ᠤᠷᠠᠨ ᠪᠢᠴᠢᠯᠭᠡ ᠶᠢᠨ ᠭᠤᠸ᠎ᠠ ᠰᠠᠶᠢᠬᠠᠨ ᠤ ᠵᠣᠬᠢᠴᠠᠯ
ᠨᠡᠶᠢᠲᠡᠯᠡᠭᠰᠡᠨ ᠴᠠᠭ᠄
2024/5/29
      ᠮᠣᠩᠭᠤᠯ ᠤᠷᠠᠨ ᠪᠢᠴᠢᠯᠭᠡ ᠨᠢ ᠮᠣᠩᠭᠤᠯ ᠦᠰᠦᠭ ᠲᠤ ᠭᠤᠸ᠎ᠠ ᠰᠠᠶᠢᠬᠠᠨ ᠪᠡᠶ᠎ᠡ ᠳᠦᠷᠰᠦ᠂ ᠠᠤᠭ᠎ᠠ ᠬᠦᠴᠦᠲᠦ ᠠᠮᠢ ᠨᠠᠰᠤ ᠬᠢᠭᠡᠳ ᠢᠯᠠᠭᠳᠠᠰᠢ ᠦᠭᠡᠢ ᠰᠦᠭ ᠰᠦᠨᠡᠰᠦ ᠶᠢ ᠴᠣᠭᠴᠠᠯᠠᠨ ᠪᠦᠲᠦᠭᠡᠵᠦ ᠦᠭᠳᠡᠭ᠃ ᠪᠣᠯᠪᠠᠰᠤᠷᠠᠭᠰᠠᠨ ᠰᠢᠯᠢᠳᠡᠭ ᠤᠷᠠᠨ ᠪᠢᠴᠢᠯᠭᠡ ᠶᠢᠨ ᠪᠦᠲᠦᠭᠡᠯ ᠤᠨ ᠠᠮᠢ᠂ ᠪᠡᠶ᠎ᠡ᠂ ᠰᠦᠨᠡᠰᠦ ᠠᠴᠠ ᠪᠢᠳᠡ ᠤᠷᠠᠯᠢᠭ ᠤᠨ ᠭᠤᠸ᠎ᠠ ᠰᠠᠶᠢᠬᠠᠨ ᠤ ᠲᠡᠭᠦᠰ ᠲᠡᠭᠦᠯᠳᠡᠷ ᠴᠢᠨᠠᠷ ᠢ ᠣᠯᠵᠤ ᠬᠠᠷᠠᠳᠠᠭ᠃ ᠭᠡᠬᠦ ᠳᠡᠭᠡᠨ᠂ ᠨᠢᠭᠡᠨ ᠤᠷᠠᠨ ᠪᠢᠴᠢᠯᠭᠡ ᠶᠢᠨ ᠪᠦᠲᠦᠭᠡᠯ ᠤᠨ ᠠᠮᠢ ᠨᠠᠰᠤ ᠨᠢ ᠦᠰᠦᠭ ᠤᠨ ᠬᠢᠨᠢ ᠭᠠᠳᠠᠭᠠᠳᠤ ᠪᠡᠶ᠎ᠡ ᠴᠣᠭᠴᠠᠰ ᠤᠨ ᠰᠠᠶᠢᠬᠠᠨ ᠬᠢᠭᠡᠳ ᠳᠣᠲᠣᠭᠠᠳᠤ ᠰᠦᠭ ᠰᠦᠨᠡᠰᠦᠨ ᠤ ᠡᠴᠢᠨ᠎ᠡ ᠬᠦᠴᠦ ᠠᠴᠠ ᠲᠣᠭᠲᠠᠭᠠᠭᠳᠠᠳᠠᠭ᠃

6385257893072534266814415.png

      ᠤᠷᠠᠯᠢᠭ ᠢ ᠰᠣᠨᠢᠷᠬᠠᠬᠤ ᠳᠤ ᠬᠥᠮᠥᠨ ᠤ ᠰᠡᠷᠡᠯ ᠤᠨ ᠣᠷᠤᠯᠴᠠᠬᠤ ᠬᠡᠮᠵᠢᠶᠡᠨ ᠤ ᠠᠳᠠᠯᠢ ᠪᠤᠰᠤ ᠶᠢ ᠦᠨᠳᠦᠰᠦᠯᠡᠭᠡᠳ ᠲᠡᠭᠦᠨ ᠢ ᠳᠣᠲᠣᠭᠠᠳᠤ ᠳᠤᠨᠢ

ᠬᠠᠷᠠᠭᠠᠨ ᠰᠡᠷᠡᠯ ᠤᠨ ᠤᠷᠠᠯᠢᠭ᠂ ᠰᠣᠨᠣᠷ ᠤᠨ ᠰᠡᠷᠡᠯ ᠤᠨ ᠤᠷᠠᠯᠢᠭ᠂ ᠰᠡᠳᠬᠢᠯᠭᠡᠨ ᠤ ᠤᠷᠠᠯᠢᠭ ᠵᠢᠴᠢ ᠡᠯ᠎ᠡ ᠵᠦᠢᠯ ᠤᠨ ᠰᠡᠷᠡᠯ ᠬᠠᠮᠲᠤ ᠪᠠᠷ ᠣᠷᠤᠯᠴᠠᠬᠤ

ᠶᠡᠷᠦᠩᠬᠡᠶᠢᠯᠡᠭᠰᠡᠨ ᠰᠢᠨᠵᠢ ᠪᠦᠬᠦᠢ ᠬᠠᠮ ᠤᠷᠠᠯᠢᠭ ᠭᠡᠬᠦ ᠮᠡᠲᠦ ᠪᠠᠷ ᠬᠤᠪᠢᠶᠠᠨ ᠦᠵᠡᠳᠡᠭ᠃ ᠲᠡᠭᠡᠪᠡᠯ᠂ ᠡᠳᠡᠭᠡᠷ ᠤᠷᠠᠯᠢᠭ ᠤᠨ ᠭᠤᠸ᠎ᠠ ᠰᠠᠶᠢᠬᠠᠨ ᠨᠢ ᠴᠣᠬᠤᠮ

ᠬᠠᠮᠢᠭ᠎ᠠ ᠠᠴᠠ ᠢᠷᠡᠳᠡᠭ ᠪᠤᠢ︖ ᠭᠡᠳᠡᠭ ᠢ  ᠵᠣᠬᠢᠬᠤ ᠤᠳᠬ᠎ᠠ ᠶᠢᠨ ᠬᠤᠪᠢ ᠳᠤ ᠲᠦᠭᠦᠮ ᠢᠶᠠᠷ ᠬᠠᠷᠢᠭᠤᠯᠪᠠᠯ᠄ ᠤᠷᠠᠯᠢᠭ ᠤᠨ ᠭᠤᠸ᠎ᠠ ᠰᠠᠶᠢᠬᠠᠨ ᠨᠢ ᠵᠣᠬᠢᠴᠠᠯ

 ᠠᠴᠠ ᠢᠷᠡᠨ᠎ᠡ᠃ ᠵᠢᠱᠢᠶᠡᠯᠡᠪᠡᠯ᠂ ᠵᠢᠷᠤᠭ ᠤᠷᠠᠯᠢᠭ ᠤᠨ ᠭᠤᠸ᠎ᠠ ᠰᠠᠶᠢᠬᠠᠨ ᠨᠢ ᠶᠡᠭᠡ ᠪᠠᠭ᠎ᠠ ᠶᠢᠨ ᠬᠡᠮᠵᠢᠶᠡᠨ ᠤ ᠵᠣᠬᠢᠴᠠᠯ ᠬᠢᠭᠡᠳ ᠭᠡᠯᠪᠡᠷᠢ ᠳᠦᠷᠰᠦ ᠵᠢᠴᠢ ᠥᠩᠭᠡ

ᠪᠤᠳᠤᠭ ᠤᠨ ᠵᠣᠬᠢᠴᠠᠯ ᠠᠴᠠ᠂ ᠳᠠᠭᠤᠤ ᠬᠥᠭᠵᠢᠮ ᠤᠨ ᠭᠤᠸ᠎ᠠ ᠰᠠᠶᠢᠬᠠᠨ ᠨᠢ ᠲᠠᠭᠤ ᠶᠢᠨ ᠪᠦᠳᠦᠭᠦᠨ ᠨᠠᠷᠢᠨ ᠬᠢᠭᠡᠳ ᠤᠷᠳᠤ ᠣᠬᠤᠷ ᠤᠷᠠᠨ ᠨᠤᠭᠤᠯᠤᠭ᠎ᠠ ᠶᠢᠨ

ᠵᠣᠬᠢᠴᠠᠯ ᠠᠴᠠ᠂ ᠪᠠᠷᠢᠯᠭ᠎ᠠ ᠶᠢᠨ ᠭᠤᠸ᠎ᠠ ᠰᠠᠶᠢᠬᠠᠨ ᠨᠢ ᠲᠡᠭᠦᠨ ᠤ ᠭᠡᠯᠪᠡᠷᠢ ᠳᠦᠷᠰᠦ ᠶᠡᠭᠡ ᠪᠠᠭ᠎ᠠ ᠬᠢᠭᠡᠳ ᠥᠩᠭᠡ ᠪᠤᠳᠤᠭ ᠤᠨ ᠵᠣᠬᠢᠴᠠᠯ ᠠᠴᠠ᠂ ᠪᠥᠵᠢᠭ ᠤᠷᠠᠯᠢᠭ

 ᠤᠨ ᠭᠤᠸ᠎ᠠ ᠰᠠᠶᠢᠬᠠᠨ ᠨᠢ ᠪᠥᠵᠢᠭᠴᠢᠨ ᠤ ᠪᠡᠶ᠎ᠡ ᠶᠢᠨ ᠬᠥᠳᠡᠯᠭᠡᠭᠡᠨ ᠤ ᠵᠣᠬᠢᠴᠠᠯ ᠠᠴᠠ ᠢᠷᠡᠨ᠎ᠡ᠃

6385257895094634777557567.png

      ᠤᠳᠤ ᠦᠶ᠎ᠡ ᠪᠣᠯ ᠮᠣᠩᠭᠤᠯ ᠤᠷᠠᠨ ᠪᠢᠴᠢᠯᠭᠡ ᠶᠢᠨ ᠦᠢᠯᠡᠰ ᠮᠠᠰᠢ ᠲᠦᠷᠭᠡᠨ ᠬᠥᠭᠵᠢᠭᠰᠡᠨ ᠰᠢᠵᠢᠷ ᠠᠯᠳᠠᠨ ᠴᠠᠭ ᠦᠶ᠎ᠡ ᠮᠥᠨ᠃ ᠡᠨᠡ ᠦᠶ᠎ᠡ ᠳᠤ

ᠬᠠᠸᠠᠩᠵᠠᠪ᠂ ᠴᠧᠨ ᠴᠢᠩ ᠶᠦᠨ᠂ ᠡᠷᠳᠡᠨᠢᠪᠥ᠋ᠬᠡ᠂ ᠪᠤᠤᠱᠠᠨ᠂ ᠪᠠᠶᠠᠨᠬᠦᠦ᠂ ᠪᠠᠢ ᠪᠦᠭᠡ᠂ ᠬᠠᠶᠢᠱᠠᠨ᠂ ᠴᠣᠯᠮᠣᠨ᠂ ᠮ᠊·ᠲᠠᠯ᠎ᠠ  ᠁ ᠨᠠᠷ ᠠᠴᠠ ᠠᠪᠤᠭᠠᠳ ᠮᠠᠰᠢ ᠤᠯᠠᠨ

ᠮᠣᠩᠭᠤᠯ ᠤᠷᠠᠨ ᠪᠢᠴᠢᠯᠭᠡᠲᠡᠨ ᠪᠤᠢ ᠪᠣᠯᠵᠠᠢ᠃ ᠲᠡᠳᠡ ᠨᠠᠷ ᠤᠨ ᠤᠷᠠᠨ ᠪᠢᠴᠢᠯᠭᠡ ᠨᠢ ᠬᠠᠷᠢᠯᠴᠠᠨ ᠬᠤᠯᠪᠤᠭ᠎ᠠ ᠲᠠᠢ ᠮᠥᠷᠲᠡᠭᠡᠨ ᠢᠯᠠᠭᠠᠭ᠎ᠠ ᠲᠠᠢ᠂ ᠬᠤᠪᠢ ᠬᠤᠪᠢᠨ ᠤ

 ᠪᠠᠨ ᠥᠪᠡᠷᠮᠢᠴᠡ ᠣᠨᠴᠠᠯᠢᠭ ᠲᠠᠢ ᠪᠤᠯᠪᠠᠴᠤ ᠭᠤᠸ᠎ᠠ ᠰᠠᠶᠢᠬᠠᠨ ᠤ ᠨᠣᠶᠠᠨ ᠤᠷᠭᠢᠯ ᠢ ᠴᠣᠭᠴᠠᠯᠠᠵᠤ ᠴᠢᠳᠠᠭᠰᠠᠨ ᠢᠶᠠᠷ ᠢᠶᠠᠨ ᠤᠷᠠᠯᠢᠭ ᠤᠨ ᠦᠨ᠎ᠡ ᠴᠡᠨ᠎ᠡ ᠨᠢ

ᠠᠳᠠᠯᠢᠪᠲᠤᠷ ᠰᠢᠨᠵᠢ ᠲᠠᠢ᠃ ᠣᠳᠣᠬᠠᠨ ᠳᠤ ᠮᠣᠩᠭᠤᠯ ᠡᠮᠡᠭᠲᠡᠢ ᠤᠷᠠᠨ ᠪᠢᠴᠢᠯᠭᠡᠲᠡᠨ ᠴᠤ ᠮᠠᠰᠢ ᠤᠯᠠᠨ ᠭᠠᠷᠴᠤ ᠪᠠᠶᠢᠨ᠎ᠠ᠃ ᠡᠭᠦᠨ ᠳᠤ ᠭᠡᠶᠢᠷᠡᠨ᠎ᠡ᠂ ᠲᠤᠶᠠᠭ᠎ᠠ᠂

ᠨᠠᠷᠠᠨᠬᠤᠸᠠᠷ᠂ ᠰᠠᠶᠢᠬᠠᠨᠬᠤᠸᠠᠷ᠂ ᠵᠤᠯᠠᠨᠭᠡᠭᠡ  ᠴᠠᠬᠢᠷᠮ᠎ᠠ᠂ ᠮᠦᠯᠳᠦᠳᠦ ᠰᠠᠶᠢᠬᠠᠨᠴᠢᠮᠡᠭ ᠁ ᠨᠠᠷ ᠢ ᠳᠤᠷᠠᠳᠴᠤ ᠪᠣᠯᠣᠨ᠎ᠠ᠃ ᠮᠦᠯᠳᠦᠳᠦ ᠰᠠᠶᠢᠬᠠᠨᠴᠢᠮᠡᠭ 2015

ᠣᠨ ᠠᠴᠠ ᠡᠬᠢᠯᠡᠨ ᠤᠷᠠᠨ ᠪᠢᠴᠢᠯᠭᠡ ᠪᠢᠴᠢᠵᠦ ᠤᠷᠤᠯᠳᠤᠨ᠂ ᠬᠡᠳᠦᠬᠡᠨ ᠵᠢᠯ ᠤᠨ ᠳᠣᠲᠣᠷ᠎ᠠ ᠶᠡᠭᠡ ᠦᠰᠦᠷᠦᠩᠭᠦᠢ ᠲᠠᠪᠰᠢᠯᠳᠠ ᠶᠢ ᠪᠡᠶᠡᠯᠡᠭᠦᠯᠦᠭᠡᠳ᠂ 2019 ᠣᠨ

 ᠳᠤ ᠲᠦᠮᠡᠳ ᠵᠡᠭᠦᠨ ᠬᠤᠰᠢᠭᠤᠨ ᠤ ᠮᠦᠽᠧᠢ ᠳᠤ ︽ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ

ᠳᠤᠷᠠᠰᠬᠠᠬᠤ  ︿ᠰᠢᠨ᠎ᠡ ᠲᠤᠮᠳᠠᠳᠤ ᠤᠯᠤᠰ ᠢᠶᠠᠨ ᠮᠠᠭᠲᠠᠨ ᠳᠠᠭᠤᠯᠠᠵᠤ᠂ ᠰᠢᠨ᠎ᠡ ᠴᠠᠭ ᠦᠶ᠎ᠡ ᠳᠤ ᠲᠠᠪᠰᠢᠨ ᠣᠷᠣᠬᠤ﹀ ᠰᠠᠶᠢᠬᠠᠨᠴᠢᠮᠡᠭ ᠤᠨ ᠮᠣᠩᠭᠤᠯ ᠤᠷᠠᠨ

ᠪᠢᠴᠢᠯᠭᠡ ᠶᠢᠨ ᠦᠵᠡᠰᠭᠦᠯᠡᠩ︾ ᠢᠶᠠᠨ ᠠᠮᠵᠢᠯᠲᠠ ᠲᠠᠢ ᠡᠷᠭᠢᠯᠡᠵᠦ᠂ ᠲᠤᠰ ᠵᠢᠯ ᠤᠨ ᠡᠴᠦᠰ ᠢᠶᠠᠷ ᠭᠦᠭᠡᠬᠤᠳᠠ ᠶᠢᠨ ᠦᠨᠳᠦᠰᠦᠲᠡᠨ ᠤ ᠤᠷᠠᠨ ᠵᠢᠷᠤᠭ ᠤᠨ

ᠣᠷᠳᠣᠨ ᠳᠤ ᠤᠷᠠᠨ ᠪᠢᠴᠢᠯᠭᠡ ᠪᠠᠨ ᠳᠡᠯᠭᠡᠨ ᠦᠵᠡᠭᠦᠯᠵᠦ᠂ 2020 ᠣᠨ ᠳᠤ ︽ᠰᠡᠯᠡᠭᠦᠨ ᠦᠷᠦᠭᠡ ᠶᠢᠨ ᠰᠡᠩᠭᠢᠨᠡᠮ᠎ᠡ ᠦᠨᠦᠷ︾ ᠭᠡᠬᠦ ᠤᠷᠠᠨ ᠪᠢᠴᠢᠯᠭᠡ ᠶᠢᠨ

ᠪᠦᠲᠦᠭᠡᠯ ᠤᠨ ᠲᠡᠭᠦᠪᠦᠷᠢ ᠪᠠᠨ ᠬᠡᠪᠯᠡᠭᠦᠯᠵᠡᠢ᠃

      ᠶᠡᠷᠦᠩᠬᠡᠢ ᠳᠤᠨᠢ ᠦᠵᠡᠪᠡᠯ᠂ ᠤᠷᠠᠨ ᠪᠢᠴᠢᠯᠭᠡ ᠶᠢᠨ ᠪᠦᠲᠦᠭᠡᠯ ᠤᠨ ᠭᠤᠸ᠎ᠠ ᠰᠠᠶᠢᠬᠠᠨ ᠨᠢ ᠭᠤᠣᠯᠳᠠᠭᠤ ᠣᠷᠣᠨ ᠵᠠᠢ ᠶᠢ ᠵᠣᠬᠢᠴᠠᠭᠤᠯᠬᠤ᠂ ᠬᠡᠮᠵᠢᠶ᠎ᠡ ᠶᠢ

ᠵᠣᠬᠢᠴᠠᠭᠤᠯᠬᠤ᠂ ᠭᠡᠯᠪᠡᠷᠢ ᠲᠢᠭ ᠢ ᠵᠣᠬᠢᠴᠠᠭᠤᠯᠬᠤ᠂ ᠥᠩᠭᠡ ᠪᠤᠳᠤᠭ ᠢ ᠵᠣᠬᠢᠴᠠᠭᠤᠯᠬᠤ᠂ ᠠᠭᠤᠯᠭ᠎ᠠ ᠪᠣᠯᠣᠨ ᠭᠡᠯᠪᠡᠷᠢ ᠶᠢ ᠵᠣᠬᠢᠴᠠᠭᠤᠯᠬᠤ ᠵᠡᠷᠭᠡ ᠬᠡᠳᠦᠨ ᠵᠦᠢᠯ

 ᠤᠨ ᠵᠣᠬᠢᠴᠠᠭᠤᠯᠤᠯ ᠤᠨ ᠬᠦᠴᠦᠨ ᠳᠤ ᠪᠡᠶᠡᠯᠡᠭᠳᠡᠳᠡᠭ ᠨᠢ ᠨᠢᠭᠡ ᠵᠦᠢᠯ ᠤᠨ ᠵᠢᠮ᠎ᠡ ᠶᠣᠰᠣ ᠮᠥᠨ ᠭᠡᠵᠦ ᠬᠡᠯᠡᠬᠦ ᠳᠤ ᠪᠤᠷᠤᠭᠤᠳᠠᠬᠤ ᠦᠭᠡᠢ᠃ ᠠᠳᠡ ᠪᠢᠳᠡ ᠵᠣᠬᠢᠴᠠᠯ

 ᠤᠨ ᠤᠳᠬ᠎ᠠ ᠤᠴᠢᠷ ᠢᠶᠠᠷ ᠮᠥᠷᠳᠡᠵᠦ ᠮᠦᠯᠳᠦᠳᠦ ᠰᠠᠶᠢᠬᠠᠨᠴᠢᠮᠡᠭ ᠤᠨ ᠤᠷᠠᠨ ᠪᠢᠴᠢᠯᠭᠡ ᠶᠢᠨ ᠪᠦᠲᠦᠭᠡᠯ ᠢᠶᠠᠷ ᠵᠢᠱᠢᠶ᠎ᠡ ᠪᠣᠯᠭᠠᠨ ᠮᠣᠩᠭᠤᠯ ᠤᠷᠠᠨ ᠪᠢᠴᠢᠯᠭᠡ ᠶᠢᠨ

ᠭᠤᠸ᠎ᠠ ᠰᠠᠶᠢᠬᠠᠨ ᠤ ᠵᠢᠮ᠎ᠡ ᠶᠣᠰᠣ ᠬᠢᠭᠡᠳ ᠣᠨᠴᠠᠯᠢᠭ ᠰᠢᠨᠵᠢ ᠶᠢ ᠠᠵᠢᠭᠯᠠᠵᠤ ᠦᠵᠡᠶ᠎ᠡ᠃

      ᠨᠢᠭᠡ᠂ ᠣᠷᠣᠨ ᠵᠠᠢ ᠶᠢᠨ ᠵᠣᠬᠢᠴᠠᠯ᠃ ᠣᠷᠣᠨ ᠵᠠᠢ ᠶᠢᠨ ᠵᠣᠬᠢᠴᠠᠯ ᠨᠢ ᠭᠠᠳᠠᠷ ᠳᠦᠷᠰᠦ ᠶᠢᠨ ᠭᠤᠸ᠎ᠠ ᠰᠠᠶᠢᠬᠠᠨ ᠢ ᠲᠣᠭᠲᠠᠭᠠᠬᠤ ᠨᠢᠭᠡ ᠴᠢᠬᠤᠯᠠ ᠰᠢᠯᠲᠠᠭᠠᠨ

ᠪᠤᠯᠬᠤ ᠶᠤᠮ᠃ ᠨᠢᠭᠡ ᠤᠷᠠᠨ ᠪᠢᠴᠢᠯᠭᠡ ᠶᠢᠨ ᠪᠦᠲᠦᠭᠡᠯ ᠢ ᠴᠣᠭᠴᠠᠯᠠᠨ ᠪᠠᠶᠢᠭᠤᠯᠬᠤ ᠳᠤ ᠶᠠᠭᠤᠨ ᠤ ᠡᠮᠦᠨ᠎ᠡ ᠴᠠᠭᠠᠰᠤᠨ ᠤ ᠪᠠᠨ ᠬᠡᠮᠵᠢᠶ᠎ᠡ ᠪᠠᠨ ᠦᠨᠳᠦᠰᠦᠯᠡᠵᠦ

ᠦᠰᠦᠭ ᠤᠳ ᠤᠨ ᠣᠷᠣᠨ ᠪᠠᠶᠢᠷᠢ ᠶᠢ ᠲᠣᠬᠢᠷᠠᠭᠤᠯᠵᠤ ᠲᠣᠭᠲᠠᠭᠠᠬᠤ ᠴᠢᠬᠤᠯᠠᠲᠠᠢ᠃ ᠡᠭᠦᠨ ᠳᠤ᠂ ᠭᠠᠷᠴᠠᠭ ᠪᠤᠶᠤ ᠭᠤᠣᠯ ᠪᠤᠯᠬᠤ ᠦᠰᠦᠭ ᠢᠶᠠᠨ ᠠᠯᠢ ᠣᠷᠣᠨ

ᠪᠠᠶᠢᠷᠢ ᠳᠤ ᠪᠢᠴᠢᠬᠦ ᠵᠢᠴᠢ ᠭᠤᠣᠯ ᠠᠭᠤᠯᠭ᠎ᠠ᠂ ᠳᠡᠳ᠋ ᠦᠰᠦᠭ ᠤᠳ ᠬᠢᠭᠡᠳ ᠵᠣᠬᠢᠶᠠᠭᠴᠢ ᠶᠢᠨ ᠨᠡᠷ᠎ᠡ᠂ ᠪᠢᠴᠢᠭᠰᠡᠨ ᠭᠠᠵᠠᠷ ᠣᠷᠣᠨ ᠪᠣᠯᠣᠨ ᠲᠠᠮᠠᠭ᠎ᠠ ᠵᠡᠷᠭᠡ ᠶᠢᠨ

ᠣᠷᠣᠨ ᠪᠠᠶᠢᠷᠢ ᠶᠢ ᠲᠣᠬᠢᠷᠠᠭᠤᠯᠵᠤ ᠲᠣᠭᠲᠠᠭᠠᠨ᠎ᠠ᠃ ᠮᠦᠯᠳᠦᠳᠦ ᠰᠠᠶᠢᠬᠠᠨᠴᠢᠮᠡᠭ ᠤᠨ ᠤᠷᠠᠨ ᠪᠢᠴᠢᠯᠭᠡ ᠶᠢᠨ ᠪᠦᠲᠦᠭᠡᠯ ᠤᠳ ᠢ ᠰᠢᠨᠵᠢᠪᠡᠯ᠂ ᠬᠦᠨᠳᠦᠳᠬᠡᠯ

ᠦᠵᠡᠭᠦᠯᠵᠦ ᠪᠢᠴᠢᠬᠦ ᠠᠷᠭ᠎ᠠ ᠶᠢ ᠬᠡᠷᠡᠭᠯᠡᠨ᠂ ᠭᠠᠷᠴᠠᠭ ᠪᠤᠶᠤ ᠭᠤᠣᠯ ᠪᠤᠯᠬᠤ ᠦᠰᠦᠭ ᠢᠶᠠᠨ ᠴᠠᠭᠠᠰᠤᠨ ᠤ ᠡᠬᠢᠨ ᠳᠤ ᠪᠢᠴᠢᠬᠦ ᠪᠤᠶᠤ ᠴᠠᠭᠠᠰᠤᠨ ᠤ ᠭᠤᠣᠯ ᠳᠤᠮᠳᠠ

ᠪᠡᠶ᠎ᠡ ᠳᠤᠨᠢ ᠪᠢᠴᠢᠵᠦ ᠲᠣᠬᠢᠷᠠᠭᠤᠯᠤᠭᠰᠠᠨ ᠵᠢᠱᠢᠶ᠎ᠡ ᠪᠤᠢ᠃ ᠭᠠᠷᠴᠠᠭ ᠪᠢᠴᠢᠬᠦ ᠦᠭᠡᠢ ᠲᠣᠬᠢᠶᠠᠯᠳᠤᠯ ᠳᠤ ᠭᠤᠣᠯ ᠠᠭᠤᠯᠭ᠎ᠠ ᠬᠢᠭᠡᠳ ᠴᠣᠬᠤᠯᠠᠪᠤᠷᠢ ᠶᠢᠨ ᠣᠷᠣᠨ

ᠪᠠᠶᠢᠷᠢ ᠶᠢ ᠮᠠᠰᠢ ᠲᠣᠬᠢᠲᠠᠢ ᠵᠣᠬᠢᠴᠠᠭᠤᠯᠳᠠᠭ ᠣᠨᠴᠠᠯᠢᠭ ᠲᠠᠢ᠃

      ᠤᠷᠠᠨ ᠪᠢᠴᠢᠯᠭᠡ ᠶᠢᠨ ᠪᠦᠲᠦᠭᠡᠯ ᠳᠤ ᠦᠰᠦᠭ ᠤᠳ ᠤᠨ ᠣᠷᠣᠨ ᠵᠠᠢ ᠠᠴᠠ ᠪᠣᠯᠵᠤ ᠨᠢᠭᠡ ᠵᠦᠢᠯ ᠤᠨ ᠣᠷᠣᠨ ᠪᠠᠶᠢᠷᠢ ᠶᠢᠨ ᠵᠣᠬᠢᠴᠠᠯ ᠬᠢᠭᠡᠳ ᠬᠦᠨᠳᠦᠴᠡ

 ᠶᠢᠨ ᠲᠡᠩᠴᠡᠭᠦᠷᠢᠰᠢᠯ ᠪᠤᠢ ᠪᠤᠯᠳᠠᠭ᠃ ᠦᠰᠦᠭ ᠤᠳ ᠤᠨ ᠣᠷᠣᠨ ᠪᠠᠶᠢᠷᠢ ᠨᠢ ᠨᠢᠭᠡ ᠲᠡᠶᠢᠰᠢ ᠬᠡᠯᠪᠡᠶᠢᠬᠦ ᠳᠤ ᠭᠦᠷᠪᠡᠯ ︽ᠬᠦᠨᠳᠦᠴᠡ︾ ᠶᠢᠨ ᠴᠡᠭ ᠨᠢ ᠲᠣᠬᠢᠷᠠᠭᠰᠠᠨ

ᠣᠷᠣᠨ ᠢᠶᠠᠨ ᠠᠯᠳᠠᠳᠠᠭ ᠠᠴᠠ ᠪᠦᠭᠦᠶᠢᠯᠡ ᠪᠦᠲᠦᠭᠡᠯ ᠤᠨ ᠲᠡᠩᠴᠡᠭᠦᠷᠢᠰᠢᠯ ᠴᠤ ᠠᠯᠳᠠᠭᠳᠠᠬᠤ ᠳᠤ ᠭᠦᠷᠦᠨ᠎ᠡ᠃ ᠦᠰᠦᠭ ᠤᠳ ᠤᠨ ᠵᠠᠢ ᠭᠡᠳᠦ ᠬᠤᠯᠠᠳᠠᠪᠠᠯ

ᠰᠠᠯᠠᠩ ᠵᠠᠳᠠᠭᠠᠢ ᠪᠤᠶᠤ ᠰᠤᠯᠠᠪᠲᠤᠷ ᠲᠥᠷᠥᠭᠳᠡᠯ ᠥᠭᠴᠦ ᠪᠦᠲᠦᠭᠡᠯ ᠤᠨ ᠨᠢᠭᠲᠠᠴᠠ ᠪᠤᠶᠤ ᠬᠦᠨᠳᠦᠴᠡ ᠠᠯᠳᠠᠭᠳᠠᠵᠤ ᠮᠡᠳᠡᠨ᠎ᠡ᠃ ﹇ᠵᠢᠷᠤᠭ 1﹈ ︵︽ᠲᠣᠣᠷᠠᠢ︾

︶ ᠠᠴᠠ ᠭᠠᠷᠴᠠᠭ᠂ ᠭᠤᠣᠯ ᠠᠭᠤᠯᠭ᠎ᠠ ᠬᠢᠭᠡᠳ ᠵᠣᠬᠢᠶᠠᠭᠴᠢ ᠶᠢᠨ ᠨᠡᠷ᠎ᠡ ᠵᠢᠴᠢ ᠲᠠᠮᠠᠭ᠎ᠠ ᠶᠢᠨ ᠣᠷᠣᠨ ᠪᠠᠶᠢᠷᠢ ᠶᠢᠨ ᠵᠣᠬᠢᠴᠠᠯ ᠢ ᠣᠯᠵᠤ ᠬᠠᠷᠠᠨ᠎ᠠ᠃ ᠠᠳᠡ ᠭᠠᠷᠴᠠᠭ

 ᠢ ᠪᠦᠭᠦ ᠴᠠᠭᠠᠰᠤᠨ ᠤ ᠡᠮᠦᠨ᠎ᠡ ᠭᠤᠷᠪᠠᠨ ᠤ ᠬᠤᠶᠠᠷ ᠰᠢᠬᠠᠮ ᠵᠠᠢ ᠡᠵᠡᠯᠡᠭᠦᠯᠵᠦ᠂ ᠭᠤᠣᠯ ᠠᠭᠤᠯᠭ᠎ᠠ ᠪᠠᠨ ᠪᠢᠴᠢᠬᠦ ᠳᠡᠭᠡᠨ ᠭᠠᠷᠴᠠᠭ ᠠᠴᠠ ᠵᠣᠬᠢᠬᠤ ᠠᠮᠢᠰᠬᠤᠯ ᠤᠨ

ᠵᠠᠢ ᠭᠠᠷᠭᠠᠵᠤ᠂ ᠮᠥᠷ ᠤᠳ ᠤᠨ ᠡᠬᠢᠯᠡᠯ ᠬᠢᠭᠡᠳ ᠲᠡᠭᠦᠰᠦᠯ ᠤᠨ ᠵᠠᠢ ᠶᠢ ᠠᠯᠢ ᠪᠤᠯᠬᠤ ᠪᠠᠷ ᠴᠠᠭᠠᠰᠤᠨ ᠤ ᠬᠥᠪᠡᠭᠡᠨ ᠠᠴᠠ ᠠᠳᠠᠯᠢᠪᠲᠤᠷ ᠵᠠᠶᠢᠲᠠᠢ ᠪᠠᠶᠢᠯᠭᠠᠬᠤ ᠪᠠᠷ

ᠲᠣᠬᠢᠷᠠᠭᠤᠯᠤᠭᠰᠠᠨ ᠪᠠᠶᠢᠭ᠎ᠠ ᠨᠢ ᠮᠡᠳᠡᠭᠳᠡᠨ᠎ᠡ᠃ ᠡᠨᠡ ᠪᠣᠯ ᠣᠷᠣᠨ ᠵᠠᠢ ᠶᠢᠨ ᠵᠣᠬᠢᠴᠠᠯ ᠤᠨ ᠭᠤᠸ᠎ᠠ ᠰᠠᠶᠢᠬᠠᠨ ᠪᠤᠯᠬᠤ ᠶᠤᠮ᠃

      ᠬᠤᠶᠠᠷ᠂ ᠬᠡᠮᠵᠢᠶ᠎ᠡ ᠶᠢᠨ ᠵᠣᠬᠢᠴᠠᠯ᠃ ᠣᠯᠠᠩᠬᠢ ᠤᠷᠠᠯᠢᠭ ᠲᠤ ᠭᠡᠮ ᠬᠡᠮᠵᠢᠶᠡᠨ ᠤ ᠵᠣᠬᠢᠴᠠᠯ ᠢ ᠴᠢᠩᠭ᠎ᠠ ᠠᠩᠬᠠᠷᠳᠠᠭ᠃ ᠤᠴᠢᠷ ᠨᠢ᠂ ᠭᠡᠮ ᠬᠡᠮᠵᠢᠶᠡᠨ ᠤ

ᠵᠣᠬᠢᠴᠠᠯ ᠢ ᠠᠯᠳᠠᠪᠠᠯ ᠤᠷᠠᠯᠢᠭ ᠤᠨ ᠭᠤᠸ᠎ᠠ ᠰᠠᠶᠢᠬᠠᠨ ᠤ ᠦᠨ᠎ᠡ ᠦᠷᠳᠡᠭ ᠢ ᠪᠠᠭᠤᠷᠠᠭᠤᠯᠤᠨ᠎ᠠ᠃ ᠦᠰᠦᠭ ᠤᠨ ᠬᠡᠮᠵᠢᠶ᠎ᠡ ᠶᠢ ᠵᠣᠬᠢᠴᠠᠭᠤᠯᠬᠤ ᠨᠢ ᠤᠷᠠᠨ ᠪᠢᠴᠢᠯᠭᠡ

 ᠶᠢᠨ ᠪᠦᠲᠦᠭᠡᠯ ᠤᠨ ᠵᠠᠪᠠᠯ ᠵᠢᠷᠤᠮᠯᠠᠬᠤ ᠨᠢᠭᠡ ᠵᠠᠷᠴᠢᠮ ᠮᠥᠨ᠃ ᠦᠰᠦᠭ ᠤᠨ ᠬᠡᠮᠵᠢᠶᠡᠨ ᠤ ᠵᠣᠬᠢᠴᠠᠯ ᠳᠤ ᠦᠰᠦᠭ ᠤᠨ ᠶᠡᠭᠡ ᠪᠠᠭ᠎ᠠ ᠶᠢᠨ ᠵᠣᠬᠢᠴᠠᠯ᠂ ᠦᠰᠦᠭ ᠤᠨ

ᠨᠠᠷᠢᠨ ᠪᠦᠳᠦᠭᠦᠨ ᠤ ᠵᠣᠬᠢᠴᠠᠯ ᠵᠢᠴᠢ ᠪᠢᠷ ᠤᠨ ᠡᠷᠭᠦᠯᠲᠡ ᠳᠠᠷᠤᠯᠲᠠ ᠶᠢᠨ ᠵᠣᠬᠢᠴᠠᠯ᠂ ᠪᠡᠭᠡ ᠪᠤᠳᠤᠭ ᠤᠨ ᠭᠦᠨ ᠭᠦᠢᠬᠡᠨ ᠤ ᠵᠣᠬᠢᠴᠠᠯ ᠪᠠᠭᠲᠠᠭᠳᠠᠬᠤ ᠪᠣᠯᠣᠨ᠎ᠠ᠃

ᠮᠦᠯᠳᠦᠳᠦ ᠰᠠᠶᠢᠬᠠᠨᠴᠢᠮᠡᠭ ᠤᠨ ᠤᠷᠠᠨ ᠪᠢᠴᠢᠯᠭᠡ ᠶᠢᠨ ᠪᠦᠲᠦᠭᠡᠯ ᠳᠤ ᠭᠡᠮ ᠬᠡᠮᠵᠢᠶ᠎ᠡ ᠶᠢ ᠵᠣᠬᠢᠴᠠᠭᠤᠯᠬᠤ ᠳᠠᠭᠠᠨ ᠦᠰᠦᠭ ᠤᠨ ᠶᠡᠭᠡ ᠪᠠᠭ᠎ᠠ ᠶᠢᠨ ᠲᠣᠬᠢᠷᠠᠭᠰᠠᠨ

ᠬᠠᠷᠢᠴᠠᠯ ᠢ ᠲᠤᠩ ᠠᠩᠬᠠᠷᠤᠯ ᠳᠠᠭᠠᠨ ᠠᠪᠴᠤ᠂ ᠪᠣᠳᠠᠲᠤ ᠪᠠᠶᠢᠳᠠᠯ ᠢᠶᠠᠨ ᠦᠵᠡᠵᠦ ᠠᠮᠢᠳᠤᠯᠢᠭ ᠢᠶᠠᠷ ᠡᠵᠡᠮᠰᠢᠭᠰᠡᠨ ᠣᠨᠴᠠᠯᠢᠭ ᠬᠠᠷᠠᠭᠳᠠᠨ᠎ᠠ᠃

      ᠭᠤᠷᠪᠠ᠂ ᠭᠡᠯᠪᠡᠷᠢ ᠲᠢᠭ ᠤᠨ ᠵᠣᠬᠢᠴᠠᠯ᠃ ︽ᠮᠣᠩᠭᠤᠯ ᠤᠷᠠᠨ ᠪᠢᠴᠢᠯᠭᠡ ᠪᠤᠢ ᠪᠣᠯᠤᠭᠰᠠᠨ ᠲᠡᠷᠡ ᠴᠠᠭ ᠦᠶ᠎ᠡ ᠠᠴᠠ ᠪᠠᠨ ᠤᠳᠤ ᠪᠣᠯᠵᠤ ᠢᠷᠡᠭᠡᠳ ᠲᠥᠪ

ᠪᠢᠴᠢᠯᠭᠡ᠂ ᠲᠠᠲᠠᠯᠠᠭᠠᠨ ᠪᠢᠴᠢᠯᠭᠡ᠂ ᠲᠦᠷᠭᠡᠨ ᠪᠢᠴᠢᠯᠭᠡ᠂ ᠡᠪᠬᠡᠮᠡᠯ ᠪᠢᠴᠢᠯᠭᠡ ᠪᠣᠯᠣᠨ ᠲᠠᠮᠠᠭ᠎ᠠ ᠰᠡᠶᠢᠯᠦᠮᠡᠯ ᠤᠨ ᠪᠢᠴᠢᠯᠭᠡ ᠵᠡᠷᠭᠡ ᠤᠯᠠᠨ ᠵᠦᠢᠯ ᠤᠨ ᠲᠢᠭ ᠭᠡᠯᠪᠡᠷᠢ

 ᠲᠠᠢ ᠪᠠᠷ ᠬᠥᠭᠵᠢᠨ ᠴᠡᠴᠡᠭᠯᠡᠵᠦ ᠪᠠᠶᠢᠨ᠎ᠠ︾ ᠭᠡᠵᠦ ᠤᠷᠠᠨ ᠪᠢᠴᠢᠯᠭᠡᠲᠡᠨ ᠪᠠᠢ ᠪᠦᠭᠡ ᠶᠠᠷᠢᠵᠤ ᠥᠩᠭᠡᠷᠡᠭᠰᠡᠨ ᠶᠤᠮ᠃ ᠤᠳᠤ ᠦᠶ᠎ᠡ ᠶᠢᠨ ᠤᠷᠠᠨ ᠪᠢᠴᠢᠯᠭᠡᠲᠡᠳ ᠤᠨ

ᠪᠢᠴᠢᠯᠭᠡ ᠶᠢᠨ ᠲᠢᠭ ᠭᠡᠯᠪᠡᠷᠢ ᠨᠢ ᠥᠪᠡᠷ ᠥᠪᠡᠷ ᠤᠨ ᠢᠶᠠᠨ ᠥᠪᠡᠷᠮᠢᠴᠡ ᠣᠨᠴᠠᠯᠢᠭ ᠲᠠᠢ᠃ ︽ᠬᠠᠸᠠᠩᠵᠠᠪ ᠪᠣᠯ ᠬᠠᠮᠤᠭ ᠠᠩᠬᠠᠨ ᠤ ᠲᠥᠪ ᠪᠢᠴᠢᠯᠭᠡ ᠶᠢᠨ

ᠲᠢᠲᠢᠮ ᠪᠣᠯᠣᠨ ᠠᠴᠤᠭ ᠢ ᠲᠤᠶᠢᠯ ᠤᠨ ᠣᠨᠴᠠᠯᠢᠭ ᠲᠠᠢ ᠬᠤᠪᠢᠷᠠᠯᠲᠠ ᠭᠠᠷᠭᠠᠭᠰᠠᠨ ᠬᠥᠮᠥᠨ᠂ ᠪᠢᠴᠢᠯᠭᠡ ᠨᠢ ᠴᠡᠪᠡᠷ ᠲᠡᠭᠰᠢᠬᠡᠨ᠂ ᠰᠦᠷᠯᠢᠭ ᠢᠳᠡᠷᠡᠭᠦᠨ᠂ ᠪᠠᠳᠠᠷᠠᠭᠤᠨ

ᠬᠦᠴᠦᠯᠢᠭ᠂ ᠦᠰᠦᠭ ᠤᠨ ᠨᠢᠷᠤᠭᠤ ᠠᠰ ᠰᠢᠯᠤᠭᠤᠨ᠂ ᠠᠴᠤᠭ ᠰᠢᠯᠪᠢ ᠵᠢᠭᠳᠡ ᠲᠡᠭᠰᠢ᠂ ᠲᠣᠯᠣᠭᠠᠢ ᠰᠡᠭᠦᠯ ᠨᠢ ᠲᠡᠩᠴᠡ ᠰᠠᠴᠠᠭᠤ᠂ ᠣᠷᠬᠢᠴᠠ ᠴᠠᠴᠤᠯᠭ᠎ᠠ ᠨᠢ

ᠡᠪᠯᠢᠭ ᠥᠪᠡᠷᠮᠢᠴᠡ︾   ︵ᠪᠠᠶᠠᠯᠢᠭ ᠤᠨ ᠥᠭᠦᠯᠡᠯ ᠠᠴᠠ︶᠂ ᠦᠰᠦᠭ ᠤᠨ ᠲᠢᠭ ᠭᠡᠯᠪᠡᠷᠢ ᠨᠢ ᠨᠠᠷᠢᠬᠠᠨ ᠰᠤᠭᠳᠠᠭᠠᠷ᠂ ᠭᠤᠪᠠᠢ ᠬᠡᠭᠡᠨᠴᠢᠷ᠂ ᠬᠤᠷᠴᠠ ᠮᠡᠷᠭᠡᠨ ;

ᠴᠧᠨ ᠴᠢᠩ ᠶᠦᠨ ᠤ ᠪᠢᠴᠢᠯᠭᠡ ᠶᠢᠨ ᠲᠢᠭ ᠴᠡᠪᠡᠷ ᠴᠡᠮᠴᠡᠭᠡᠷ᠂ ᠢᠳᠡ ᠬᠠᠪᠤᠯᠢᠭ᠂ ᠰᠡᠷᠭᠦᠯᠡᠩ ᠲᠣᠳᠣ ; ᠡᠷᠳᠡᠨᠢᠪᠥ᠋ᠬᠡ ᠶᠢᠨ ᠲᠢᠭ ᠭᠡᠯᠪᠡᠷᠢ ᠢᠳᠡᠷᠡᠭᠦᠨ

ᠪᠠᠳᠠᠷᠠᠭᠤᠨ᠂ ᠢᠳᠡ ᠬᠦᠴᠦᠯᠢᠭ᠂ ᠯᠠᠭᠱᠠᠨ ᠲᠡᠭᠦᠯᠳᠡᠷ ; ᠪᠤᠤᠱᠠᠨ ᠤ ᠲᠢᠭ ᠭᠡᠯᠪᠡᠷᠢ ᠠᠭᠤᠳᠠᠮ ᠠᠮᠢᠰᠬᠤᠯ ᠲᠠᠢ᠂ ᠠᠭᠤᠵᠢᠮ ᠴᠡᠭᠡᠵᠢ ᠲᠠᠢ᠂ ᠰᠦᠷ ᠵᠢᠪᠬᠤᠭ᠎ᠠ ᠲᠠᠢ᠂

ᠬᠠᠳᠠᠨ ᠪᠠᠲᠤ᠂ ᠡᠷᠴᠢ ᠭᠦᠴᠦᠳᠡᠢ; ︽ᠮᠢᠷᠠᠯᠵᠠᠮ᠎ᠠ ᠲᠢᠭ ᠤᠨ ᠡᠭᠦᠳᠦᠭᠴᠢ︾ ᠭᠡᠭᠳᠡᠭᠰᠡᠨ ᠪᠠᠢ ᠪᠦᠭᠡ ᠶᠢᠨ ᠲᠢᠭ ᠭᠡᠯᠪᠡᠷᠢ ᠤᠷᠠᠨ ᠪᠥᠵᠢᠭ ᠨᠠᠬᠢᠯᠵᠠᠬᠤ ᠰᠢᠭ᠋

ᠮᠢᠷᠠᠯᠵᠠᠮ᠎ᠠ ᠭᠠᠩᠬᠤᠮ᠎ᠠ  ᠁ ᠭᠡᠬᠦ ᠮᠡᠲᠦ᠃

      ᠮᠦᠯᠳᠦᠳᠦ ᠰᠠᠶᠢᠬᠠᠨᠴᠢᠮᠡᠭ ᠣᠬᠤᠷᠬᠠᠨ ᠬᠡᠳᠦᠨ ᠵᠢᠯ ᠤᠨ ᠳᠣᠲᠣᠷ᠎ᠠ ᠰᠢᠷᠭᠠᠭᠤ ᠬᠠᠲᠠᠭᠤᠵᠢᠯᠲᠠᠢ ᠪᠢᠴᠢᠵᠦ ᠤᠷᠤᠯᠳᠤᠨ᠂ ᠲᠡᠳᠡᠭᠡᠷ ᠤᠷᠠᠨ ᠪᠢᠴᠢᠯᠭᠡᠲᠡᠳ

 ᠠᠴᠠ ᠰᠤᠷᠤᠯᠴᠠᠬᠤ ᠶᠢᠨ ᠬᠠᠮᠲᠤ ᠥᠪᠡᠷ ᠤᠨ ᠢᠶᠠᠨ ᠬᠡᠪ ᠰᠢᠨᠵᠢ ᠥᠪᠡᠷᠮᠢᠴᠡ ᠣᠨᠴᠠᠯᠢᠭ ᠢᠶᠠᠨ ᠪᠦᠷᠢᠯᠳᠦᠭᠦᠯᠬᠦ ᠪᠠᠷ ᠮᠡᠷᠡᠶᠢᠵᠦ ᠢᠷᠡᠵᠡᠢ᠃ ᠲᠡᠷᠡ ᠪᠠᠷ ᠲᠥᠪ

ᠪᠢᠴᠢᠯᠭᠡ᠂ ᠲᠠᠲᠠᠯᠠᠭᠠᠨ ᠪᠢᠴᠢᠯᠭᠡ᠂ ᠤᠶᠢᠭᠤᠷᠵᠢᠨ ᠪᠢᠴᠢᠯᠭᠡ᠂ ᠲᠦᠷᠭᠡᠨ ᠪᠢᠴᠢᠯᠭᠡ᠂ ᠡᠪᠬᠡᠮᠡᠯ ᠪᠢᠴᠢᠯᠭᠡ ᠵᠡᠷᠭᠡ ᠬᠡᠳᠦᠨ ᠵᠦᠢᠯ ᠤᠨ ᠲᠢᠭ ᠭᠡᠯᠪᠡᠷᠢ ᠪᠠᠷ ᠪᠦᠷ ᠪᠢᠴᠢᠳᠡᠭ

ᠪᠤᠯᠪᠠᠴᠤ ᠲᠥᠪ ᠪᠢᠴᠢᠯᠭᠡ ᠨᠢ ᠬᠠᠰᠢᠯᠠ ᠲᠡᠭᠦᠨ ᠤ ᠭᠤᠣᠯᠳᠠᠯᠭ᠎ᠠ ᠲᠠᠢ ᠣᠷᠣᠯᠳᠣᠯᠭ᠎ᠠ ᠪᠣᠯᠣᠨ᠎ᠠ᠃ ᠲᠡᠭᠦᠨ ᠤ︽ᠰᠡᠯᠡᠭᠦᠨ ᠦᠷᠦᠭᠡ ᠶᠢᠨ ᠰᠡᠩᠭᠢᠨᠡᠮ᠎ᠡ ᠦᠨᠦᠷ︾

ᠭᠡᠬᠦ ᠲᠡᠭᠦᠪᠦᠷᠢ ᠳᠠᠬᠢ ᠳᠥᠴᠢᠨ ᠲᠤᠯᠤᠭᠠᠨ ᠪᠦᠲᠦᠭᠡᠯ ᠤᠨ ᠳᠣᠲᠣᠷ᠎ᠠ ᠬᠤᠷᠢᠨ ᠵᠢᠷᠭᠤᠭᠠᠨ ᠪᠦᠲᠦᠭᠡᠯ ᠨᠢ ᠲᠥᠪ ᠪᠢᠴᠢᠯᠭᠡ ᠪᠠᠶᠢᠵᠤ᠂ ᠪᠦᠭᠦ ᠪᠦᠲᠦᠭᠡᠯ ᠤᠨ ᠬᠢᠨᠢ

55% ᠶᠢ ᠡᠵᠡᠯᠡᠵᠦ ᠪᠤᠢ᠃ ᠪᠤᠰᠤᠳ ᠪᠦᠲᠦᠭᠡᠯ ᠳᠤᠨᠢ ᠲᠠᠲᠠᠯᠠᠭᠠᠨ ᠪᠢᠴᠢᠯᠭᠡ᠂ ᠲᠦᠷᠭᠡᠨ ᠪᠢᠴᠢᠯᠭᠡ᠂ ᠤᠶᠢᠭᠤᠷᠵᠢᠨ ᠪᠢᠴᠢᠯᠭᠡ᠂ ᠡᠪᠬᠡᠮᠡᠯ ᠪᠢᠴᠢᠯᠭᠡ ᠵᠡᠷᠭᠡ ᠬᠡᠳᠦᠨ

ᠵᠦᠢᠯ ᠤᠨ ᠲᠢᠭ ᠭᠡᠯᠪᠡᠷᠢ ᠪᠦᠷ ᠪᠤᠢ᠃  ᠮᠦᠯᠳᠦᠳᠦ ᠰᠠᠶᠢᠬᠠᠨᠴᠢᠮᠡᠭ ᠤᠨ ᠪᠢᠴᠢᠯᠭᠡ ᠶᠢᠨ ᠭᠡᠯᠪᠡᠷᠢ ᠲᠢᠭ ᠬᠠᠨᠠᠭᠠᠷ ᠴᠢᠯᠦᠭᠡᠲᠡᠢ᠂ ᠥᠨᠢᠷ ᠠᠭᠤᠳᠠᠮ᠂ ᠴᠤᠭ ᠵᠤᠯᠪᠤᠭ᠎ᠠ

ᠲᠡᠭᠦᠯᠳᠡᠷ᠂ ᠬᠥᠮᠥᠰ ᠲᠤ ᠵᠥᠭᠡᠯᠡᠨ ᠨᠦᠮᠵᠦᠭ ᠪᠦᠰᠡᠭᠦᠢ ᠬᠥᠮᠥᠨ ᠤ ᠪᠦᠲᠦᠭᠡᠯ ᠪᠢᠰᠢ ᠬᠠᠷᠢᠨ ᠡᠷᠴᠢ ᠵᠣᠷᠢᠭ ᠲᠠᠢ ᠰᠦᠷ ᠵᠢᠪᠬᠤᠭ᠎ᠠ ᠲᠠᠢ ᠡᠷ᠎ᠡ ᠬᠥᠮᠥᠨ ᠤ

ᠪᠦᠲᠦᠭᠡᠯ ᠭᠡᠬᠦ ᠠᠳᠡᠭᠦᠦ ᠰᠡᠷᠡᠭᠳᠡᠯ ᠦᠭᠳᠡᠭ᠃  ﹇ᠵᠢᠷᠤᠭ 2﹈       ︵︽ᠬᠥᠮᠥᠨ ᠴᠢᠯᠠᠭᠤ︾︶

      ᠳᠥᠷᠪᠡ᠂ ᠥᠩᠭᠡ ᠪᠤᠳᠤᠭ ᠤᠨ ᠵᠣᠬᠢᠴᠠᠯ᠃ ᠥᠩᠭᠡ ᠪᠤᠳᠤᠭ ᠢ ᠵᠣᠬᠢᠴᠠᠭᠤᠯᠬᠤ ᠨᠢ ᠬᠠᠷᠠᠭᠠᠨ ᠰᠡᠷᠡᠯ ᠤᠨ ᠤᠷᠠᠯᠢᠭ ᠤᠨ ᠪᠠᠷᠢᠮᠲᠠᠯᠠᠬᠤ ᠶᠣᠰᠣᠲᠠᠢ ᠬᠠᠮᠤᠭ

ᠴᠢᠬᠤᠯᠠ ᠵᠠᠷᠴᠢᠮ ᠤᠨ ᠨᠢᠭᠡ ᠮᠥᠨ᠃ ᠤᠷᠠᠨ ᠪᠢᠴᠢᠯᠭᠡ ᠣᠯᠠᠩᠬᠢ ᠳᠠᠭᠠᠨ ᠴᠠᠭᠠᠨ ᠴᠠᠭᠠᠰᠤ᠂ ᠬᠠᠷ᠎ᠠ ᠦᠰᠦᠭ ᠤᠯᠠᠭᠠᠨ ᠲᠠᠮᠠᠭ᠎ᠠ ᠪᠠᠷ ᠪᠦᠷᠢᠯᠳᠦᠳᠦᠭ᠃

ᠮᠦᠯᠳᠦᠳᠦ ᠰᠠᠶᠢᠬᠠᠨᠴᠢᠮᠡᠭ ᠤᠨ ᠤᠷᠠᠨ ᠪᠢᠴᠢᠯᠭᠡ ᠶᠢᠨ ᠪᠦᠲᠦᠭᠡᠯ ᠳᠤ ᠦᠰᠦᠭ ᠢᠶᠠᠨ ᠪᠠᠷᠤᠭ ᠪᠦᠷ ᠬᠠᠷ᠎ᠠ ᠥᠩᠭᠡ ᠪᠠᠷ ᠪᠢᠴᠢᠵᠦ᠂ ᠲᠠᠮᠠᠭ᠎ᠠ ᠪᠠᠨ ᠳᠠᠷᠤᠬᠤ ᠳᠠᠭᠠᠨ

ᠤᠯᠠᠭᠠᠨ ᠥᠩᠭᠡ ᠶᠢ ᠰᠣᠩᠭᠤᠵᠤ ᠬᠡᠷᠡᠭᠯᠡᠵᠡᠢ᠃ ᠪᠦᠲᠦᠭᠡᠯ ᠤᠨ ᠭᠤᠣᠯᠳᠠᠯᠭ᠎ᠠ ᠲᠠᠢ ᠦᠰᠦᠭ ᠢᠶᠠᠨ ᠤᠯᠠᠭᠠᠨ ᠥᠩᠭᠡ ᠪᠠᠷ ᠲᠣᠳᠣᠳᠬᠠᠨ ᠤᠯᠠᠭᠠᠨ ᠥᠩᠭᠡ ᠪᠠᠷ

ᠪᠤᠳᠤᠭ ᠣᠷᠣᠭᠤᠯᠵᠤ ᠴᠢᠮᠡᠭᠰᠡᠨ ᠵᠢᠱᠢᠶ᠎ᠡ ᠮᠠᠰᠢ ᠴᠥᠭᠡᠨ ᠲᠣᠬᠢᠶᠠᠯᠳᠤᠨ᠎ᠠ᠃ ᠴᠠᠭᠠᠰᠤᠨ ᠤ ᠥᠩᠭᠡ ᠨᠢ ᠭᠦᠢᠬᠡᠨ ᠰᠢᠷᠭᠠᠯ᠂ ᠭᠦᠢᠬᠡᠨ ᠬᠦᠷᠡᠩ ᠥᠩᠭᠡ ᠪᠠᠷ

ᠭᠤᠣᠯᠯᠠᠵᠤ ᠬᠠᠶᠠ ᠮᠠᠰᠢ ᠭᠦᠢᠬᠡᠨ ᠨᠣᠭᠤᠪᠲᠤᠷ ᠥᠩᠭᠡ ᠴᠤ ᠳᠠᠭᠠᠯᠳᠤᠵᠤ ᠪᠠᠶᠢᠨ᠎ᠠ᠃ ᠭᠦᠢᠬᠡᠨ ᠰᠢᠷᠭᠠᠯ ᠥᠩᠭᠡ ᠶᠢᠨ ᠴᠠᠭᠠᠰᠤᠨ ᠳᠡᠭᠡᠷ᠎ᠡ ᠭᠦᠨ ᠰᠢᠭ ᠰᠢᠷᠠᠪᠲᠤᠷ

ᠥᠩᠭᠡ ᠪᠠᠷ ᠬᠡᠳᠦᠨ ᠬᠡᠰᠡᠭ ᠳᠥᠷᠪᠡᠯᠵᠢᠯᠡᠨ ᠶᠠᠩᠵᠤᠯᠠᠵᠤ ᠲᠡᠭᠦᠨ ᠳᠡᠭᠡᠷ᠎ᠡ ᠦᠰᠦᠭ ᠤᠨ ᠲᠤᠭ᠎ᠠ ᠪᠠᠨ ᠲᠡᠩᠴᠡᠭᠦᠯᠡᠨ ᠬᠤᠪᠢᠶᠠᠵᠤ ᠪᠢᠴᠢᠭᠰᠡᠨ ᠵᠢᠱᠢᠶ᠎ᠡ ᠴᠤ

ᠲᠣᠬᠢᠶᠠᠯᠳᠤᠨ᠎ᠠ᠃︽ᠪᠢᠯᠢᠭ ᠰᠤᠷᠭᠠᠯ︾ ᠭᠡᠬᠦ ᠪᠦᠲᠦᠭᠡᠯ ᠤᠨ ᠴᠠᠭᠠᠰᠤ ᠪᠣᠯ ᠭᠤᠷᠪᠠᠨ ᠥᠩᠭᠡ ᠶᠢ ᠵᠦᠰᠦᠮᠯᠡᠨ᠂ ᠳᠤᠮᠳᠠᠬᠢ ᠨᠢ ᠤᠯᠠᠭᠠᠨ᠂ ᠬᠤᠶᠠᠷ ᠲᠠᠯ᠎ᠠ ᠪᠠᠷ ᠨᠢ

ᠨᠠᠷᠢᠬᠠᠨ ᠴᠠᠭᠠᠨ ᠰᠤᠳᠠᠰᠤ ᠲᠠᠢ᠂ ᠭᠠᠳᠠᠭᠤᠷ ᠬᠤᠶᠠᠷ ᠲᠠᠯ᠎ᠠ ᠳᠤ ᠨᠢ ᠰᠢᠷᠭᠠᠯ ᠥᠩᠭᠡ ᠲᠠᠢ᠃ ᠡᠶᠢᠮᠦᠷᠬᠦᠦ ᠥᠩᠭᠡ ᠪᠤᠳᠤᠭ ᠢ ᠨᠢ ᠵᠣᠬᠢᠴᠠᠭᠤᠯᠤᠭᠰᠠᠨ ᠪᠦᠲᠦᠭᠡᠯ

 ᠨᠢ ᠦᠵᠡᠬᠦ ᠳᠤ ᠲᠠᠭᠠᠯᠠᠮᠵᠢᠲᠠᠢ ᠦᠨᠡᠯᠡᠬᠦ ᠳᠤ ᠢᠲᠡᠭᠡᠮᠵᠢᠲᠡᠢ᠃

      ᠲᠠᠪᠤ᠂ ᠠᠭᠤᠯᠭ᠎ᠠ ᠪᠠ ᠭᠡᠯᠪᠡᠷᠢ ᠶᠢᠨ ᠵᠣᠬᠢᠴᠠᠯ᠃ ᠮᠡᠳᠡᠭᠡᠵᠢ᠂ ᠮᠣᠩᠭᠤᠯ ᠦᠰᠦᠭ ᠪᠣᠯ ᠳᠦᠷᠰᠦᠲᠦ ᠦᠰᠦᠭ ᠪᠢᠰᠢ᠃ ᠲᠡᠶᠢᠮᠦ ᠪᠣᠯᠬᠤᠷ ᠦᠰᠦᠭ ᠤᠨ

ᠠᠭᠤᠯᠭ᠎ᠠ ᠬᠢᠭᠡᠳ ᠭᠡᠯᠪᠡᠷᠢ ᠨᠢ ᠳᠡᠳᠦᠶᠢᠯᠡ ᠬᠤᠯᠪᠣᠭᠳᠠᠬᠤ ᠦᠭᠡᠢ᠃ ᠭᠡᠪᠡᠴᠦ᠂ ᠤᠷᠠᠨ ᠪᠢᠴᠢᠯᠭᠡᠲᠡᠳ ᠤᠨ ᠪᠦᠲᠦᠭᠡᠯ ᠨᠢ ᠬᠠᠶᠠ ᠳᠠᠭᠠᠨ ᠠᠭᠤᠯᠭ᠎ᠠ ᠭᠡᠯᠪᠡᠷᠢ ᠶᠢ

ᠵᠣᠬᠢᠬᠤ ᠬᠡᠮᠵᠢᠶ᠎ᠡ ᠪᠠᠷ ᠤᠶᠠᠯᠳᠤᠭᠤᠯᠤᠨ ᠨᠢᠭᠡᠳᠬᠡᠭᠰᠡᠨ ᠪᠠᠶᠢᠳᠠᠭ᠃ ᠵᠢᠱᠢᠶᠡᠯᠡᠪᠡᠯ᠂ ᠬᠠᠶᠢᠱᠠᠨ ᠤ ᠪᠦᠲᠦᠭᠡᠯ ︽ᠯᠤᠤ︾ ᠨᠢ ᠡᠭᠦᠯᠡᠨ᠎ᠡ ᠳᠡᠭᠳᠡᠬᠦ ᠠᠪᠤᠷᠭᠤ ᠯᠤᠤ ᠶᠢᠨ

ᠳᠦᠷᠢ ᠶᠢ ᠰᠠᠨᠠᠭᠳᠠᠭᠤᠯᠤᠨ᠎ᠠ ; ︽ᠮᠡᠷᠭᠡᠯ ᠤᠨ ᠮᠢᠩᠭᠠᠨ ᠮᠤᠷᠤᠢ︾ ᠨᠢ ᠮᠡᠷᠭᠡᠯ ᠭᠤᠣᠯ ᠤᠨ ᠮᠤᠷᠤᠢ ᠰᠠᠷᠤᠢ ᠤᠷᠠᠨ ᠨᠤᠭᠤᠯᠤᠭ᠎ᠠ ᠶᠢ ᠬᠠᠷᠠᠬᠳᠠᠭᠤᠯᠤᠮᠠᠷ; ︽

ᠡᠭᠦᠯᠡ︾ ᠨᠢ ᠵᠣᠬᠢᠬᠤ ᠬᠡᠮᠵᠢᠶᠡᠨ ᠳᠡᠭᠡᠷ᠎ᠡ ᠲᠡᠭᠷᠢ ᠳᠤ ᠭᠦᠪᠭᠦ ᠡᠭᠦᠯᠡᠰ ᠤᠨ ᠳᠦᠷᠢ ᠲᠠᠢ; ︽ᠬᠦᠷᠬᠢᠷ᠎ᠡ︾ ᠭᠡᠬᠦ ᠪᠦᠲᠦᠭᠡᠯ ᠤᠨ ᠬᠢᠨᠢ ᠴᠠᠴᠤᠯᠭ᠎ᠠ ᠶᠢ ᠦᠨᠡᠬᠡᠷ

ᠬᠦᠷᠬᠢᠷ᠎ᠡ ᠰᠢᠭ ᠳᠡᠭᠡᠷ᠎ᠡ ᠠᠴᠠ ᠳᠣᠷᠣᠭᠰᠢ ᠴᠢᠳᠬᠤᠭᠤᠯᠤᠨ ᠪᠠᠭᠤᠯᠭᠠᠭᠰᠠᠨ ᠵᠡᠷᠭᠡ ᠣᠨᠴᠠᠯᠢᠭ ᠲᠠᠢ᠃ ᠽᠠᠨᠳᠠᠷ᠎ᠠ ᠶᠢᠨ ︽ᠤᠷᠭ᠎ᠠ ᠴᠠᠯᠮ᠎ᠠ ᠪᠠᠷ ᠣᠷᠤᠭ᠎ᠠ ᠬᠠᠩᠭᠠᠯ

 ᠢ ᠪᠠᠷᠢᠨᠠᠮ︾ ᠭᠡᠬᠦ ᠪᠦᠲᠦᠭᠡᠯ ᠳᠠᠬᠢ︽ᠤᠷᠭ᠎ᠠ ᠴᠠᠯᠮ᠎ᠠ︾ ᠭᠡᠬᠦ ᠬᠤᠶᠠᠷ ᠦᠰᠦᠭ ᠨᠢ ᠬᠡᠯᠬᠢᠶᠡᠷᠡᠯᠳᠦᠨ ᠣᠷᠢᠶᠠᠯᠳᠤᠭᠰᠠᠨ ᠤᠷᠭ᠎ᠠ ᠴᠠᠯᠮ᠎ᠠ ᠲᠠᠢ ᠦᠨᠡᠬᠡᠷ ᠲᠥᠰᠲᠡᠢ

ᠭᠠᠵᠠᠷ ᠪᠤᠢ᠃

      ᠮᠦᠯᠳᠦᠳᠦ ᠰᠠᠶᠢᠬᠠᠨᠴᠢᠮᠡᠭ ᠵᠣᠬᠢᠶᠠᠯᠴᠢ ᠬᠥᠮᠥᠨ ᠪᠣᠯᠬᠤᠷ ᠤᠷᠠᠨ ᠪᠢᠴᠢᠯᠭᠡ ᠶᠢᠨ ᠪᠦᠲᠦᠭᠡᠯ ᠳᠠᠬᠢ ᠠᠭᠤᠯᠭ᠎ᠠ ᠭᠡᠯᠪᠡᠷᠢ ᠶᠢᠨ ᠨᠢᠭᠡᠳᠦᠯ ᠢ ᠵᠣᠬᠢᠴᠠᠭᠤᠯᠬᠤ

 ᠳᠠᠭᠠᠨ ᠳᠠᠪᠠᠭᠤᠯᠢᠭ ᠨᠥᠬᠦᠴᠡᠯ ᠲᠠᠢ ᠭᠡᠵᠦ ᠬᠡᠯᠡᠵᠦ ᠪᠣᠯᠣᠨ᠎ᠠ᠃ ᠵᠢᠱᠢᠶᠡᠯᠡᠪᠡᠯ︽ᠬᠥᠮᠥᠨ ᠴᠢᠯᠠᠭᠤ︾ ᠭᠡᠬᠦ ᠪᠦᠲᠦᠭᠡᠯ ᠳᠤ᠂ ᠬᠥᠮᠥᠨ ᠴᠢᠯᠠᠭᠤ ᠶᠢᠨ ᠪᠦᠳᠦᠭᠦᠨ ᠲᠣᠮᠣ᠂

ᠬᠠᠲᠠᠭᠤ ᠴᠢᠭᠢᠷᠠᠭ᠂ ᠤᠷᠭᠤᠭ᠎ᠠ ᠬᠠᠳᠠᠨ ᠳᠦᠷᠢ ᠳᠤ ᠬᠤᠯᠪᠣᠭᠳᠠᠭᠤᠯᠵᠤ ᠦᠰᠦᠭ ᠤᠨ ᠲᠢᠭ ᠭᠡᠯᠪᠡᠷᠢ ᠨᠢ ᠢᠳᠡᠷᠡᠭᠦᠨ ᠪᠠᠳᠠᠷᠠᠭᠤᠨ᠂ ᠢᠳᠡᠯᠢᠭ ᠬᠦᠴᠦᠲᠡᠢ᠂ ᠬᠦᠳᠡᠷ

ᠴᠢᠭᠢᠷᠠᠭ ᠪᠠᠶᠢᠳᠠᠭ;︽ᠮᠣᠩᠭᠤᠯ ᠮᠣᠷᠢᠨ ᠤ ᠴᠤᠭ ᠵᠢᠪᠬᠤᠭ᠎ᠠ︾ ᠭᠡᠬᠦ ᠪᠦᠲᠦᠭᠡᠯ ᠳᠠᠬᠢ ᠦᠰᠦᠭ ᠨᠢ ᠮᠣᠩᠭᠤᠯ ᠮᠣᠷᠢᠨ ᠤ ᠦᠰᠦᠷᠦᠮ᠎ᠡ ᠲᠡᠭᠦᠯᠢᠮ᠎ᠡ ᠰᠦᠷ

ᠰᠦᠯᠳᠡ᠂ ᠣᠮᠤᠭ ᠵᠢᠪᠬᠤᠭ᠎ᠠ ᠶᠢ ᠦᠵᠡᠭᠦᠯᠵᠦ ᠴᠢᠳᠠᠭᠰᠠᠨ ; ︽ᠴᠢᠷᠮᠠᠶᠢᠯᠭ᠎ᠠ︾ ᠭᠡᠬᠦ ᠪᠦᠲᠦᠭᠡᠯ ᠨᠢ ᠬᠥᠮᠥᠨ ᠤ ᠡᠷᠴᠢ ᠵᠣᠷᠢᠭ ᠢ ᠪᠠᠳᠠᠷᠠᠭᠠᠮ᠎ᠠ ᠢᠳᠢ ᠰᠢᠳᠢᠯᠢᠭ

ᠳᠦᠷᠰᠦ ᠲᠠᠢ ; ︽ᠲᠣᠣᠷᠠᠢ︾ ᠭᠡᠬᠦ ᠪᠦᠲᠦᠭᠡᠯ ᠳᠤ ᠲᠣᠣᠷᠠᠢ ᠮᠣᠳᠣᠨ ᠤ ᠭᠠᠩ ᠬᠠᠭᠰᠠᠷᠠᠭᠠᠨ ᠳᠤ ᠲᠡᠰᠪᠦᠷᠢᠲᠡᠢ ᠠᠮᠢ ᠪᠠᠬᠢ᠂ ᠬᠠᠲᠠᠭᠤᠵᠢᠯ ᠲᠠᠭᠠᠭᠠᠪᠤᠷᠢᠳᠦ

ᠴᠢᠨᠠᠷ ᠢ ᠭᠠᠷᠭᠠᠬᠤ ᠭᠡᠵᠦ ︽ᠲᠣᠣᠷᠠᠢ︾ ᠭᠡᠬᠦ ᠦᠰᠦᠭ ᠢ ᠪᠠᠬᠢᠯᠢᠭ᠌ ᠬᠦᠴᠦᠯᠢᠭ᠂ ᠢᠳᠡᠷ ᠴᠢᠩᠭ᠎ᠠ ᠪᠢᠴᠢᠭᠰᠡᠨ ᠪᠠᠶᠢᠬᠤ ᠳᠤ᠂ ︽ᠤᠳᠪᠠᠯᠠ︾᠂ ︽ᠥᠨᠢᠷ ᠴᠡᠴᠡᠭ

︾ ᠭᠡᠬᠦ ᠪᠦᠲᠦᠭᠡᠯ ᠳᠠᠬᠢ ᠲᠡᠳᠡᠭᠡᠷ ᠴᠡᠴᠡᠭᠡᠰ ᠤᠨ ᠨᠡᠷᠡᠰ ᠢ ᠬᠠᠷᠢᠨ ᠭᠤᠪᠠᠢ ᠬᠡᠭᠡᠨᠴᠢᠷ᠂ ᠤᠷᠢᠨ ᠵᠥᠭᠡᠯᠡᠨ᠂ ᠳᠥᠯᠭᠡᠬᠡᠨ ᠲᠠᠯᠪᠢᠭᠤ᠂ ᠭᠤᠶᠤ ᠭᠠᠩᠭᠠᠩ

ᠪᠢᠴᠢᠭᠯᠡᠭᠰᠡᠨ ᠵᠡᠷᠭᠡ ᠣᠨᠴᠠᠯᠢᠭ ᠬᠠᠷᠠᠭᠳᠠᠨ᠎ᠠ᠃ ﹇ᠵᠢᠷᠤᠭ 3﹈ ︵︽ᠥᠨᠢᠷ ᠴᠡᠴᠡᠭ︾︶ ᠮᠡᠲᠦ᠃

      ᠮᠣᠩᠭᠤᠯ ᠤᠷᠠᠨ ᠪᠢᠴᠢᠯᠭᠡ ᠨᠢ ᠮᠣᠩᠭᠤᠯ ᠦᠰᠦᠭ ᠲᠤ ᠭᠤᠸ᠎ᠠ ᠦᠵᠡᠰᠭᠦᠯᠡᠩ ᠪᠡᠶ᠎ᠡ ᠳᠦᠷᠰᠦ᠂ ᠠᠤᠭ᠎ᠠ ᠬᠦᠴᠦᠲᠦ ᠠᠮᠢ ᠨᠠᠰᠤ ᠬᠢᠭᠡᠳ ᠢᠯᠠᠭᠳᠠᠰᠢ

ᠦᠭᠡᠢ ᠰᠦᠭ ᠰᠦᠨᠡᠰᠦ ᠶᠢ ᠴᠣᠭᠴᠠᠯᠠᠨ ᠪᠦᠲᠦᠭᠡᠵᠦ ᠦᠭᠳᠡᠭ ᠵᠢᠮ᠎ᠡ ᠲᠠᠢ ᠪᠥᠭᠡᠳ ᠤᠷᠠᠨ ᠪᠢᠴᠢᠯᠭᠡ ᠶᠢᠨ ᠪᠦᠲᠦᠭᠡᠯ ᠤᠨ ᠠᠮᠢ᠂ ᠪᠡᠶ᠎ᠡ᠂ ᠰᠦᠨᠡᠰᠦ ᠨᠢ

ᠤᠷᠠᠯᠢᠭᠴᠢᠨ ᠤ ᠤᠶᠤᠨ ᠰᠠᠨᠠᠭᠠᠨ ᠤ ᠳᠣᠲᠣᠭᠠᠳᠤ ᠶᠢᠷᠲᠢᠨᠴᠦ ᠳᠠᠬᠢ ᠢᠳᠡ ᠬᠦᠴᠦ᠂ ᠢᠲᠡᠭᠡᠯ ᠵᠣᠷᠢᠭ ᠵᠢᠴᠢ ᠬᠥᠮᠥᠨ ᠤ ᠬᠡᠪ ᠴᠢᠨᠠᠷ᠂ ᠴᠤᠭ ᠰᠦᠯᠳᠡ ᠲᠠᠢ

ᠬᠤᠯᠪᠣᠭᠳᠠᠨ᠎ᠠ᠃ ᠥᠭᠡᠷ᠎ᠡ ᠪᠠᠷ ᠬᠡᠯᠡᠪᠡᠯ᠂ ᠤᠷᠠᠨ ᠪᠢᠴᠢᠯᠭᠡ ᠪᠣᠯ ᠬᠠᠷᠠᠭᠠᠨ ᠤ ᠤᠷᠠᠯᠢᠭ ᠮᠥᠨ ᠪᠤᠯᠪᠠᠴᠤ ᠲᠡᠭᠦᠨ ᠢ ᠰᠣᠨᠢᠷᠬᠠᠬᠤ ᠪᠤᠶᠤ ᠪᠦᠲᠦᠭᠡᠬᠦ ᠳᠤ ᠶᠡᠭᠡ

ᠬᠡᠮᠵᠢᠶᠡᠨ ᠤ ᠰᠡᠳᠬᠢᠯ ᠤᠨ ᠬᠦᠴᠦ᠂ ᠪᠢᠯᠢᠭ ᠤᠨ ᠬᠦᠴᠦ᠂ ᠢᠲᠡᠭᠡᠯ ᠤᠨ ᠬᠦᠴᠦ ᠬᠢᠭᠡᠳ ᠮᠡᠳᠡᠯᠭᠡ ᠮᠡᠳᠡᠴᠡ ᠱᠠᠭᠠᠷᠳᠠᠭᠳᠠᠬᠤ ᠨᠢ ᠭᠠᠷᠴᠠᠭ᠎ᠠ ᠦᠭᠡᠢ᠃ ᠮᠦᠯᠳᠦᠳᠦ

ᠰᠠᠶᠢᠬᠠᠨᠴᠢᠮᠡᠭ ᠪᠣᠯ ᠲᠠᠪᠢ ᠭᠠᠷᠤᠢ ᠨᠠᠰᠤᠨ ᠳᠠᠭᠠᠨ︽ᠲᠠᠪᠢᠨ ᠨᠠᠰᠤᠨ ᠤ ᠳᠠᠭᠤᠯᠠᠯ︾ ᠢᠶᠠᠨ ᠪᠢᠴᠢᠭᠯᠡᠵᠦ ᠤᠷᠠᠨ ᠵᠣᠬᠢᠶᠠᠯ ᠤᠨ ᠲᠠᠶᠢᠰᠠᠨ ᠳᠤ ᠭᠠᠷᠤᠭᠠᠳ᠂ ᠤᠷᠠᠯᠢᠭ

 ᠤᠨ ᠬᠦᠴᠦᠲᠦ ᠡᠨᠧᠷᠭᠢ ᠪᠠᠷ ᠤᠢ ᠪᠢᠯᠢᠭ ᠢᠶᠠᠨ ᠴᠡᠨᠡᠭᠯᠡᠵᠦ᠂ ᠰᠡᠳᠬᠢᠯ ᠳᠡᠭᠡᠨ ᠬᠦᠴᠦ ᠲᠠᠢ᠂ ᠢᠲᠡᠭᠡᠯ ᠤᠨ ᠵᠢᠭᠦᠷ ᠲᠠᠢ᠂ ᠳᠠᠭᠤᠳᠠᠭᠳᠠᠬᠤ ᠨᠡᠷ᠎ᠡ᠂ ᠳᠠᠭᠤᠷᠢᠰᠬᠤ

ᠠᠯᠳᠠᠷ ᠲᠠᠢ ᠶᠠᠪᠤᠵᠤ ᠢᠷᠡᠭᠰᠡᠨ ᠬᠥᠮᠥᠨ ᠤ ᠨᠢᠭᠡ ᠮᠥᠨ ᠭᠡᠳᠡᠭ ᠢ ᠪᠢᠳᠡ ᠲᠡᠭᠦᠨ ᠤ ᠪᠦᠲᠦᠭᠡᠯ ᠤᠳ ᠠᠴᠠ ᠣᠯᠵᠤ ᠬᠠᠷᠠᠨ᠎ᠠ᠃

 

ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ