ ᠳᠡᠭᠡᠷ᠎ᠡ ᠨᠢ ᠴᠠᠭᠠᠨ ᠥᠩᠭᠡ ᠲᠠᠢ ᠬᠥᠪᠥᠩ ᠤᠨ ᠤᠩᠭᠠᠷᠢᠯ‌ᠬᠡᠯᠪᠡᠷᠢᠲᠦ ᠮᠦᠬᠦ ᠶᠢᠨ ᠰᠢᠷᠬᠡᠭᠯᠢᠭ ᠪᠡᠶ᠎ᠡ ᠪᠠ ᠬᠠᠷ᠎ᠠ ᠥᠩᠭᠡ ᠲᠠᠢ ᠬᠤᠯᠤᠭᠠᠨ᠎ᠠ ᠶᠢᠨ ᠢᠯᠭᠠᠳᠠᠰᠤᠨ ᠬᠡᠯᠪᠡᠷᠢᠲᠦ‌ᠮᠦ᠋ᠬᠦ ᠶᠢᠨ ᠪᠥᠭᠡᠮ ᠤᠷᠭᠤᠵᠤ᠂ ᠦᠮᠡᠬᠡᠢ ᠦᠨᠦᠷ ᠦᠭᠡᠢ ᠪᠠᠶᠢᠳᠠᠭ᠃ ᠡᠨᠡ ᠡᠪᠡᠳᠴᠢᠨ ᠠᠮᠠᠷᠬᠠᠨ ᠬᠠᠯᠳᠠᠪᠤᠷᠢᠯᠠᠨ‌ᠳᠡᠯᠭᠡᠷᠡᠨ᠎ᠡ᠃         ᠬᠤᠶᠠᠷ᠂ ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ ᠢ ᠰᠡᠷᠭᠡᠶᠢᠯᠡᠨ ᠵᠠᠰᠠᠬᠤ        ᠦᠷ᠎ᠡ ᠶᠢ ᠰᠢᠢᠳᠪᠦᠷᠢᠯᠡᠬᠦ᠃ ᠦᠷ᠎ᠡ ᠶᠢᠨ ᠳᠣᠲᠣᠷ᠎ᠠ ᠬᠤᠯᠢᠯᠳᠤᠵᠤ ᠪᠠᠶᠢᠭ᠎ᠠ ᠪᠠᠺᠲ᠋ᠧᠷᠢ ᠶᠢᠨ ᠴᠥᠮ᠎ᠡ ᠶᠢ 10% ᠶᠢᠨ ᠳᠠᠪᠤᠰᠤ ᠲᠠᠢ ᠤᠰᠤ ᠪᠤᠶᠤ 20% ᠶᠢᠨ ᠬᠦᠬᠦᠷ ᠬᠦᠴᠢᠯ ᠤᠨ ᠠᠮᠮᠤᠨᠢ ᠶᠢᠨ ᠠᠭᠤᠰᠤᠮᠠᠯ ᠢᠶᠠᠷ‌ᠤᠬᠢᠶᠠᠨ ᠴᠡᠪᠡᠷᠯᠡᠵᠦ᠂ ᠤᠰᠤᠨ ᠳᠤ ᠤᠬᠢᠶᠠᠭᠠᠳ ᠬᠠᠲᠠᠭᠠᠭᠰᠠᠨ ᠤ ᠳᠠᠷᠠᠭ᠎ᠠ ᠲᠠᠷᠢᠬᠤ ᠬᠡᠷᠡᠭᠲᠡᠢ᠃ ᠲᠠᠷᠢᠶᠠᠯᠠᠩ ᠤᠨ ᠰᠡᠷᠭᠡᠶᠢᠯᠡᠨ ᠵᠠᠰᠠᠯᠲᠠ᠃ 2 ~ 3 ᠵᠢᠯ ᠡᠭᠡᠯᠵᠢᠯᠡᠨ ᠳᠠᠷᠢᠬᠤ ᠳᠤ ᠤᠰᠤ ᠬᠠᠭᠤᠷᠠᠢ ᠪᠠᠷ‌ᠡᠭᠡᠯᠵᠢᠯᠡᠨ ᠳᠠᠷᠢᠪᠠᠯ ᠬᠠᠮᠤᠭ ᠰᠠᠶᠢᠨ᠃ ᠪᠣᠷᠳᠣᠭᠤᠷ ᠢ ᠵᠦᠢ ᠵᠣᠬᠢᠰᠲᠠᠢ ᠣᠷᠣᠭᠤᠯᠵᠤ᠂ ᠠᠽᠣᠲ ᠤᠨ ᠪᠣᠷᠳᠣᠭᠤᠷ ᠢ‌ᠢᠯᠡᠭᠦᠦ ᠣᠷᠣᠭᠤᠯᠬᠤ ᠠᠴᠠ ᠵᠠᠶᠢᠯᠠᠰᠬᠢᠵᠦ᠂ ᠴᠠᠭ ᠲᠤᠬᠠᠢ ᠳᠤᠨᠢ ᠪᠣᠷᠳᠣᠭᠤᠷ ᠢ ᠨᠡᠮᠡᠬᠦ ᠬᠡᠷᠡᠭᠲᠡᠢ︔ ᠪᠣᠷᠣᠭᠠᠨ ᠤ‌ᠲᠠᠷᠠᠭ᠎ᠠ ᠴᠠᠭ ᠲᠤᠬᠠᠢ ᠳᠤᠨᠢ ᠭᠤᠤ ᠶᠢ ᠨᠢ ᠨᠡᠭᠡᠭᠡᠵᠦ ᠤᠰᠤ ᠵᠠᠯᠠᠵᠤ᠂ ᠡᠪᠡᠳᠴᠢᠨ ᠲᠠᠢ ᠰᠠᠭᠤᠷᠢ ᠶᠢ ᠨᠢ ᠣᠯᠵᠤ‌ᠮᠡᠳᠡᠪᠡᠯ ᠴᠠᠭ ᠲᠤᠬᠠᠢ ᠳᠤᠨᠢ ᠠᠪᠴᠤ ᠬᠠᠶᠠᠭᠠᠳ ᠭᠦᠨ ᠪᠤᠯᠠᠬᠤ ᠬᠡᠷᠡᠭᠲᠡᠢ᠃        ᠡᠮ ᠢᠶᠠᠷ ᠰᠡᠷᠭᠡᠶᠢᠯᠡᠨ ᠵᠠᠰᠠᠬᠤ᠃ ᠡᠪᠡᠳᠴᠢᠨ ᠡᠭᠦᠰᠬᠦ ᠡᠬᠢᠨ ᠤ ᠬᠤᠭᠤᠴᠠᠭᠠᠨ ᠳᠤ 50% ᠶᠢᠨ ᠳ᠋ᠥᠸᠧ‌ᠵᠢᠶᠦ᠋ᠨ ᠯᠢᠩ ᠴᠢᠬᠢᠭ ᠲᠠᠢ ᠨᠤᠨᠳᠠᠭ ᠡᠮ ᠤᠨ 500 ᠳᠠᠬᠢᠨ ᠤ ᠰᠢᠩᠭᠡᠨ ᠢ ᠬᠡᠷᠡᠭᠯᠡᠬᠦ ᠪᠤᠶᠤ 20% ᠶᠢᠨ ᠮᠧᠲ᠋ᠢᠯᠲᠦ‌ᠯᠢᠺᠦᠠ ᠹᠣᠰᠹᠣᠷ ᠤᠨ ᠴᠢᠳᠡᠮᠯᠢᠭ ᠲᠣᠰᠣ ᠶᠢᠨ 1200 ᠳᠠᠬᠢᠨ ᠤ ᠰᠢᠩᠭᠡᠨ ᠢ ᠬᠡᠷᠡᠭᠯᠡᠬᠦ ᠪᠤᠶᠤ 40% ᠶᠢᠨ‌ᠮᠥ᠋ᠭᠦᠲᠦ ᠴᠥᠮ᠎ᠡ ᠶᠢᠨ ᠴᠡᠪᠡᠷ ᠴᠢᠬᠢᠭ ᠲᠠᠢ ᠨᠤᠨᠳᠠᠭ ᠡᠮ ᠤᠨ 1000 ~1500 ᠳᠠᠬᠢᠨ ᠤ ᠰᠢᠩᠭᠡᠨ ᠢ‌ᠡᠭᠡᠯᠵᠢᠯᠡᠨ 3 ~ 4 ᠤᠳᠠᠭ᠎ᠠ ᠰᠦᠷᠴᠢᠵᠦ᠂ 7~10 ᠡᠳᠦᠷ ᠠᠯᠤᠰᠯᠠᠬᠤ ᠪᠦᠷᠢ ᠨᠢᠭᠡ ᠤᠳᠠᠭ᠎ᠠ ᠰᠦᠷᠴᠢᠵᠦ ᠣᠷᠤᠭᠤᠯᠬᠤ ᠬᠡᠷᠡᠭᠲᠡᠢ᠃ ᠴᠢᠬᠤᠯᠠ ᠲᠠᠢ ᠦᠶ᠎ᠡ ᠳᠤ ᠰᠦᠷᠴᠢᠨ ᠣᠷᠣᠭᠤᠯᠬᠤ᠂ ᠭᠤᠭᠤᠵᠢᠭᠤᠯᠤᠨ ᠣᠷᠣᠭᠤᠯᠬᠤ ᠶᠢ ᠤᠶᠠᠯᠳᠤᠭᠤᠯᠵᠤ ᠪᠣᠯᠣᠨ᠎ᠠ᠃  
ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ ᠤ ᠲᠢᠩᠬᠢᠮ