ᠤᠷᠠᠳᠴᠤᠳ ᠤᠨ ᠣᠪᠣᠭ ᠤᠭᠰᠠᠭ᠎ᠠ
ᠨᠡᠶᠢᠲᠡᠯᠡᠭᠰᠡᠨ ᠴᠠᠭ᠄
2024/7/11
      ︽ᠤᠭ ᠨᠤᠲᠤᠭ ᠬᠥᠯᠥᠨ ᠪᠤᠶᠢᠷ᠂ ᠤᠳᠤᠮ ᠰᠠᠳᠤᠨ ᠪᠤᠷᠬᠠᠢ ᠵᠠᠰᠠᠭ ᠭᠤᠷᠪᠠᠨ ᠭᠦᠩ᠂ ᠲᠥᠪ ᠨᠤᠲᠤᠭ ᠬᠥᠯᠥᠨ ᠪᠤᠶᠢᠷ ᠬᠥᠪᠳᠥ ᠨᠠᠢᠮᠠᠨᠴᠠᠭᠠᠨ᠂ ᠲᠦᠷᠦᠯ ᠤᠭᠰᠠᠭ᠎ᠠ ᠬᠠᠪᠤᠲᠤ ᠬᠠᠰᠠᠷ ᠤᠨ ᠦᠷᠡᠰ︾ ᠭᠡᠵᠦ ᠤᠷᠠᠳ ᠬᠤᠷᠢᠮ ᠤᠨ ︽ᠡᠭᠦᠳᠡᠨ ᠳᠠᠷᠤᠯᠭ᠎ᠠ︾ ᠳᠤ ᠡᠶᠢᠮᠦᠷᠬᠦ ᠰᠢᠯᠦᠭ ᠬᠠᠮᠤᠭ ᠲᠡᠷᠢᠭᠦᠨ ᠳᠤ ᠢᠯᠡᠷᠡᠳᠡᠭ᠃ ᠤᠷᠠᠳ ᠤᠨ ᠭᠤᠷᠪᠠᠨ ᠬᠤᠰᠢᠭᠤᠨ ᠤ ᠵᠠᠰᠠᠭ ᠭᠦᠩ ᠨᠣᠶᠠᠳ ᠨᠢ ᠬᠡᠳᠦᠢ ᠪᠠᠷ ᠠᠬ᠎ᠠ ᠳᠡᠭᠦᠦ ᠶᠢᠨ ᠬᠠᠷᠢᠴᠠᠭ᠎ᠠ ᠲᠠᠢ ᠪᠠᠶᠢᠭᠰᠠᠨ ᠪᠤᠯᠪᠠᠴᠤ᠂ ᠲᠡᠳᠡ ᠬᠤᠭᠤᠷᠣᠨᠳᠤ  ᠪᠠᠨ ᠪᠦᠷ ᠦᠶᠡᠯᠢᠳ᠂ ᠬᠠᠶᠠᠯᠢᠳ ᠠᠬ᠎ᠠ ᠳᠡᠭᠦᠦ ᠪᠣᠯᠬᠤ ᠶᠤᠮ᠃ ᠤᠷᠠᠳ ᠤᠨ ᠡᠮᠦᠨᠡᠲᠦ ᠭᠦᠩ ᠤᠨ ᠬᠤᠰᠢᠭᠤᠨ ᠤ ᠠᠩᠬ᠎ᠠ ᠲᠦᠷᠦᠭᠦᠦ ᠵᠠᠰᠠᠭ ᠭᠦᠩ ᠨᠣᠶᠠᠨ ᠦᠪᠠᠨ ᠪᠣᠯ ᠪᠤᠷᠬᠠᠢ ᠶᠢᠨ ᠠᠬᠠᠮᠠᠳ ᠬᠥᠪᠡᠭᠦᠨ ᠯᠠᠶᠢᠭ᠎ᠠ ᠶᠢᠨ ᠠᠴᠢᠨᠴᠢᠷ ᠪᠥᠭᠡᠳ ᠬᠠᠪᠤᠲᠤ ᠬᠠᠰᠠᠷ ᠤᠨ ᠠᠷᠪᠠ ᠶᠢᠰᠦᠳᠦᠭᠡᠷ ᠦᠶ᠎ᠡ ᠶᠢᠨ ᠦᠷ᠎ᠡ ᠦᠨᠳᠦᠰᠦ ᠨᠢ ᠪᠣᠯᠬᠤ ᠶᠤᠮ᠃ ᠤᠷᠠᠳ ᠤᠨ ᠲᠤᠮᠳᠠᠳᠤ ᠭᠦᠩ ᠤᠨ ᠬᠤᠰᠢᠭᠤᠨ ᠤ ᠠᠩᠬ᠎ᠠ ᠲᠦᠷᠦᠭᠦᠦ ᠵᠠᠰᠠᠭ ᠭᠦᠩ ᠨᠣᠶᠠᠨ ᠭᠦᠩ ᠪᠠᠭᠪᠠᠭ᠋ᠠᠢ ᠪᠣᠯ ᠪᠤᠷᠬᠠᠢ ᠶᠢᠨ ᠲᠠᠪᠤᠳᠤᠭᠠᠷ ᠬᠥᠪᠡᠭᠦᠨ ᠪᠠᠷᠰᠢ ᠶᠢᠨ ᠵᠢᠴᠢᠨᠴᠢᠷ ᠪᠥᠭᠡᠳ ᠬᠠᠪᠤᠲᠤ ᠬᠠᠰᠠᠷ ᠤᠨ ᠬᠤᠷᠢᠳᠤᠭᠠᠷ ᠦᠶ᠎ᠡ ᠵᠢᠨ‌ᠦᠷ᠎ᠡ ᠦᠨᠳᠦᠰᠦ ᠨᠢ ᠪᠣᠯᠬᠤ ᠶᠤᠮ᠃ᠡᠶᠢᠮᠦ ᠠᠴᠠ ᠤᠷᠠᠳ ᠠᠶᠢᠮᠠᠭ ᠪᠣᠯ ᠬᠠᠪᠤᠲᠤ ᠬᠠᠰᠠᠷ ᠤᠨ ᠠᠷᠪᠠᠨ ᠲᠠᠪᠤᠳᠤᠭᠠᠷ ᠦᠶ᠎ᠡ ᠶᠢᠨ ᠠᠴᠢ ᠭᠤᠷᠪᠠᠨ ᠭᠡᠵᠢᠭᠡᠲᠦ ᠪᠤᠷᠬᠠᠢ ᠵᠠᠰᠠᠭ ᠨᠣᠶᠠᠨ ᠤ ᠬᠤᠶᠢᠴᠢ ᠦᠶ᠎ᠡ ᠶᠢᠨ ᠣᠪᠣᠭ ᠤᠭᠰᠠᠭ᠎ᠠ ᠪᠣᠯᠬᠤ ᠨᠢ ᠲᠣᠳᠣᠷᠬᠠᠢ ᠪᠠᠶᠢᠨ᠎ᠠ᠃       ᠤᠷᠠᠳ ᠠᠶᠢᠮᠠᠭ ᠢᠩᠭᠢᠵᠦ ᠥᠰᠦᠭᠰᠡᠨ ᠪᠤᠳᠤᠭ ᠬᠥᠯᠥᠨ ᠪᠤᠶᠢᠷ᠂ ᠤᠤᠭᠤᠭᠰᠠᠨ ᠤᠰᠤ ᠡᠷᠭᠦᠨ᠎ᠡ ᠬᠥᠯᠥᠨ ᠨᠠᠭᠤᠷ ᠠᠴᠠ ᠪᠠᠨ ᠰᠠᠯᠤᠭᠠᠳ᠂ ᠤᠷᠲᠤ ᠵᠠᠮ ᠤᠨ ᠬᠠᠲᠠᠭᠤ ᠪᠡᠷᠬᠡ ᠠᠶᠠᠨ ᠢ ᠲᠤᠭᠤᠯᠵᠤ ᠣᠳᠤ ᠨᠢᠭᠡᠨᠲᠡ 360 ᠵᠢᠯ ᠤᠨ ᠨᠢᠭᠤᠷ ᠦᠵᠡᠵᠦ ᠪᠠᠶᠢᠨ᠎ᠠ᠃ ᠲᠡᠭᠡᠭᠡᠳ ᠲᠡᠲᠡ 1649 ᠣᠨ ᠤ ᠣᠷᠴᠢᠮ ᠢᠶᠠᠷ ᠬᠠᠲᠤᠨ ᠭᠤᠣᠯ ᠤᠨ ᠬᠤᠶᠢᠲᠤ ᠬᠦᠪᠡᠭᠡ᠂ ᠮᠤᠨᠠ ᠠᠭᠤᠯᠠ ᠶᠢᠨ ᠠᠷᠤ ᠥᠪᠥᠷ ᠤᠨ ᠥᠩ ᠰᠢᠮᠡᠯᠢᠭ ᠥᠷᠭᠡᠨ ᠠᠭᠤᠳᠠᠮ ᠨᠤᠲᠤᠭ ᠲᠤ ᠬᠦᠷᠴᠦ ᠢᠷᠡᠭᠡᠳ᠂ ᠬᠠᠨ ᠮᠤᠨᠠ ᠶᠢᠨ ᠡᠪᠦᠷ ᠲᠤ ᠪᠦᠪᠡᠶᠢᠯᠡᠭᠳᠡᠵᠦ᠂ ᠬᠠᠳᠤᠨ ᠭᠤᠣᠯ ᠤᠨ ᠤᠮᠳᠠ ᠰᠢᠮ᠎ᠡ ᠪᠠᠷ ᠲᠥᠯᠥᠵᠢᠭᠡᠳ᠂ ᠦᠷ᠎ᠡ ᠬᠡᠦᠬᠡᠳ ᠢᠶᠠᠨ ᠥᠰᠬᠡᠵᠦ᠂ ᠦᠨᠳᠦᠰᠦ ᠤᠭᠰᠠᠭ᠎ᠠ ᠪᠠᠨ ᠵᠠᠯᠭᠠᠮᠵᠢᠯᠠᠵᠤ ᠣᠷᠤᠭ᠎ᠠ ᠪᠣᠰᠬᠠᠭ᠎ᠠ ᠣᠨ ᠰᠠᠷ᠎ᠠ ᠶᠢ ᠡᠯᠡᠭᠡᠵᠦ ᠡᠳᠦᠭᠡ ᠳᠤ ᠬᠦᠷᠴᠡᠢ᠃                                                                        ᠮᠣᠩᠭᠤᠯ ᠲᠡᠦᠬᠡ ᠰᠣᠶᠣᠯ ᠤᠨ ᠰᠣᠩᠭᠤᠳᠠᠭ ᠵᠣᠬᠢᠶᠠᠯ ᠤᠨ ᠬᠥᠮᠥᠷᠭᠡ᠂                                      ᠵᠠᠩ ᠦᠢᠯᠡ ᠶᠢᠨ ᠴᠤᠪᠤᠷᠠᠯ ︽ᠤᠷᠠᠳ ᠵᠠᠩ ᠦᠢᠯᠡ︾ ᠠᠴᠠ ᠪᠠᠭᠤᠯᠭᠠᠪᠠ
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ