ᠳᠠᠪᠤᠰᠤᠨ ᠤ ᠣᠨᠴᠠᠭᠠᠢ ᠦᠢᠯᠡᠳᠦᠯ
ᠨᠡᠶᠢᠲᠡᠯᠡᠭᠰᠡᠨ ᠴᠠᠭ᠄
2024/5/28
      ⒈ ᠵᠣᠨ ᠤ ᠬᠠᠯᠠᠭᠤᠨ ᠳᠤ ᠳᠠᠪᠤᠰᠤ ᠲᠠᠢ ᠪᠤᠴᠠᠯᠤᠭᠰᠠᠨ ᠤᠰᠤ ᠶᠢ ᠦᠷᠬᠦᠯᠵᠢ ᠤᠤᠭᠤᠵᠤ ᠪᠠᠶᠢᠪᠠᠯ᠂ ᠪᠡᠶ᠎ᠡ ᠠᠴᠠ ᠬᠥᠯᠥᠰᠦ ᠠᠷᠪᠢᠨ ᠭᠠᠷᠤᠭᠠᠳ ᠳᠠᠪᠤᠰᠤᠨ ᠤ ᠪᠦᠷᠢᠯᠳᠦᠭᠦᠨ ᠳᠤᠲᠠᠭᠳᠠᠬᠤ ᠶᠢ ᠨᠥᠬᠦᠪᠦᠷᠢᠯᠡᠵᠦ ᠴᠢᠳᠠᠬᠤ ᠪᠠᠷ ᠪᠠᠷᠠᠬᠤ ᠦᠭᠡᠢ ᠨᠠᠷᠠᠰᠢᠬᠤ ᠠᠴᠠ ᠰᠡᠷᠭᠡᠶᠢᠯᠡᠵᠦ ᠴᠢᠳᠠᠨ᠎ᠠ᠃       ⒉ ᠳᠠᠭᠤᠤ ᠳᠠᠭᠤᠯᠠᠬᠤ ᠠᠴᠠ ᠪᠠᠨ ᠡᠮᠦᠨ᠎ᠡ ᠳᠠᠪᠤᠰᠤ ᠲᠠᠢ ᠪᠤᠴᠠᠯᠤᠭᠰᠠᠨ ᠤᠰᠤ ᠤᠤᠭᠤᠪᠠᠯ ᠬᠤᠭᠤᠯᠠᠢ ᠬᠠᠳᠠᠬᠤ ᠪᠤᠶᠤ ᠳᠠᠭᠤ ᠰᠦᠬᠡᠩᠬᠡᠶᠢᠷᠡᠬᠦ ᠶᠢ ᠰᠡᠷᠭᠡᠶᠢᠯᠡᠨ᠎ᠡ᠃       ⒊ ᠬᠠᠰᠢ ᠶᠢᠨ ᠦᠨᠳᠦᠰᠦ ᠶᠢ ᠳᠠᠪᠤᠰᠤ ᠲᠠᠢ ᠣᠰᠣᠨ ᠳᠤ ᠴᠢᠨᠠᠭᠠᠳ ᠬᠥᠯ ᠢᠶᠠᠨ ᠤᠬᠢᠶᠠᠪᠠᠯ ᠬᠥᠯ ᠤᠨ ᠪᠠᠯᠴᠢᠷᠤᠤ ᠶᠢ ᠠᠷᠢᠯᠭᠠᠨ᠎ᠠ᠃       ⒋ ᠳᠠᠪᠤᠰᠤ ᠲᠠᠢ ᠤᠰᠤ ᠨᠢ ᠪᠠᠺᠲ᠋ᠧᠷᠢ ᠶᠢ ᠤᠰᠠᠳᠬᠠᠬᠤ ᠳᠤ ᠵᠣᠬᠢᠬᠤ ᠬᠡᠮᠵᠢᠶᠡᠨ ᠤ ᠦᠢᠯᠡᠳᠦᠯ ᠲᠠᠢ ᠪᠣᠯᠬᠤᠷ ᠬᠥᠩᠭᠡᠨ ᠰᠢᠷᠬ᠎ᠠ᠂ ᠬᠠᠯᠠᠭᠠᠭᠰᠠᠨ ᠰᠢᠷᠬ᠎ᠠ ᠶᠢ ᠳᠠᠪᠤᠰᠤ ᠲᠠᠢ ᠤᠰᠤ ᠪᠠᠷ ᠤᠬᠢᠶᠠᠪᠠᠯ ᠡᠪᠡᠳᠬᠦ ᠶᠢ ᠬᠥᠩᠭᠡᠷᠡᠭᠦᠯᠬᠦ ᠦᠢᠯᠡᠳᠦᠯ ᠲᠠᠢ᠃       ⒌ ᠦᠶ᠎ᠡ ᠭᠡᠰᠢᠭᠦᠨ ᠤ ᠡᠪᠡᠳᠴᠢᠨ ᠲᠠᠢ ᠬᠥᠮᠥᠰ ᠳᠠᠪᠤᠰᠤ ᠶᠢ ᠬᠠᠯᠠᠭᠠᠭᠠᠳ ᠤᠭᠤᠲᠠᠨ ᠳᠤ ᠬᠢᠵᠦ ᠡᠪᠡᠳᠴᠦ ᠪᠠᠶᠢᠭ᠎ᠠ ᠭᠠᠵᠠᠷ ᠲᠠᠭᠠᠨ ᠵᠢᠩ ᠪᠠᠷᠢᠪᠠᠯ ᠡᠪᠡᠳᠬᠦ ᠶᠢ ᠨᠢ ᠨᠠᠮᠳᠠᠭᠤᠯᠳᠠᠭ᠃       ⒍ ᠥᠷᠯᠥᠭᠡ ᠪᠦᠷᠢ ᠨᠢᠭᠡ ᠴᠣᠮᠣ ᠳᠠᠪᠤᠰᠤ ᠲᠠᠢ ᠤᠰᠤ ᠤᠤᠭᠤᠪᠠᠯ ᠬᠤᠷᠭᠤᠰᠤᠯᠠᠬᠤ ᠠᠴᠠ ᠰᠡᠷᠭᠡᠶᠢᠯᠡᠵᠦ ᠴᠢᠳᠠᠨ᠎ᠠ᠃       ⒎ ᠨᠢᠭᠡ ᠵᠢᠩ ᠳᠠᠪᠤᠰᠤ ᠶᠢ ᠬᠠᠭᠤᠷᠴᠤ ᠬᠠᠯᠠᠭᠤᠯᠤᠭᠠᠳ ᠬᠦᠢᠰᠦᠨ ᠳᠡᠭᠡᠷ᠎ᠡ ᠪᠠᠨ ᠵᠢᠩ ᠪᠠᠷᠢᠪᠠᠯ ᠪᠦᠭᠡᠷᠳᠡᠭ ᠡᠪᠡᠳᠴᠢᠨ ᠢ ᠵᠠᠰᠠᠨ᠎ᠠ᠃       ⒏ ᠳᠠᠪᠤᠰᠤ ᠪᠠ ᠡᠯᠡᠰᠦ ᠶᠢ ᠣᠰᠣᠨ ᠳᠤ ᠪᠠᠭ᠎ᠠ ᠬᠢᠵᠦ ᠲᠣᠯᠣᠭᠠᠢ ᠪᠠᠨ ᠤᠬᠢᠶᠠᠪᠠᠯ ᠲᠣᠯᠣᠭᠠᠢ ᠵᠠᠭᠠᠲᠤᠨᠠᠬᠤ᠂ ᠬᠡᠵᠢᠭᠡ ᠤᠨᠠᠬᠤ ᠶᠢ ᠵᠠᠰᠠᠬᠤ ᠮᠥᠷᠲᠡᠭᠡᠨ ᠲᠣᠯᠣᠭᠠᠢ ᠶᠢᠨ ᠬᠠᠭ ᠢ ᠪᠠᠭᠠᠰᠬᠠᠬᠤ ᠪᠣᠯᠣᠨ᠎ᠠ᠃       ⒐ ᠬᠥᠯᠳᠡᠭᠰᠡᠨ ᠰᠢᠷᠬ᠎ᠠ ᠶᠢ ᠳᠠᠪᠤᠰᠤ ᠲᠠᠢ ᠬᠠᠯᠠᠭᠤᠨ ᠤᠰᠤ ᠪᠠᠷ ᠤᠬᠢᠶᠠᠪᠠᠯ ᠵᠠᠭᠠᠲᠤᠨᠠᠬᠤ ᠶᠢ ᠵᠣᠭᠰᠣᠭᠠᠵᠤ ᠴᠢᠳᠠᠨ᠎ᠠ᠃       ⒑ ᠵᠣᠬᠢᠬᠤ ᠬᠡᠮᠵᠢᠶᠡᠨ ᠤ ᠳᠠᠪᠤᠰᠤ ᠶᠢ ᠵᠢᠩᠨᠡᠵᠦ ᠬᠠᠯᠠᠭᠤᠯᠤᠭᠠᠳ ᠤᠭᠤᠲᠠᠨ ᠳᠤ ᠬᠢᠵᠦ ᠳᠡᠷᠡᠯᠡᠪᠡᠯ ᠴᠢᠬᠢ ᠬᠠᠩᠭᠢᠨᠠᠬᠤ ᠶᠢ ᠵᠠᠰᠠᠨ᠎ᠠ᠃       ⒒ ᠳᠠᠪᠤᠰᠤ ᠲᠠᠢ ᠤᠰᠤ ᠪᠠᠷ ᠨᠢᠯᠬ᠎ᠠ ᠬᠡᠦᠬᠡᠳ ᠤᠨ ᠪᠡᠶ᠎ᠡ ᠶᠢ ᠤᠬᠢᠶᠠᠪᠠᠯ ᠰᠢᠷ᠎ᠠ ᠦᠰᠦ ᠶᠢ ᠨᠢ ᠤᠨᠠᠭᠠᠬᠤ ᠮᠥᠷᠲᠡᠭᠡᠨ ᠪᠡᠶ᠎ᠡ ᠨᠢ ᠲᠠᠭᠠᠯᠠᠮᠵᠢᠲᠠᠢ ᠪᠣᠯᠵᠤ ᠬᠠᠩᠭᠠᠮᠵᠢᠲᠠᠢ ᠤᠨᠲᠠᠳᠠᠭ᠃       ⒓ ᠬᠤᠷᠣᠬᠠᠢ ᠰᠢᠪᠠᠵᠢ ᠳᠤ ᠬᠠᠵᠠᠭᠳᠠᠭᠰᠠᠨ ᠭᠠᠵᠠᠷ ᠢ ᠳᠠᠪᠤᠰᠤ ᠲᠠᠢ ᠤᠰᠤ ᠪᠠᠷ ᠤᠬᠢᠶᠠᠵᠤ ᠠᠷᠢᠭᠤᠳᠬᠠᠪᠠᠯ ᠵᠠᠭᠠᠲᠤᠨᠠᠵᠤ ᠡᠪᠡᠳᠬᠦ ᠨᠢ ᠵᠦᠭᠡᠷ ᠪᠣᠯᠳᠠᠭ᠃       ⒔ ᠬᠦᠢᠲᠡᠨ ᠢᠶᠠᠷ ᠳᠠᠪᠤᠰᠠᠩ ᠡᠪᠡᠳᠬᠦ ᠪᠤᠶᠤ ᠰᠢᠭᠡᠰᠦ ᠬᠤᠷᠢᠭᠳᠠᠪᠠᠯ ᠳᠠᠪᠤᠰᠤ ᠶᠢ ᠬᠠᠭᠤᠷᠴᠤ ᠬᠠᠯᠠᠭᠤᠯᠤᠭᠠᠳ ᠪᠥᠰ ᠤᠭᠤᠲᠠᠨ ᠳᠤ ᠬᠢᠵᠦ ᠳᠠᠪᠤᠰᠠᠩ ᠳᠡᠭᠡᠷ᠎ᠡ ᠪᠠᠨ ᠬᠠᠯᠠᠭᠤᠨ ᠵᠢᠩ ᠪᠠᠷᠢᠪᠠᠯ ᠲᠤᠰᠠᠯᠠᠨ᠎ᠠ᠃       ⒕ ᠬᠤᠣᠷᠲᠠᠢ ᠢᠳᠡᠬᠡᠨ ᠢ ᠢᠳᠡᠭᠰᠡᠨ ᠬᠥᠮᠥᠨ ᠳᠠᠪᠤᠰᠤ ᠲᠠᠢ ᠪᠤᠴᠠᠯᠤᠭᠰᠠᠨ ᠤᠰᠤ ᠤᠤᠭᠤᠪᠠᠯ ᠬᠤᠣᠷ ᠨᠢ ᠲᠠᠶᠢᠯᠤᠭᠳᠠᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ