ᠱᠠᠭ᠎ᠠ ᠶᠢᠨ ᠴᠡᠭᠡᠷ ᠶᠣᠰᠣᠨ
ᠨᠡᠶᠢᠲᠡᠯᠡᠭᠰᠡᠨ ᠴᠠᠭ᠄
2024/4/2
      ᠨᠢᠭᠡ᠄ ᠬᠤᠨᠢ᠂ ᠢᠮᠠᠭ᠎ᠠ᠂ ᠠᠳᠤᠭᠤ᠂ ᠦᠬᠡᠷ᠂ ᠲᠡᠮᠡᠭᠡ᠂ ᠵᠡᠭᠡᠷ᠎ᠡ᠂ ᠭᠥᠷᠥᠭᠡᠰᠦ᠂ ᠠᠷᠭᠠᠯᠢ᠂ ᠶᠠᠩᠭᠢᠷ᠂ ᠪᠤᠭᠤ᠂  ᠶᠢᠨ‌ᠱᠠᠭ᠎ᠠ ᠶᠢ ᠭᠠᠯ ᠳᠤ ᠰᠢᠲᠠᠭᠠᠬᠤ ᠶᠢ ᠴᠡᠭᠡᠷᠯᠡᠨ᠎ᠡ᠃        ᠬᠤᠶᠠᠷ᠄ ᠲᠠᠪᠤᠨ ᠬᠤᠰᠢᠭᠤ ᠮᠠᠯ  ᠤᠨ ᠱᠠᠭ᠎ᠠ ᠶᠢ ᠨᠣᠬᠠᠢ ᠠᠩ ᠠᠮᠢᠲᠠᠨ ᠳᠤ ᠥᠭᠬᠦ ᠶᠢ ᠣᠨᠴᠠ ᠴᠡᠭᠡᠷᠯᠡᠨ᠎ᠡ᠂ ᠪᠤᠶᠠᠨ ᠬᠡᠰᠢᠭ ᠬᠠᠵᠠᠶᠢᠨ᠎ᠠ ᠭᠡᠳᠡᠭ᠃        ᠭᠤᠷᠪᠠ᠄ ᠮᠠᠯ ᠤᠨ ᠱᠠᠭ᠎ᠠ᠂ ᠵᠡᠭᠡᠷ᠎ᠡ ᠠᠷᠢᠶᠠᠲᠠᠨ ᠤ ᠱᠠᠭ᠎ᠠ ᠶᠢ ᠨᠡᠭᠦᠬᠦ ᠨᠤᠲᠤᠭ ᠳᠡᠭᠡᠷ᠎ᠡ ᠪᠠᠨ ᠤᠷᠭᠢᠵᠤ  ᠭᠡᠭᠡᠬᠦ ᠶᠢ‌ᠴᠡᠭᠡᠷᠯᠡᠨ᠎ᠡ᠂ ᠭᠠᠢ ᠪᠠᠷᠴᠢᠳ ᠲᠣᠬᠢᠶᠠᠯᠳᠤᠨ᠎ᠠ ᠭᠡᠳᠡᠭ᠃        ᠳᠥᠷᠪᠡ᠄ ᠨᠠᠰᠤ ᠪᠠᠷᠠᠭᠰᠠᠨ ᠠᠶᠢᠯ ᠤᠨ ᠬᠥᠮᠥᠰ ᠳᠦᠷᠤᠯ ᠰᠠᠳᠤᠨ ᠨᠢ ︽ᠵᠠᠭᠤ ᠬᠤᠨᠤᠭ ᠢᠶᠠᠨ ᠬᠤᠷᠢᠶᠠᠬᠤ︾  ᠠᠴᠠ‌ᠡᠮᠦᠨ᠎ᠡ ᠱᠠᠭ᠎ᠠ ᠨᠠᠭᠠᠳᠤᠮ ᠳᠤ ᠣᠷᠤᠯᠴᠠᠬᠤ ᠶᠢ ᠴᠡᠭᠡᠷᠯᠡᠨ᠎ᠡ᠃        ᠲᠠᠪᠤ᠄ ᠬᠡᠦᠬᠡᠳ ᠤᠳ ᠢ ᠦᠬᠡᠷ ᠤᠨ ᠱᠠᠭ᠎ᠠ ᠪᠠᠷ ᠪᠥᠭ ᠴᠢᠭ ᠬᠠᠷᠪᠤᠵᠤ ᠨᠠᠭᠠᠳᠬᠤ ᠶᠢ ᠴᠡᠭᠡᠷᠯᠡᠨ᠎ᠡ᠂ ᠲᠡᠨᠡᠭ ᠪᠣᠯᠣᠨ᠎ᠠ ᠭᠡᠳᠡᠭ᠃        ᠵᠢᠷᠭᠤᠭ᠎ᠠ᠄ ᠬᠠᠪᠤᠷ ᠤᠨ ᠲᠥᠯ ᠳᠤᠰᠴᠤ ᠪᠠᠶᠢᠬᠤ ᠤᠯᠠᠷᠢᠯ ᠳᠤ ᠬᠡᠦᠬᠡᠳ ᠤᠳ ᠱᠠᠭ᠎ᠠ ᠨᠠᠭᠠᠳᠬᠤ  ᠶᠢ  ᠴᠡᠭᠡᠷᠯᠡᠨ᠎ᠡ᠂ ᠲᠥᠯ ᠮᠠᠶᠢᠭᠢ ᠪᠣᠯᠣᠨ᠎ᠠ ᠭᠡᠳᠡᠭ᠃        ᠳᠤᠯᠤᠭ᠎ᠠ᠄ ᠵᠤᠨ ᠤ ᠪᠣᠷᠣᠭᠠᠨ ᠲᠠᠢ ᠡᠳᠦᠷ ᠱᠠᠭ᠎ᠠ ᠨᠠᠭᠠᠳᠬᠤ ᠶᠢ ᠴᠡᠭᠡᠷᠯᠡᠨ᠎ᠡ᠂ ᠲᠡᠭᠷᠢ ᠳᠤᠤᠭᠠᠷᠴᠤ  ᠠᠶᠤᠩᠭ᠎ᠠ ᠪᠠᠭᠤᠨ᠎ᠠ ᠭᠡᠳᠡᠭ᠃        ᠨᠠᠢᠮᠠ᠄ ᠰᠥᠨᠢᠳ ᠨᠤᠲᠤᠭ ᠲᠤ ᠱᠠᠭ᠎ᠠ ᠨᠠᠭᠠᠳᠬᠤ ᠳᠠᠭᠠᠨ ᠢᠵᠢᠯᠢ ᠮᠣᠷᠢ ᠪᠣᠰᠪᠠᠯ ᠬᠤᠭᠤᠷᠣᠨᠳᠤ  ᠨᠢ  ᠬᠠᠷᠪᠤᠬᠤ ᠶᠢ ᠣᠨᠴᠠ ᠴᠡᠭᠡᠷᠯᠡᠨ᠎ᠡ᠂ ᠵᠠᠶᠠᠭ᠎ᠠ ᠬᠡᠶᠢᠮᠣᠷᠢ ᠬᠡᠪᠲᠡᠨ᠎ᠡ ᠭᠡᠳᠡᠭ᠃        ᠶᠢᠰᠦ᠄ ᠶᠠᠰᠤ ᠪᠡᠷᠲᠡᠭᠰᠡᠨ ᠬᠥᠮᠥᠨ ᠡᠳᠡᠭᠡᠷᠡᠬᠦ ᠠᠴᠠ ᠡᠮᠦᠨ᠎ᠡ ᠱᠠᠭ᠎ᠠ ᠨᠠᠭᠠᠳᠬᠤ ᠶᠢ ᠴᠡᠭᠡᠷᠯᠡᠨ᠎ᠡ᠂ ᠶᠠᠰᠤᠨ   ᠤ ᠡᠳᠡᠭᠡᠷᠡᠯᠲᠡ ᠳᠤ ᠮᠠᠭᠤ ᠭᠡᠳᠡᠭ᠃        ᠠᠷᠪᠠ᠄ ᠴᠢᠨ᠋ᠸ᠎ᠠ ᠢᠳᠡᠭᠰᠡᠨ ᠮᠠᠯ ᠤᠨ ᠱᠠᠭ᠎ᠠ ᠶᠢ ᠲᠡᠭᠷᠢ ᠶᠢᠨ ᠨᠣᠬᠠᠢ ᠶᠢᠨ ᠬᠡᠰᠢᠭ ᠭᠡᠵᠦ ᠠᠪᠴᠤ ᠬᠠᠳᠠᠭᠠᠯᠠᠬᠤ ᠠᠴᠠ‌ᠪᠢᠰᠢ᠂ ᠨᠠᠭᠠᠳᠤᠮ ᠲᠣᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠃        ᠠᠷᠪᠠᠨ ᠨᠢᠭᠡ᠄ ᠰᠡᠲᠡᠷ ᠲᠠᠢ ᠮᠠᠯ᠂ ᠲᠠᠷᠬᠠᠯᠠᠭᠰᠡᠨ ᠮᠠᠯ ᠦᠬᠦᠪᠡᠯ᠂ ᠱᠠᠭ᠎ᠠ ᠶᠢ ᠠᠪᠴᠤ ᠬᠠᠳᠠᠭ ᠲᠤ  ᠪᠣᠭᠤᠵᠤ ᠬᠠᠳᠠᠭᠠᠯᠠᠨ᠎ᠠ᠃ ᠨᠠᠭᠠᠳᠤᠮ ᠲᠣᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠃        ᠠᠷᠪᠠᠨ ᠬᠤᠶᠠᠷ᠄ ᠬᠡᠦᠬᠡᠳ ᠭᠤᠷᠪᠠᠨ ᠬᠤᠨᠤᠭ ᠵᠠᠯᠭᠠᠪᠠᠷ ᠤᠭᠢᠯᠠᠪᠠᠯ ᠱᠠᠭᠠᠶᠢᠲᠤ ᠴᠢᠮᠦᠭᠡ ᠶᠢᠨ ᠱᠠᠭ᠎ᠠ ᠶᠢ  ᠠᠪᠴᠤ‌ᠬᠠᠳᠠᠭ ᠲᠤ ᠪᠣᠭᠤᠵᠤ ᠬᠠᠳᠠᠭᠠᠯᠠᠬᠤ ᠪᠤᠶᠤ ᠬᠡᠦᠬᠡᠳ ᠤᠨ ᠨᠠᠭᠠᠳᠤᠮ ᠳᠤᠨᠢ ᠵᠡᠭᠦᠳᠡᠭ᠂ ᠨᠠᠭᠠᠳᠤᠮ ᠳᠤ ᠬᠡᠷᠡᠭᠯᠡᠬᠦ ᠶᠢ ᠴᠡᠭᠡᠷᠯᠡᠨ᠎ᠡ᠃        ᠠᠷᠪᠠᠨ ᠭᠤᠷᠪᠠ᠄ ᠬᠤᠷᠢᠮ ᠤᠨ ᠪᠦᠬᠦᠯᠢ ᠰᠢᠭᠦᠰᠦᠨ ᠤ ᠱᠠᠭᠠᠶᠢᠲᠤ ᠴᠢᠮᠦᠭᠡ ᠶᠢᠨ ᠱᠠᠭ᠎ᠠ ᠶᠢ ᠠᠪᠴᠤ ᠬᠠᠳᠠᠭ ᠲᠤ ᠪᠣᠭᠤᠵᠤ ᠳᠡᠷ᠎ᠡ ᠳᠣᠣᠷ᠎ᠠ ᠬᠢᠳᠡᠭ ᠪᠥᠭᠡᠳ ᠰᠠᠶᠢᠬᠠᠨ ᠬᠠᠳᠠᠭᠠᠯᠠᠳᠠᠭ᠂ ᠨᠠᠭᠠᠳᠤᠮ ᠲᠣᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠃        ᠠᠷᠪᠠᠨ ᠳᠥᠷᠪᠡ᠄ ᠮᠡᠷᠭᠡ ᠲᠥᠯᠭᠡ ᠲᠠᠯᠪᠢᠳᠠᠭ ᠱᠠᠭ᠎ᠠ ᠶᠢ ᠨᠠᠭᠠᠳᠤᠮ ᠲᠣᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠂ ᠮᠡᠷᠭᠡ ᠲᠥᠯᠭᠡ ᠲᠥᠭᠡᠷᠢᠨ᠎ᠡ ᠭᠡᠳᠡᠭ᠃        ᠠᠷᠪᠠᠨ ᠲᠠᠪᠤ᠄ ᠬᠤᠷᠠᠭ᠎ᠠ ᠢᠰᠢᠭᠡ ︵ᠲᠥᠯ ᠮᠠᠯ ᠤᠨ ᠱᠠᠭ᠎ᠠ︶ ᠶᠢᠨ ᠱᠠᠭ᠎ᠠ ᠪᠠᠷ ᠨᠠᠭᠠᠳᠬᠤ ᠶᠢ ᠴᠡᠭᠡᠷᠯᠡᠨ᠎ᠡ᠃        ᠠᠷᠪᠠᠨ ᠵᠢᠷᠭᠤᠭ᠎ᠠ᠄ ᠱᠠᠭ᠎ᠠ ᠶᠢ ᠵᠠᠰᠠᠵᠤ ᠴᠡᠪᠡᠷᠯᠡᠬᠦ ᠳᠡᠭᠡᠨ ᠱᠠᠭ᠎ᠠ ᠮᠥᠯᠵᠢᠬᠦ ᠭᠡᠵᠦ ᠬᠡᠯᠡᠬᠦ ᠶᠢ ᠴᠡᠭᠡᠷᠯᠡᠨ᠎ᠡ᠂ ᠬᠠᠷᠢᠨ ᠱᠠᠭ᠎ᠠ ᠵᠠᠰᠠᠬᠤ ᠭᠡᠵᠦ ᠬᠡᠯᠡᠳᠡᠭ᠃   
ᠢᠷᠡᠯᠲᠡ᠄ ᠣᠷᠳᠣᠰ ᠮᠣᠩᠭᠤᠯ ᠰᠦᠯᠵᠢᠶ᠎ᠡ