ᠤᠷᠠᠳᠴᠤᠳ ᠤᠨ ᠲᠡᠦᠬᠡᠨ ᠢᠷᠡᠯᠲᠡ
ᠨᠡᠶᠢᠲᠡᠯᠡᠭᠰᠡᠨ ᠴᠠᠭ᠄
2024/7/11
      1206 ᠣᠨ ᠳᠤ ᠴᠢᠩᠭᠢᠰ ᠬᠠᠭᠠᠨ ᠮᠣᠩᠭᠤᠯ ᠠᠶᠢᠮᠠᠭ ᠤᠳ ᠢ ᠨᠢᠭᠡᠳᠬᠡᠭᠰᠡᠨ ᠤ ᠳᠠᠷᠠᠭ᠎ᠠ᠂ ᠮᠣᠩᠭᠤᠯ ᠤᠨ ᠬᠥᠭᠵᠢᠯᠲᠡ ᠶᠢᠨ ᠱᠠᠭᠠᠷᠳᠠᠯᠭ᠎ᠠ ᠪᠠ ᠠᠵᠢᠯ ᠲᠦᠷᠦᠯ ᠤᠨ ᠬᠤᠪᠢᠶᠠᠷᠢᠯᠠᠯᠲᠠ ᠶᠢᠨ ᠨᠢᠭᠲᠠ ᠪᠣᠯᠬᠤ ᠶᠢ ᠳᠠᠭᠠᠯᠳᠤᠵᠤ᠂ ᠭᠡᠷ ᠲᠡᠷᠭᠡ ᠪᠠᠭᠠᠵᠢ ᠬᠡᠷᠡᠭᠰᠡᠯ᠂ ᠵᠠᠷ ᠵᠡᠪᠰᠡᠭ ᠦᠢᠯᠡᠳᠪᠦᠷᠢᠯᠡᠬᠦ ᠲᠤᠬᠠᠢ ᠤᠷᠠᠨ ᠳᠠᠷᠬᠠᠨᠴᠤᠳ ᠤᠨ ᠡᠩᠨᠡᠭᠡ ᠶᠢ ᠪᠦᠷᠢᠯᠳᠦᠭᠦᠯᠵᠦ᠂ ᠬᠡᠷᠡᠭᠰᠡᠯ ᠤᠨ ᠮᠣᠳᠣ ᠪᠠᠶᠠᠯᠢᠭ᠂ ᠵᠢᠭᠠᠰᠤᠨ ᠴᠠᠪᠠᠤ ᠶᠢᠨ ᠭᠠᠷᠤᠯᠲᠠ ᠡᠯᠪᠡᠭ ᠬᠥᠯᠥᠨ ᠨᠠᠭᠤᠷ᠂ ᠪᠦᠢᠷ ᠨᠠᠭᠤᠷ ᠳᠠᠭᠠᠤ ᠨᠤᠲᠤᠭ ᠲᠤ ᠡᠨᠡ ᠬᠦ ᠤᠷᠠᠨ ᠳᠠᠷᠬᠠᠨ ᠤ ᠠᠶᠢᠮᠠᠭ ᠢ ᠨᠤᠲᠤᠭᠯᠠᠨ ᠰᠠᠭᠤᠷᠢᠰᠢᠭᠤᠯᠤᠭᠰᠠᠨ ᠶᠤᠮ᠃ ᠡᠶᠢᠨᠬᠦ ᠬᠤᠯᠠ ᠣᠶᠢᠷ᠎ᠠ ᠳᠤ ᠪᠠᠨ ᠠᠯᠳᠠᠷᠰᠢᠭᠰᠠᠨ ᠤᠷᠠᠳ ᠠᠶᠢᠮᠠᠭ ᠪᠣᠢ ᠪᠣᠯᠤᠭᠰᠠᠨ ᠪᠢᠯᠡ᠃ ᠡᠨᠡ ᠠᠶᠢᠮᠠᠭ ᠤᠨ ᠲᠦᠷᠦᠭᠦᠦ ᠪᠣᠯ ᠴᠢᠩᠭᠢᠰ ᠤᠨ ᠳᠡᠭᠦᠦ ᠬᠠᠪᠤᠲᠤ ᠬᠠᠰᠠᠷ ᠤᠨ ᠠᠷᠪᠠᠨ ᠲᠠᠪᠤᠳᠤᠭᠠᠷ ᠦᠶ᠎ᠡ ᠶᠢᠨ ᠠᠴᠢ ᠪᠣᠯᠬᠤ ᠤᠷᠠᠳ ᠠᠶᠢᠮᠠᠭ ᠤᠨ ᠳᠡᠭᠡᠳᠦᠰ ᠪᠤᠷᠬᠠᠢ ᠭᠡᠭᠴᠢ ᠬᠥᠮᠥᠨ ᠪᠣᠯᠣᠨ᠎ᠠ᠃        ᠠᠷᠪᠠᠨ ᠲᠠᠪᠤᠳᠤᠭᠠᠷ ᠵᠠᠭᠤᠨ ᠤ ᠡᠬᠢᠨ ᠤ ᠦᠶᠡᠰ ᠢᠶᠠᠷ ᠮᠠᠨᠵᠤ ᠦᠨᠳᠦᠰᠦᠲᠡᠨ ᠤ ᠴᠡᠷᠢᠭ ᠲᠠᠶᠢᠨ ᠤ ᠲᠣᠯᠣᠭᠠᠶᠢᠯᠠᠭᠴᠢ ᠨᠤᠷᠠᠭᠴᠢ ᠬᠦᠴᠦᠷᠬᠡᠭᠵᠢᠨ ᠪᠣᠰᠣᠭᠠᠳ ᠲᠤᠯᠭᠤᠷ ᠲᠦᠷᠦ ᠪᠠᠶᠢᠭᠤᠯᠵᠤ ᠬᠤᠶᠢᠲᠤ ᠠᠯᠲᠠᠨ ᠤᠯᠤᠰ ᠭᠡᠵᠦ ᠨᠡᠷᠡᠶᠢᠳᠪᠡ᠃ ᠬᠤᠶᠢᠲᠤ ᠠᠯᠲᠠᠨ ᠤᠯᠤᠰ ᠤᠨ ᠲᠡᠭᠷᠢ ᠶᠢᠨ ᠰᠡᠴᠡᠨ ᠤ ᠳᠣᠯᠣᠳᠤᠭᠠᠷ ᠣᠨ ︵1633 ᠣᠨ︶ ᠳᠤ ᠬᠤᠸᠠᠩ ᠲᠠᠢ ᠵᠢᠢ ᠰᠠᠭᠤᠷᠢᠨ ᠳᠤ ᠪᠠᠶᠢᠬᠤ ᠦᠶ᠎ᠡ‌ ᠳᠤ ᠪᠤᠷᠬᠠᠢ ᠶᠢᠨ ᠠᠬᠠᠮᠠᠳ ᠬᠥᠪᠡᠭᠦᠨ ᠯᠠᠶᠢᠭ᠎ᠠ ᠶᠢᠨ ᠠᠴᠢ ᠤᠮᠪᠤ᠂ ᠣᠳᠬᠤᠨ ᠬᠥᠪᠡᠭᠦᠨ ᠪᠠᠷᠰᠢ ᠶᠢᠨ ᠠᠴᠢ ᠲᠣᠪᠠ᠂ ᠠᠴᠢ ᠰᠡᠷᠡᠩ ᠨᠠᠷ ᠤᠷᠠᠳ ᠠᠶᠢᠮᠠᠭ ᠢ ᠳᠠᠭᠠᠭᠤᠯᠵᠤ᠂ ᠬᠥᠯᠥᠨ ᠨᠠᠭᠤᠷ ᠤᠨ ᠬᠥᠪᠳᠥ ᠨᠠᠢᠮᠠᠨᠴᠠᠭᠠᠨ ᠠᠴᠠ ᠬᠤᠶᠢᠲᠤ ᠠᠯᠲᠠᠨ ᠤᠯᠤᠰ ᠢ ᠲᠠᠭᠠᠬᠤ ᠪᠠᠷ ᠠᠯᠤᠰ ᠬᠤᠯᠠ ᠠᠶᠠᠯᠠᠵᠤ᠂ ᠲᠡᠮᠡᠭᠡ ᠮᠣᠷᠢ ᠬᠦᠷᠭᠡᠭᠡᠳ᠂ ᠴᠢᠩ ᠦᠨᠡᠨᠴᠢ ᠭᠡᠳᠡᠭ ᠢᠶᠠᠨ ᠢᠯᠡᠳᠬᠡᠪᠡ᠃       ᠮᠠᠨᠵᠤ ᠶᠢᠨ ᠨᠣᠶᠠᠷᠬᠠᠭᠴᠢᠳ ᠶᠠᠭ ᠰᠢᠨ᠎ᠡ ᠪᠠᠷ ᠮᠠᠨᠳᠤᠵᠤ ᠪᠠᠶᠢᠭᠰᠠᠨ ᠴᠠᠭ ᠦᠶ᠎ᠡ ᠳᠤ ᠪᠠᠨ ᠪᠠᠭᠰᠠᠨ ᠲᠤᠯᠠ ᠮᠢᠩ ᠤᠨ ᠬᠠᠭᠠᠨᠲᠤ ᠤᠯᠤᠰ ᠢ ᠰᠥᠨᠥᠭᠡᠨ᠂ ᠮᠣᠩᠭᠤᠯ ᠤᠨ ᠪᠦᠬᠦ ᠴᠣᠭᠴᠠ ᠶᠢ ᠰᠤᠯᠠᠷᠠᠭᠤᠯᠵᠤ᠂ ᠮᠠᠨᠵᠤ ᠶᠢᠨ ᠬᠦᠴᠦᠨ ᠢ ᠨᠡᠮᠡᠭᠳᠡᠭᠦᠯᠬᠦ ᠪᠠᠷ ᠪᠠᠶᠢᠭᠰᠠᠨ ᠨᠢ ᠲᠣᠳᠣᠷᠬᠠᠢ᠃       ᠤᠷᠠᠳ ᠠᠶᠢᠮᠠᠭ᠂ ᠮᠠᠨᠵᠤ ᠴᠢᠩ ᠤᠯᠤᠰ ᠲᠤ ᠣᠷᠣᠵᠤ ᠥᠭᠭᠦᠭᠰᠡᠨ ᠠᠴᠠ ᠨᠠᠰᠢ ᠶᠡᠭᠡ ᠴᠢᠩ ᠤᠨ ᠬᠠᠭᠠᠨᠲᠤ ᠤᠯᠤᠰ ᠲᠤ ᠨᠤᠲᠤᠭ ᠳᠡᠪᠢᠰᠬᠡᠷ ᠢ ᠨᠢ ᠥᠷᠭᠡᠳᠬᠡᠬᠦ ᠳᠤ ᠴᠢᠰᠤᠨ ᠭᠠᠪᠢᠶ᠎ᠠ ᠪᠠᠶᠢᠭᠤᠯᠵᠤ ᠥᠭᠭᠦᠭᠰᠡᠨ ᠶᠤᠮ᠃ ᠲᠤᠬᠠᠶᠢᠯᠠᠪᠠᠯ᠂ 1633 - 1649 ᠣᠨ ᠬᠦᠷᠲᠡᠯᠡᠬᠢ ᠠᠷᠪᠠ ᠭᠠᠷᠤᠢ ᠵᠢᠯ ᠤᠨ ᠬᠤᠭᠤᠷᠣᠨᠳᠤ ᠬᠠᠯᠬ᠎ᠠ᠂ ᠰᠥᠨᠢᠳ᠂ ᠰᠣᠯᠣᠩᠭᠤᠰ ᠵᠡᠷᠭᠡ ᠲᠠᠢ ᠪᠠᠶᠢᠯᠳᠤᠭᠠᠳ᠂ ᠮᠠᠨᠵᠤ ᠴᠢᠩ ᠤᠨ ᠢᠲᠡᠭᠡᠯ ᠨᠠᠶᠢᠳᠠᠪᠤᠷᠢ ᠪᠠ ᠮᠠᠭᠲᠠᠭᠠᠯ ᠰᠠᠶᠢᠰᠢᠶᠠᠯ ᠢ ᠣᠯᠪᠠ᠃       ᠴᠢᠩ ᠤᠯᠤᠰ ᠤᠨ ᠡᠶᠡᠪᠡᠷ ᠵᠠᠰᠠᠭᠴᠢ ᠶᠢᠨ ᠲᠠᠪᠤᠳᠤᠭᠠᠷ ᠣᠨ ᠳᠤ ᠳᠠᠶᠢᠨ ᠤ ᠭᠠᠪᠢᠶ᠎ᠠ ᠵᠢᠳᠬᠦᠯ ᠢ ᠨᠢ ᠲᠣᠭᠠᠴᠢᠵᠤ᠂ ᠡᠷᠬᠡ ᠲᠠᠶᠢᠵᠢ ᠲᠣᠪᠠ ᠶᠢ ᠲᠦᠰᠢᠶ᠎ᠡ ᠭᠦᠩ᠂ ᠲᠦᠮᠡᠨ ᠳᠠᠷᠬᠠᠨ ᠲᠠᠶᠢᠵᠢ ᠣᠮᠪᠤ ᠶᠢᠨ ᠬᠥᠪᠡᠭᠦᠨ ᠦᠪᠠᠨ ᠢ ᠲᠦᠰᠢᠶ᠎ᠡ ᠭᠦᠩ᠂ ᠢᠯᠳᠦᠨ ᠬᠤᠰᠢᠭᠤᠴᠢ ᠰᠡᠷᠡᠩ ᠤᠨ ᠬᠥᠪᠡᠭᠦᠨ ᠪᠠᠭᠪᠠᠭ᠋ᠠᠢ ᠶᠢ ᠲᠤᠰᠠᠯᠠᠭᠴᠢ ᠭᠦᠩ ᠢᠶᠠᠷ ᠲᠤᠰ ᠲᠤᠰ ᠡᠷᠭᠦᠮᠵᠢᠯᠡᠵᠦ᠂ ᠪᠣᠷᠣ ᠲᠣᠬᠤᠢ ᠶᠢᠨ ᠬᠤᠶᠢᠲᠤ ᠬᠡᠰᠡᠭ ᠮᠤᠨᠠ ᠠᠭᠤᠯᠠ᠂ ᠬᠤᠶᠠᠷ ᠪᠣᠭᠳᠠ ᠶᠢᠨ ᠬᠤᠭᠤᠷᠤᠨᠳᠤᠬᠢ ᠥᠷᠭᠡᠨ ᠠᠭᠤᠳᠠᠮ ᠨᠤᠲᠤᠭ ᠳᠡᠪᠢᠰᠬᠡᠷ ᠢ ᠪᠡᠯᠴᠢᠭᠡᠷ ᠪᠣᠯᠭᠠᠨ ᠬᠦᠷᠲᠡᠵᠦ᠂ ᠤᠷᠠᠳ ᠠᠶᠢᠮᠠᠭ ᠢ ᠲᠤᠮᠳᠠᠳᠤ᠂ ᠪᠠᠷᠠᠭᠤᠨ᠂ ᠵᠡᠭᠦᠨ ᠭᠤᠷᠪᠠᠨ ᠬᠤᠰᠢᠭᠤ ᠪᠣᠯᠭᠠᠨ ᠬᠤᠪᠢᠶᠠᠵᠤ᠂ ᠤᠯᠠᠭᠠᠨᠴᠠᠪ  ᠤᠨ ᠴᠢᠭᠤᠯᠭᠠᠨ ᠳᠤ ᠵᠠᠬᠢᠷᠤᠭᠤᠯᠪᠠ᠃       ᠭᠤᠷᠪᠠᠨ ᠭᠦᠩ ᠤᠨ ᠳᠣᠲᠣᠷ᠎ᠠ ᠪᠠᠨ ᠡᠮᠦᠨᠡᠲᠦ ᠬᠤᠰᠢᠭᠤ ᠶᠢ ᠦᠪᠡᠨ ᠵᠠᠬᠢᠷᠴᠤ ᠪᠠᠷᠠᠭᠤᠨ ᠭᠦᠩ ᠤᠨ ᠬᠤᠰᠢᠭᠤ ᠭᠡᠵᠦ᠂ ᠬᠤᠶᠢᠲᠤ ᠬᠤᠰᠢᠭᠤ ᠶᠢ ᠲᠣᠪᠠ ᠵᠠᠬᠢᠷᠴᠤ ᠵᠡᠭᠦᠨ ᠭᠦᠩ ᠤᠨ ᠬᠤᠰᠢᠭᠤ ᠭᠡᠵᠦ᠂ ᠲᠤᠮᠳᠠᠳᠤ ᠬᠤᠰᠢᠭᠤ ᠶᠢ ᠪᠠᠭᠪᠠᠭ᠋ᠠᠢ ᠵᠠᠬᠢᠷᠤᠭᠠᠳ ᠲᠤᠮᠳᠠᠳᠤ ᠭᠦᠩ ᠤᠨ ᠬᠤᠰᠢᠭᠤ ᠭᠡᠵᠦ ᠲᠤᠰ ᠲᠤᠰ ᠨᠡᠷᠡᠶᠢᠳᠴᠦ᠂ ᠭᠤᠷᠪᠠᠭᠤᠯᠠ ᠪᠠᠨ ᠵᠠᠰᠠᠭ ᠤᠨ ᠲᠤᠰᠢᠶᠠᠯ ᠢ ᠬᠦᠷᠲᠡᠭᠡᠳ ᠦᠶ᠎ᠡ ᠤᠯᠠᠷᠢᠨ ᠵᠠᠯᠭᠠᠮᠵᠢᠯᠠᠪᠠ᠃ ᠡᠭᠦᠨ ᠢ ᠤᠷᠠᠳ ᠤᠨ ᠭᠤᠷᠪᠠᠨ ᠭᠦᠩ ᠤᠨ ᠬᠤᠰᠢᠭᠤ ᠭᠡᠳᠡᠭ‌ᠶᠤᠮ᠃ ᠲᠡᠳᠡᠨ ᠤ ᠲᠤᠬᠠᠢ ᠶᠢᠨ ᠦᠶ᠎ᠡ ᠶᠢᠨ ᠡᠭᠦᠷᠭᠡ ᠪᠣᠯ ᠬᠠᠯᠬ᠎ᠠ ᠶᠢᠨ ᠳᠣᠪᠲᠤᠯᠤᠯ ᠠᠴᠠ ᠰᠡᠷᠭᠡᠶᠢᠯᠡᠬᠦ ᠶᠢᠨ ᠲᠥᠯᠥᠭᠡ ᠮᠤᠨᠠ᠂ ᠬᠤᠱᠣᠣ᠂ ᠰᠠᠭᠠᠳᠠᠭ᠂ ᠬᠥᠨᠳᠡᠯᠡᠨ ᠤ ᠠᠮᠠ ᠵᠡᠷᠭᠡ ᠭᠤᠷᠪᠠᠨ ᠰᠦᠪᠡ ᠶᠢ ᠰᠠᠬᠢᠨ ᠬᠠᠮᠠᠭᠠᠯᠠᠬᠤ ᠡᠭᠦᠷᠭᠡ ᠲᠠᠢ ᠪᠠᠶᠢᠵᠠᠢ᠃                                            ᠮᠣᠩᠭᠤᠯ ᠲᠡᠦᠬᠡ ᠰᠣᠶᠣᠯ ᠤᠨ ᠰᠣᠩᠭᠤᠳᠠᠭ ᠵᠣᠬᠢᠶᠠᠯ  ᠤᠨ ᠬᠥᠮᠥᠷᠭᠡ᠂                                          ᠵᠠᠩ ᠦᠢᠯᠡ ᠶᠢᠨ ᠴᠤᠪᠤᠷᠠᠯ ︽ᠤᠷᠠᠳ ᠵᠠᠩ ᠦᠢᠯᠡ︾ ᠠᠴᠠ ᠪᠠᠭᠤᠯᠭᠠᠪᠠ  
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ