ᠡᠶᠢᠮᠦ ᠢᠳᠡᠭᠡᠨ ᠢ ᠴᠡᠭᠡᠷᠯᠡ
ᠨᠡᠶᠢᠲᠡᠯᠡᠭᠰᠡᠨ ᠴᠠᠭ᠄
2024/7/11
      ᠠᠮᠲᠠ ᠣᠷᠣᠭᠤᠯᠤᠭᠰᠠᠨ ᠵᠢᠮᠢᠰ ᠤᠨ ᠦᠷ᠎ᠡ᠃ ᠠᠮᠲᠠ ᠣᠷᠣᠭᠤᠯᠤᠭᠰᠠᠨ ᠵᠢᠮᠢᠰ ᠤᠨ ᠦᠷ᠎ᠡ ᠨᠢ ᠰᠢᠬᠢᠷ᠂ ᠳᠠᠪᠤᠰᠤ ᠪᠤᠶᠤ ᠪᠤᠰᠤᠳ ᠠᠮᠲᠠ ᠣᠷᠣᠭᠤᠯᠬᠤ ᠡᠳ᠋ ᠢ ᠨᠡᠮᠡᠵᠦ᠂ ᠴᠢᠨᠠᠷ ᠬᠤᠪᠢᠷᠠᠬᠤ ᠠᠴᠠ ᠰᠡᠷᠭᠡᠶᠢᠯᠡᠳᠡᠭ᠂ ᠡᠶᠢᠮᠦ ᠢᠳᠡᠭᠡᠨ ᠨᠢ ᠬᠥᠮᠥᠰ ᠢ ᠠᠮᠠᠷᠬᠠᠨ ᠮᠠᠷᠢᠶᠠᠯᠠᠭᠤᠯᠳᠠᠭ᠃       ᠰᠦᠨ ᠤᠮᠳᠠᠭᠠᠨ᠃ ᠴᠠᠭᠠᠨ ᠰᠢᠬᠢᠷ᠂ ᠨᠢᠰᠢᠩᠭᠦ ᠶᠢᠨ ᠰᠢᠬᠢᠷ᠂ ᠵᠢᠮᠢᠰ ᠤᠨ ᠰᠢᠬᠢᠷ ᠵᠡᠷᠭᠡ ᠰᠢᠬᠢᠷ ᠤᠨ ᠪᠦᠷᠢᠯᠳᠦᠭᠦᠨ ᠢ ᠨᠡᠮᠡᠭᠰᠡᠨ ᠰᠦᠨ ᠤᠮᠳᠠᠭᠠᠨ ᠤ ᠢᠯᠴᠢ ᠶᠢᠨ ᠬᠡᠮᠵᠢᠶ᠎ᠡ ᠨᠢ ᠬᠡᠳᠦ ᠶᠡᠭᠡ ᠪᠠᠶᠢᠵᠤ᠂ ᠤᠤᠭᠤᠪᠠᠯ ᠠᠮᠠᠷᠬᠠᠨ ᠮᠠᠷᠢᠶᠠᠯᠠᠳᠠᠭ᠃       ᠨᠣᠭᠤᠭ᠎ᠠ ᠵᠢᠮᠢᠰ ᠪᠤᠶᠤ ᠤᠯᠠᠭᠠᠨ ᠲᠥᠮᠥᠰᠥ ᠶᠢᠨ ᠬᠠᠲᠠᠭᠠᠮᠠᠯ᠃ ᠡᠶᠢᠮᠦᠷᠬᠦ ᠵᠦᠢᠯ ᠢ ᠬᠢᠬᠦ ᠳᠤ ᠲᠣᠰᠣᠨ ᠳᠤ ᠪᠤᠴᠠᠯᠭᠠᠵᠤ᠂ ᠰᠢᠬᠢᠷ ᠳᠠᠪᠤᠰᠤ ᠬᠢᠵᠦ ᠪᠠᠶᠢᠳᠠᠭ ᠠᠴᠠ ᠮᠥᠨ ᠠᠮᠠᠷᠬᠠᠨ ᠮᠠᠷᠢᠶᠠᠯᠠᠭᠤᠯᠳᠠᠭ᠃       ᠮᠢᠬᠠᠨ ᠤ ᠳᠠᠷᠤᠰᠢ᠂ ᠥᠨᠳᠡᠭᠡᠨ ᠤ ᠲᠥᠷᠥᠯ ᠤᠨ ᠢᠳᠡᠭᠡᠨ᠃ ᠡᠶᠢᠮᠦᠷᠬᠦ ᠰᠤᠯᠠ ᠢᠳᠡᠭᠡᠨ ᠤ ᠣᠯᠠᠩᠬᠢ ᠶᠢ  ᠨᠢ ᠤᠲᠤᠵᠤ ᠬᠢᠭᠰᠡᠨ ᠪᠤᠶᠤ ᠠᠮᠲᠠ ᠣᠷᠣᠭᠤᠯᠤᠭᠴᠢ ᠲᠠᠢ ᠵᠢᠩᠨᠡᠵᠦ ᠭᠠᠷᠭᠠᠭᠰᠠᠨ ᠶᠤᠮ᠂ ᠶᠡᠭᠡ ᠬᠡᠮᠵᠢᠶᠡᠨ ᠤ ᠲᠣᠰᠣ᠂ ᠳᠠᠪᠤᠰᠤ᠂ ᠰᠢᠬᠢᠷ ᠵᠡᠷᠭᠡ ᠡᠳ᠋ ᠠᠭᠤᠯᠵᠤ ᠪᠠᠶᠢᠳᠠᠭ᠂ ᠦᠢᠯᠡᠳᠬᠦ ᠶᠠᠪᠤᠴᠠ ᠳᠤ ᠢᠳᠡᠭᠡᠨ ᠨᠢ ᠰᠢᠮ᠎ᠡ ᠲᠡᠵᠢᠭᠡᠯ ᠢᠶᠠᠨ ᠠᠯᠳᠠᠵᠤ᠂ ᠪᠠᠰᠠ ᠪᠠᠭ᠎ᠠ ᠬᠡᠮᠵᠢᠶᠡᠨ ᠤ ᠠᠽᠣᠲ ᠬᠦᠴᠢᠯ ᠤᠨ ᠨᠠᠳ᠋ᠷᠢ ᠶᠢ ᠨᠡᠮᠡᠵᠦ ᠢᠯᠵᠢᠷᠡᠬᠦ ᠶᠢ ᠰᠡᠷᠭᠡᠶᠢᠯᠡᠬᠦ ᠪᠠ ᠥᠩᠭᠡ ᠣᠷᠣᠭᠤᠯᠳᠠᠭ᠂ ᠤᠷᠲᠤ ᠬᠤᠭᠤᠴᠠᠭ᠎ᠠ ᠪᠠᠷ ᠬᠡᠷᠡᠭᠯᠡᠪᠡᠯ ᠬᠥᠮᠥᠨ ᠤ ᠪᠡᠶ᠎ᠡ ᠳᠤ ᠬᠤᠣᠷᠲᠠᠢ ᠶᠤᠮ᠃       ᠵᠢᠮᠢᠰ ᠤᠨ ᠰᠢᠭᠦᠰᠦ᠃ ᠵᠢᠮᠢᠰ ᠤᠨ ᠰᠢᠬᠠᠭᠰᠠᠨ ᠰᠢᠭᠦᠰᠦ ᠨᠢ ᠤᠷᠭᠤᠮᠠᠯ ᠤᠨ ᠡᠰ ᠤᠨ ᠬᠠᠨ᠎ᠠ ᠶᠢ ᠡᠪᠳᠡᠵᠦ᠂ ᠵᠢᠮᠢᠰ ᠤᠨ ᠰᠢᠭᠦᠰᠦᠨ ᠳᠠᠬᠢ ᠴᠢᠯᠦᠭᠡᠲᠦ ᠰᠢᠬᠢᠷ ᠢ ᠨᠡᠮᠡᠭᠳᠡᠭᠦᠯᠦᠨ᠂ ᠴᠢᠰᠤᠨ ᠰᠢᠬᠢᠷ ᠤᠨ ᠤᠷᠪᠠᠯ ᠢ ᠨᠡᠮᠡᠭᠳᠡᠭᠦᠯᠳᠡᠭ᠂ ᠡᠶᠢᠮᠦ ᠠᠴᠠ ᠵᠦᠭᠡᠷ ᠯᠠ ᠵᠢᠮᠢᠰ ᠢᠳᠡᠬᠦ ᠨᠢ ᠵᠢᠮᠢᠰ ᠤᠨ ᠰᠢᠭᠦᠰᠦ ᠤᠤᠭᠤᠬᠤ ᠠᠴᠠ ᠬᠤᠯᠠ ᠳᠡᠭᠡᠷ᠎ᠡ ᠪᠠᠶᠢᠳᠠᠭ᠃  
ᠢᠷᠡᠯᠲᠡ᠄ ᠲᠣᠮᠳᠠᠳᠣ ᠤᠯᠤᠰ ᠤᠨ ᠮᠣᠩᠭᠤᠯ ᠷᠠᠳᠢᠣ᠋ ᠰᠦᠯᠵᠢᠶ᠎ᠡ