ᠭᠠᠷ ᠤᠲᠠᠰᠤᠨ ᠠᠴᠠ ᠲᠥᠭᠡ ᠰᠠᠯᠵᠤ ᠴᠢᠳᠠᠬᠤ ᠦᠭᠡᠢ ᠬᠥᠮᠥᠨ ᠤᠯᠠᠮ ᠨᠡᠮᠡᠭᠳᠡᠬᠦ ᠶᠢ ᠳᠠᠭᠠᠯᠳᠤᠨ᠂ ᠭᠠᠷ ᠤᠲᠠᠰᠤᠨ ᠤ ᠰᠠᠴᠤᠷᠠᠭ ᠤᠨ ᠲᠤᠬᠠᠢ ︽ᠴᠤᠤᠷᠬᠠᠯ︾ | ᠴᠤ ᠭᠠᠵᠠᠷ ᠠᠪᠤᠨ ᠳᠠᠮᠵᠢᠭᠳᠠᠭᠰᠠᠭᠠᠷ᠃ ᠲᠡᠭᠡᠪᠠᠯ ᠭᠠᠷ ᠤᠲᠠᠰᠤᠨ ᠤ ᠰᠠᠴᠤᠷᠠᠭ ᠨᠡᠬᠡᠷᠡᠨ ᠲᠡᠶᠢᠮᠦ ᠬᠤᠣᠷᠲᠠᠢ ᠦᠦ︖ ᠪᠢᠳᠠ ᠬᠠᠮᠢᠶᠠᠲᠠᠢ ᠰᠢᠨᠵᠢᠯᠡᠭᠡ ᠠᠴᠠ | ᠣᠶᠢᠯᠠᠭᠠᠶ᠎ᠠ᠃ | ᠭᠠᠷ ᠤᠲᠠᠰᠤᠨ ᠤ ᠰᠠᠴᠤᠷᠠᠭ ᠦᠮᠡᠨ ᠡᠭᠦᠰᠬᠡᠳᠡᠭ ᠤᠤ︖ | ᠡᠭᠦᠨ ᠢ ᠰᠢᠭᠤᠳ ᠭᠡᠷᠡᠴᠢᠯᠡᠬᠦ ᠪᠣᠳᠠᠲᠠᠢ ᠭᠡᠷᠡᠴᠢ ᠪᠠᠷᠢᠮᠲᠠ ᠣᠳᠣ ᠪᠤᠯᠳᠠᠯ᠎ᠠ ᠠᠯᠠᠭ᠎ᠠ ᠪᠣᠯᠬᠤᠷ ᠰᠢᠨᠵᠢᠯᠡᠭᠡ ᠰᠤᠳᠤᠯᠭᠠᠨ ᠤ ᠡᠲᠡᠭᠡᠳ ᠡᠨᠡ ᠲᠤᠬᠠᠢ | ᠮᠠᠷᠭᠤᠯᠳᠤᠭᠰᠠᠭᠠᠷ ᠶᠤᠮ᠃ | ᠭᠠᠷ ᠤᠲᠠᠰᠤ ᠪᠠᠨ ᠴᠡᠨᠡᠭᠯᠡᠬᠦ ᠶᠢᠨ ᠳᠠᠭᠠᠤ ᠬᠡᠷᠡᠭᠯᠡᠪᠡᠯ ᠰᠠᠴᠤᠷᠠᠭ ᠤᠨ ᠬᠡᠮᠵᠢᠶ᠎ᠡ ᠨᠢ ᠤᠯᠠᠮ ᠶᠡᠭᠡ ᠦᠦ︖ | ᠴᠠᠭᠢᠯᠭᠠᠨ ᠤ ᠬᠡᠮᠵᠢᠶ᠎ᠡ ᠪᠣᠯᠣᠨ ᠭᠠᠷ ᠤᠲᠠᠰᠤᠨ ᠤ ᠰᠠᠴᠤᠷᠠᠭ ᠨᠢ ᠰᠢᠭᠤᠳ ᠬᠠᠷᠢᠴᠠᠭ᠎ᠠ ᠦᠭᠡᠢ ᠪᠣᠯᠬᠤᠷ ︽ᠭᠠᠷ ᠤᠲᠠᠰᠤ ᠪᠠᠨ ᠴᠡᠨᠡᠭᠯᠡᠬᠦ ᠶᠢᠨ ᠳᠠᠭᠠᠤ | ᠬᠡᠷᠡᠭᠯᠡᠬᠦ ᠨᠢ ᠮᠠᠰᠢ ᠮᠠᠭᠤ︾ ᠭᠡᠰᠡᠨ ᠬᠡᠯᠡᠯᠭᠡ ᠨᠤᠲᠠᠲᠠᠢ ᠪᠠᠷᠢᠮᠲᠠ ᠦᠭᠡᠢ ᠶᠤᠮ᠃ ᠭᠡᠲᠡᠯ᠎ᠡ ᠵᠠᠷᠢᠮ ᠭᠠᠷ ᠤᠲᠠᠰᠤᠨ ᠤ ᠴᠠᠬᠢᠯᠭᠠᠨ ᠵᠠᠢ ᠨᠢ ᠴᠡᠨᠡᠭᠯᠡᠬᠦ ᠳᠤ ᠬᠠᠯᠠᠬᠤ ᠶᠢᠨ | ᠤᠯᠠᠮ ᠠᠴᠠ ᠠᠮᠤᠷ ᠲᠦᠪᠰᠢᠨ ᠤ ᠠᠰᠠᠭᠤᠳᠠᠯ ᠡᠭᠦᠰᠬᠡᠵᠦ ᠮᠡᠳᠡᠨ᠎ᠡ᠃ ᠡᠶᠢᠮᠦ ᠠᠴᠠ ᠴᠠᠭᠢᠯᠭᠠᠨ ᠴᠡᠨᠡᠭᠯᠡᠵᠦ ᠪᠠᠶᠢᠬᠤ ᠳᠠᠭᠠᠨ ᠬᠠᠰᠢᠯᠡ ᠭᠠᠷ ᠤᠲᠠᠰᠤ ᠪᠠᠨ ᠬᠡᠷᠡᠭᠯᠡᠬᠦ | ᠦᠭᠡᠢ ᠪᠣᠯ ᠰᠠᠶᠢᠨ᠃ | ᠭᠠᠷ ᠤᠲᠠᠰᠤᠨ ᠤ ᠳᠣᠬᠢᠶ᠎ᠠ ᠮᠠᠭᠤᠳᠠᠬᠤ ᠲᠤᠳᠤᠮ ᠰᠠᠴᠤᠷᠠᠭ ᠤᠨ ᠬᠤᠣᠷᠳᠠᠯ ᠲᠡᠳᠦᠢ ᠶᠡᠭᠡ ᠤᠤ︖ | ᠲᠤᠰ ᠬᠡᠯᠡᠯᠭᠡ ᠵᠣᠬᠢᠬᠤ ᠬᠡᠮᠵᠢᠶᠡᠨ ᠤ ᠪᠠᠷᠢᠮᠲᠠ ᠲᠠᠢ᠃ ᠭᠠᠷ ᠤᠲᠠᠰᠤ ᠰᠠᠭᠤᠷᠢ ᠦᠷᠲᠡᠭᠡ ᠶᠢᠨ ᠳᠣᠬᠢᠶ᠎ᠠ ᠶᠢ ᠬᠦᠯᠢᠶᠡᠵᠦ ᠠᠪᠳᠠᠭ ᠪᠣᠯᠬᠤᠷ ᠳᠤᠭᠢᠶᠠᠨ | ᠳᠠᠪᠲᠠᠮᠵᠢ ᠪᠠᠨ ᠨᠡᠮᠡᠭᠳᠡᠭᠦᠯᠬᠦ ᠶᠢᠨ ᠤᠯᠠᠮ ᠠᠴᠠ ᠰᠠᠴᠤᠷᠠᠭ ᠨᠢ ᠨᠡᠮᠡᠭᠳᠡᠳᠡᠭ ᠶᠤᠮ᠃ | ᠭᠠᠷ ᠤᠲᠠᠰᠤ ᠪᠠᠨ ᠬᠡᠳᠦᠢ ᠬᠤᠯᠠ ᠪᠠᠶᠢᠯᠭᠠᠪᠠᠯ ᠡᠷᠡᠭᠦᠯ ᠮᠡᠨᠳᠦ ᠳᠤ ᠠᠰᠢᠭᠲᠠᠢ ᠪᠤᠢ︖ | ᠭᠠᠷ ᠤᠲᠠᠰᠤ ᠪᠠᠨ ᠪᠡᠶ᠎ᠡ ᠠᠴᠠ ᠬᠡᠳᠦᠢ ᠣᠶᠢᠷᠠᠬᠠᠨ ᠲᠠᠯᠪᠢᠪᠠᠯ ᠰᠠᠴᠤᠷᠠᠭ ᠨᠢ ᠬᠡᠳᠦᠢ ᠶᠡᠭᠡ ᠪᠠᠶᠢᠳᠠᠭ᠃ ᠬᠠᠮᠢᠶᠠᠲᠠᠢ ᠰᠤᠳᠤᠯᠭᠠᠨ ᠢ ᠦᠨᠳᠦᠰᠦᠯᠡᠪᠡᠯ᠂ 50 | 50ᠰᠠᠨᠲ᠋ᠢᠮᠧᠳ᠋ᠷ ᠤᠨ ᠵᠠᠢ ᠳᠤ ᠭᠠᠷ ᠤᠲᠠᠰᠤᠨ ᠤ ᠰᠠᠴᠤᠷᠠᠭ ᠳᠡᠮᠡᠢ ᠨᠥᠯᠥᠭᠡᠯᠡᠬᠦ ᠬᠦᠴᠦᠨ ᠦᠭᠡᠢ ᠪᠣᠯᠴᠢᠬᠠᠳᠠᠭ᠃ | ᠭᠡᠪᠡᠴᠦ ᠭᠠᠷ ᠤᠲᠠᠰᠤ ᠪᠠᠨ ᠢᠯᠡᠭᠦᠦ ᠬᠠᠷᠠᠬᠤ ᠨᠢ ᠨᠢᠳᠦᠨ ᠳᠤ ᠬᠠᠯᠠᠲᠠᠢ ᠪᠠᠷ ᠪᠠᠷᠠᠬᠤ ᠦᠭᠡᠢ ᠬᠦᠵᠦᠭᠦᠦ ᠰᠡᠭᠡᠷ᠂ ᠳᠠᠯᠤ ᠮᠥᠷᠥ᠂ ᠨᠢᠷᠤᠭᠤ ᠰᠡᠭᠦᠵᠢ ᠶᠢ ᠴᠤ | ᠭᠡᠮᠲᠦᠭᠡᠵᠦ ᠮᠡᠳᠡᠬᠦ ᠤᠴᠢᠷ ᠠᠴᠠ ᠭᠠᠷ ᠤᠲᠠᠰᠤ ᠪᠠᠨ ᠪᠠᠭ᠎ᠠ ᠰᠢᠭ᠋ ᠬᠠᠷᠠᠭᠠᠷᠠᠢ︕ |