ᠤᠷᠠᠳᠴᠤᠳ ᠤᠨ ᠦᠷ᠎ᠡ ᠬᠡᠦᠬᠡᠳ ᠢᠶᠠᠨ ᠰᠤᠷᠭᠠᠬᠤ ᠶᠣᠰᠣᠨ
ᠨᠡᠶᠢᠲᠡᠯᠡᠭᠰᠡᠨ ᠴᠠᠭ᠄
2024/7/11
      ᠬᠡᠦᠬᠡᠳ ᠪᠣᠯ ᠤᠯᠤᠰ ᠦᠨᠳᠦᠰᠦᠲᠡᠨ ᠤ ᠠᠯᠤᠰ ᠢᠷᠡᠭᠡᠳᠦᠢ᠂ ᠬᠥᠮᠥᠨ ᠲᠥᠷᠥᠯᠬᠢᠲᠡᠨ ᠤ ᠬᠥᠭᠵᠢᠵᠦ ᠮᠠᠨᠳᠤᠬᠤ ᠶᠢᠨ ᠦᠨᠳᠦᠰᠦ ᠰᠠᠭᠤᠷᠢ᠂ ᠭᠡᠷ ᠤᠨ ᠬᠤᠸᠠᠷ ᠴᠡᠴᠡᠭ ᠭᠡᠵᠦ ᠬᠥᠮᠥᠰ ᠦᠷᠬᠦᠯᠵᠢ ᠶᠠᠷᠢᠳᠠᠭ᠃ ᠤᠷᠠᠳᠴᠤᠳ ︽ᠬᠥᠮᠥᠨ ᠪᠤᠯᠬᠤ ᠳᠤ ᠪᠠᠭ᠎ᠠ ᠠᠴᠠ ᠪᠠᠨ ᠬᠦᠯᠦᠭ ᠪᠤᠯᠬᠤ ᠤᠨᠠᠭᠠᠨ ᠠᠴᠠ ᠪᠠᠨ︾ ᠭᠡᠰᠡᠨ ᠮᠣᠩᠭᠤᠯ ᠤᠨ ᠰᠠᠶᠢᠬᠠᠨ ᠰᠡᠴᠡᠨ ᠮᠡᠷᠭᠡᠨ ᠰᠤᠷᠭᠠᠯ ᠦᠭᠡ ᠪᠠᠷ ᠦᠨᠳᠦᠰᠦᠯᠡᠯ ᠪᠤᠯᠭᠠᠵᠤ᠂ ᠦᠷ᠎ᠡ ᠬᠤᠶᠢᠴᠢᠰ ᠢᠶᠠᠨ ᠨᠢᠯᠬ᠎ᠠ ᠪᠠᠭ᠎ᠠ ᠨᠠᠰᠤ ᠠᠴᠠ ᠨᠢ ᠡᠬᠢᠯᠡᠵᠦ ᠶᠣᠰᠣ ᠰᠤᠷᠲᠠᠬᠤᠨ᠂ ᠠᠵᠢᠯ ᠬᠦᠳᠡᠯᠮᠦᠷᠢ ᠳᠤ ᠰᠤᠷᠭᠠᠬᠤ ᠪᠠᠨ ᠲᠤᠶᠢᠯ ᠢᠶᠠᠷ ᠴᠢᠬᠤᠯᠠᠴᠢᠯᠠᠨ ᠠᠳᠬᠤᠳᠠᠭ ᠳᠠᠳᠬᠠᠯ ᠲᠠᠢ᠃ ᠲᠡᠲᠡ ᠬᠡᠦᠬᠡᠳ ᠪᠠᠭᠠᠴᠤᠳ ᠢ ᠰᠤᠷᠭᠠᠨ ᠬᠥᠮᠥᠵᠢᠭᠦᠯᠬᠦ ᠪᠠᠨ ᠨᠡᠶᠢᠭᠡᠮ ᠤᠨ ᠴᠢᠬᠤᠯᠠ ᠠᠵᠢᠯ ᠪᠤᠯᠭᠠᠵᠤ᠂ ᠬᠡᠦᠬᠡᠳ ᠤᠨ ᠲᠦᠷᠦᠭᠰᠡᠨ ᠡᠴᠢᠭᠡ ᠡᠬᠡ ᠡᠪᠦᠭᠡ ᠡᠮᠡᠭᠡ ᠠᠴᠠ ᠡᠬᠢᠯᠡᠵᠦ ᠲᠦᠷᠦᠯ ᠰᠠᠳᠤᠨ ᠵᠢᠴᠢ ᠲᠦᠷᠦᠯ ᠰᠠᠳᠤᠨ ᠪᠢᠰᠢ ᠭᠡᠵᠦ ᠢᠯᠭᠠᠯ ᠦᠭᠡᠢ ᠪᠦᠬᠦ ᠨᠡᠶᠢᠭᠡᠮ ᠢᠶᠠᠷ ᠢᠶᠠᠨ ᠰᠠᠨᠠᠭ᠎ᠠ ᠲᠠᠯᠪᠢᠨ ᠪᠣᠳᠣᠯᠬᠢᠯᠠᠵᠤ ᠬᠥᠮᠥᠨ ᠪᠦᠬᠦᠨ ᠭᠠᠷ ᠣᠷᠣᠯᠴᠠᠨ ᠲᠤᠩ ᠨᠠᠷᠢᠨ ᠨᠢᠮᠪᠠᠢ ᠴᠢᠬᠤᠯᠠᠴᠢᠯᠠᠨ ᠠᠳᠬᠤᠳᠠᠭ ᠵᠠᠩᠰᠢᠯ  ᠲᠠᠢ ᠪᠠᠶᠢᠳᠠᠭ᠃       ᠤᠷᠠᠳᠴᠤᠳ ᠦᠷ᠎ᠡ ᠬᠡᠦᠬᠡᠳ ᠢᠶᠠᠨ ᠬᠥᠮᠥᠨ ᠪᠤᠯᠭᠠᠬᠤ ᠰᠤᠷᠭᠠᠯ ᠢ ᠪᠠᠭ᠎ᠠ ᠠᠴᠠ ᠨᠢ ᠡᠬᠢᠯᠡᠵᠦ ᠭᠠᠷᠳᠠᠨ ᠠᠳᠬᠤᠳᠠᠭ᠃ ᠬᠡᠦᠬᠡᠳ ᠤᠨ ᠰᠡᠷᠡᠯ ᠨᠡᠭᠡᠭᠡᠭᠳᠡᠵᠦ ᠵᠣᠬᠢᠬᠤ ᠵᠦᠢᠯᠡᠰ ᠣᠶᠢᠯᠠᠭᠠᠵᠤ ᠡᠵᠡᠮᠰᠢᠬᠦ ᠶᠢ ᠳᠠᠭᠠᠯᠳᠤᠭᠤᠯᠵᠤ᠂ ᠶᠠᠭᠤᠨ ᠤ ᠡᠮᠦᠨ᠎ᠡ ︽ᠶᠠᠭᠤ ᠶᠢ ᠵᠥᠪ ᠭᠤᠸ᠎ᠠ ᠰᠠᠶᠢᠬᠠᠨ ᠭᠡᠬᠦ᠂ ᠶᠠᠭᠤ ᠶᠢ ᠪᠤᠷᠤᠭᠤ ᠮᠠᠭᠤ ᠮᠠᠭᠤᠬᠠᠢ ᠪᠤᠯᠬᠤ︾ ᠭᠡᠳᠡᠭ ᠠᠴᠠ ᠡᠬᠢᠯᠡᠵᠦ ᠰᠤᠷᠭᠠᠯ ᠬᠦᠷᠲᠡᠭᠡᠳᠡᠭ᠃ ᠲᠡᠲᠡ ᠡᠨᠡᠬᠦ ᠰᠤᠷᠭᠠᠨ ᠬᠥᠮᠦᠵᠢᠯ ᠢᠶᠠᠨ ᠬᠡᠦᠬᠡᠳ ᠦᠭᠡ ᠬᠡᠯᠡᠵᠦ ᠡᠬᠢᠯᠡᠬᠦ ᠲᠠᠢ ᠤᠶᠠᠯᠳᠤᠭᠤᠯᠤᠨ ᠤᠷᠳᠤ ᠬᠤᠭᠤᠴᠠᠭ᠎ᠠ ᠬᠠᠯᠠᠰᠢᠷᠠᠯ ᠦᠭᠡᠢ ᠴᠢᠩᠭ᠎ᠠ ᠨᠢᠮᠪᠠᠢ ᠠᠳᠬᠤᠳᠠᠭ ᠵᠠᠩᠰᠢᠯ ᠲᠠᠢ᠃ ᠬᠠᠷᠢᠨ ᠬᠡᠦᠬᠡᠳ ᠭᠦᠢᠴᠡᠳ ᠦᠭᠡ ᠬᠡᠯᠡᠵᠦ ᠰᠤᠷᠤᠭᠠᠳ ᠰᠡᠷᠡᠯ ᠨᠢ ᠪᠣᠶᠢᠵᠢᠵᠤ ᠵᠣᠬᠢᠬᠤ ᠵᠦᠢᠯ ᠢ ᠢᠯᠭᠠᠨ ᠰᠠᠯᠭᠠᠵᠤ ᠴᠢᠳᠠᠬᠤ ᠴᠢᠳᠠᠪᠤᠷᠢᠲᠠᠢ ᠪᠤᠯᠬᠤ ᠶᠢ ᠳᠠᠭᠠᠯᠳᠤᠭᠤᠯᠤᠨ ᠣᠶᠢᠯᠭᠠᠵᠤ ᠡᠵᠡᠮᠰᠢᠬᠦ ᠳᠤ ᠲᠦᠬᠦᠮ ᠬᠢᠯᠪᠠᠷ᠂ ᠬᠡᠦᠬᠡᠳ ᠤᠨ ᠪᠡᠶ᠎ᠡ ᠴᠣᠭᠴᠠᠰ ᠤᠨ ᠪᠣᠳᠠᠲᠠᠢ ᠠᠴᠠ ᠡᠭᠦᠰᠦᠭᠰᠡᠨ ᠣᠬᠤᠷ ᠠᠪᠰᠠᠷᠬᠠᠨ ᠦᠭᠡ ᠥᠭᠦᠯᠡᠪᠦᠷᠢ ᠲᠠᠢ ᠤᠷᠠᠨ ᠬᠤᠯᠪᠤᠭ᠎ᠠ ᠬᠤᠱᠣᠩ ᠦᠭᠡ᠂ ᠬᠡᠯᠡ ᠵᠠᠰᠠᠵᠤ ᠴᠡᠪᠡᠷᠰᠢᠭᠦᠯᠦᠨ ᠰᠠᠶᠢᠵᠢᠷᠠᠭᠤᠯᠬᠤ ᠦᠭᠡ᠂ ᠣᠨᠢᠰᠤᠭ᠎ᠠ ᠵᠢᠭᠠᠨ ᠥᠭᠴᠦ᠂ ᠨᠢᠭᠡ ᠲᠠᠯ᠎ᠠ ᠪᠠᠷ ᠬᠡᠯᠡ ᠬᠡᠯᠡᠯᠭᠡ ᠶᠢ ᠨᠢ ᠴᠡᠪᠡᠷᠰᠢᠭᠦᠯᠵᠦ ᠪᠣᠯᠪᠠᠰᠤᠷᠠᠭᠤᠯᠤᠨ ᠲᠡᠭᠡᠭᠰᠢᠯᠡᠬᠦᠯᠵᠤ᠂ ᠨᠦᠭᠦᠭᠡ ᠲᠠᠯ᠎ᠠ ᠪᠠᠷ ᠴᠡᠭᠡᠵᠢᠯᠡᠵᠦ ᠡᠵᠡᠮᠰᠢᠬᠦ ᠴᠢᠳᠠᠪᠤᠷᠢ ᠶᠢ ᠨᠢ ᠬᠥᠮᠥᠵᠢᠭᠦᠯᠵᠦ ᠤᠶᠤᠨ ᠠᠪᠢᠶᠠᠰ ᠢ ᠨᠢ ᠨᠡᠭᠡᠭᠡᠭᠳᠡᠭᠦᠯᠬᠦ ᠠᠷᠭ᠎ᠠ ᠬᠡᠮᠵᠢᠶ᠎ᠡ ᠠᠪᠳᠠᠭ᠃ ᠡᠨᠡ ᠠᠷᠭ᠎ᠠ ᠨᠢ ᠬᠡᠦᠬᠡᠳ ᠤᠨ ᠬᠡᠯᠡᠵᠦ ᠶᠠᠷᠢᠵᠤ ᠢᠯᠡᠳᠬᠡᠬᠦ ᠴᠢᠳᠠᠪᠤᠷᠢ ᠶᠢ ᠪᠤᠰᠢᠭᠤ ᠲᠦᠷᠭᠡᠨ ᠰᠠᠶᠢᠵᠢᠷᠠᠭᠤᠯᠤᠨ ᠲᠡᠭᠡᠭᠰᠢᠯᠡᠬᠦᠯᠵᠤ ᠴᠢᠳᠠᠬᠤ ᠮᠥᠷᠲᠡᠭᠡᠨ ᠤᠶᠤᠨ ᠲᠠᠷᠢᠬᠢ ᠰᠡᠷᠡᠯ ᠢ  ᠨᠢ ᠨᠡᠭᠡᠭᠡᠭᠳᠡᠭᠦᠯᠦᠨ ᠬᠥᠭᠵᠢᠭᠦᠯᠬᠦ ᠴᠢᠬᠤᠯᠠ ᠦᠢᠯᠡᠳᠦᠯ ᠭᠠᠷᠭᠠᠳᠠᠭ᠃ ᠬᠡᠦᠬᠡᠳ ᠬᠡᠳᠦᠶᠢᠪᠡᠷ ᠦᠭᠡ ᠴᠡᠪᠡᠷ ᠲᠣᠳᠣ ᠪᠦᠷᠢᠨ ᠭᠦᠢᠴᠡᠳ ᠬᠡᠯᠡᠵᠦ ᠢᠯᠡᠳᠬᠡᠬᠦ ᠴᠢᠳᠠᠪᠤᠷᠢ ᠲᠠᠢ ᠪᠤᠯᠪᠠᠴᠤ᠂ ᠪᠠᠰᠠ ᠶᠣᠰᠣ ᠤᠴᠢᠷ᠂ ᠵᠥᠪ ᠪᠤᠷᠤᠭᠤ  ᠶᠢ ᠲᠣᠳᠣᠷᠬᠠᠢ ᠢᠯᠭᠠᠨ ᠰᠠᠯᠭᠠᠵᠤ ᠴᠢᠳᠠᠬᠤ ᠦᠭᠡᠢ ᠪᠠᠶᠢᠳᠠᠭ᠃ ᠲᠡᠷᠡ ᠨᠢ ᠬᠡᠦᠬᠡᠳ ᠤᠨ ᠥᠰᠦᠯᠲᠡ ᠨᠠᠰᠤᠨ ᠤ ᠵᠠᠶᠢᠯᠠᠰᠢ ᠦᠭᠡᠢ ᠵᠢᠮ᠎ᠡ ᠶᠣᠰᠣ ᠶᠤᠮ᠃ ᠡᠨᠡ ᠦᠶᠡᠰ ᠲᠡᠲᠡ ᠬᠡᠦᠬᠡᠳ ᠰᠤᠷᠭᠠᠬᠤ ᠠᠷᠭ᠎ᠠ ᠬᠡᠯᠪᠡᠷᠢ ᠪᠠᠨ ᠤᠯᠠᠮ ᠨᠢᠭᠡ ᠠᠯᠬᠤᠮ ᠭᠦᠨᠵᠡᠭᠡᠶᠢᠷᠡᠭᠦᠯᠵᠦ᠂ ᠮᠥᠨᠴᠦ ᠬᠡᠦᠬᠡᠳ ᠤᠨ ᠬᠦᠯᠢᠶᠡᠬᠦ ᠴᠢᠳᠠᠪᠤᠷᠢ ᠶᠢ ᠦᠨᠳᠦᠰᠦᠯᠡᠵᠦ ᠣᠨᠢᠰᠤᠭ᠎ᠠ ᠴᠡᠭᠡᠵᠢᠯᠡᠭᠦᠯᠦᠨ ᠲᠠᠭᠠᠯᠭᠠᠬᠤ᠂ ᠵᠦᠢᠷ ᠰᠡᠴᠡᠨ ᠦᠭᠡ ᠵᠢᠭᠠᠬᠤ᠂ ᠣᠬᠤᠷ ᠲᠦᠬᠦᠮ ᠢᠷᠦᠭᠡᠯ ᠮᠠᠭᠲᠠᠭᠠᠯ᠂ ᠰᠢᠯᠦᠭ ᠵᠢᠭᠠᠬᠤ᠂ ᠳᠠᠭᠤᠤ ᠳᠠᠭᠤᠯᠠᠵᠤ ᠰᠤᠷᠭᠠᠬᠤ ᠮᠡᠲᠦ ᠬᠥᠮᠦᠵᠢᠯ ᠢᠶᠠᠷ ᠲᠠᠮᠵᠢᠨ ᠤᠶᠤᠨ ᠢ ᠨᠢ ᠨᠡᠭᠡᠭᠡᠭᠳᠡᠭᠦᠯᠬᠦ ᠬᠥᠮᠦᠵᠢᠯ ᠢ ᠠᠳᠬᠤᠳᠠᠭ᠃ ᠬᠡᠦᠬᠡᠳ ᠤᠨ ᠪᠡᠶ᠎ᠡ ᠮᠠᠬᠠᠪᠤᠳ ᠦᠰᠦᠨ ᠪᠣᠶᠢᠵᠢᠵᠤ ᠤᠶᠤᠨ ᠰᠡᠷᠡᠯ ᠨᠡᠭᠡᠭᠡᠭᠳᠡᠵᠦ ᠬᠥᠭᠵᠢᠬᠦ ᠲᠠᠢ ᠤᠶᠠᠯᠳᠤᠭᠤᠯᠵᠤ᠂ ᠠᠷᠢᠭᠤᠨ ᠴᠡᠪᠡᠷ ᠬᠥᠮᠥᠨ ᠪᠣᠯᠵᠤ ᠬᠥᠮᠥᠵᠢᠭᠳᠡᠬᠦ ᠳᠤ ᠨᠢ ᠠᠯᠤᠰ ᠬᠡᠳᠦ ᠶᠢᠨ ᠠᠴᠢ ᠬᠤᠯᠪᠣᠭᠳᠠᠯ ᠲᠠᠢ ᠤᠳᠬ᠎ᠠ ᠠᠭᠤᠯᠭ᠎ᠠ ᠪᠠᠷ ᠭᠦᠨ ᠰᠢᠭ ᠦᠯᠢᠭᠡᠷ᠂ ᠲᠤᠮᠤᠭ ᠶᠠᠷᠢᠶ᠎ᠠ᠂ ᠰᠢᠯᠦᠭ ᠬᠤᠯᠪᠤᠭ᠎ᠠ᠂ ᠢᠷᠦᠭᠡᠯ ᠮᠠᠭᠲᠠᠭᠠᠯ᠂ ᠴᠡᠭᠡᠷ ᠬᠤᠷᠢᠭ᠎ᠠ ᠨᠤᠭᠤᠳ ᠢ ᠵᠢᠭᠠᠨ ᠥᠭᠴᠦ ᠴᠡᠭᠡᠵᠢᠯᠡᠵᠦ ᠡᠵᠡᠮᠰᠢᠬᠦ ᠴᠢᠳᠠᠪᠤᠷᠢ ᠶᠢ ᠨᠢ ᠲᠠᠬᠢᠨ ᠳᠠᠪᠲᠠᠨ ᠪᠤᠯᠪᠠᠰᠤᠷᠠᠭᠤᠯᠵᠤ᠂ ᠤᠶᠤᠨ ᠰᠠᠨᠠᠭ᠎ᠠ᠂ ᠶᠣᠰᠣ ᠰᠤᠷᠲᠠᠬᠤᠨ ᠤ ᠬᠥᠮᠦᠵᠢᠯ ᠬᠦᠷᠲᠡᠭᠡᠳᠡᠭ᠃ ᠲᠡᠲᠡ ᠶᠡᠷᠦ ᠠᠴᠠ ᠦᠷ᠎ᠡ ᠬᠡᠦᠬᠡᠳ ᠢᠶᠠᠨ ᠰᠤᠷᠴᠤ ᠡᠵᠡᠮᠰᠢᠬᠦ ᠥᠭᠡᠳᠡ ᠵᠢᠯᠣᠭᠤᠳᠤᠨ ᠬᠥᠲᠥᠯᠵᠦ ᠬᠥᠮᠥᠨ ᠪᠤᠯᠬᠤ ᠬᠥᠮᠦᠵᠢᠯ ᠢ ᠤᠷᠳᠤ ᠬᠤᠭᠤᠴᠠᠭ᠎ᠠ ᠪᠠᠷ ᠳᠠᠭᠠᠭᠠᠮᠠᠭᠠᠢ ᠠᠳᠬᠤᠳᠠᠭ ᠵᠠᠩᠰᠢᠯ ᠲᠠᠢ᠃        ᠤᠷᠠᠳᠴᠤᠳ ᠦᠷ᠎ᠡ ᠬᠡᠦᠬᠡᠳ ᠤᠨ ᠰᠤᠷᠭᠠᠨ ᠬᠥᠮᠦᠵᠢᠯ ᠢᠶᠠᠨ ᠶᠡᠷᠦ ᠠᠴᠠ ᠡᠳᠦᠷ ᠲᠤᠳᠤᠮ ᠤᠨ ᠠᠮᠢᠳᠤᠷᠠᠯ ᠲᠠᠢ ᠨᠢ ᠣᠷᠭᠠᠨᠢᠭ ᠨᠢᠭᠲᠠ ᠤᠶᠠᠯᠳᠤᠭᠤᠯᠤᠨ ᠬᠤᠯᠪᠣᠭᠳᠠᠭᠤᠯᠵᠤ ᠢᠳᠡᠵᠦ ᠤᠤᠭᠤᠬᠤ᠂ ᠤᠨᠲᠠᠵᠤ ᠨᠠᠭᠠᠳᠬᠤ ᠲᠠᠢ ᠤᠶᠠᠯᠳᠤᠭᠤᠯᠤᠨ ᠠᠳᠬᠤᠳᠠᠭ ᠠᠷᠭ᠎ᠠ ᠵᠠᠩᠰᠢᠯ ᠲᠠᠢ᠃ ᠵᠢᠱᠢᠶᠡᠯᠡᠪᠡᠯ᠄ ︽ᠬᠡᠪᠲᠡᠵᠦ ᠬᠠᠵᠠᠭᠤᠯᠠᠵᠤ ᠪᠠᠶᠢᠭᠠᠳ ᠢᠳᠡᠭᠡᠨ ᠢᠳᠡᠵᠦ ᠪᠤᠯᠬᠤ ᠦᠭᠡᠢ᠂ ᠵᠠᠪᠠᠯ ᠲᠡᠭᠰᠢ ᠰᠠᠶᠢᠬᠠᠨ ᠰᠠᠭᠤᠵᠤ ᠪᠠᠶᠢᠭᠠᠳ ᠬᠤᠭᠤᠯᠠ ᠪᠤᠳᠠᠭ᠎ᠠ ᠪᠠᠨ ᠢᠳᠡᠬᠦ ᠬᠡᠷᠡᠭᠲᠡᠢ᠃ ᠪᠤᠳᠠᠭ᠎ᠠ ᠬᠤᠭᠤᠯᠠ ᠢᠳᠡᠵᠦ ᠤᠤᠭᠤᠬᠤ ᠦᠶᠡᠰ ᠦᠭᠡ ᠶᠠᠷᠢᠶ᠎ᠠ ᠶᠠᠷᠢᠵᠤ ᠪᠤᠯᠬᠤ ᠦᠭᠡᠢ᠂ ᠨᠠᠮ ᠰᠡᠯᠡᠭᠦᠨ ᠣᠷᠴᠢᠨ ᠲᠣᠭᠤᠷᠢᠨ ᠢ ᠪᠠᠷᠢᠮᠲᠠᠯᠠᠬᠤ ᠬᠡᠷᠡᠭᠲᠡᠢ᠂ ᠡᠷᠲᠡ ᠪᠣᠰᠴᠤ ᠡᠷᠲᠡ ᠤᠨᠲᠠᠬᠤ᠂ ᠨᠠᠭᠠᠳᠴᠤ ᠲᠣᠭᠯᠠᠬᠤ ᠳᠤ ᠪᠠᠨ ᠬᠠᠷᠢᠯᠴᠠᠨ ᠬᠦᠨᠳᠤᠳᠭᠡᠵᠤ ᠨᠠᠶᠢᠷ ᠲᠠᠯᠪᠢᠵᠤ ᠬᠡᠷᠡᠭᠦᠯ ᠴᠤᠤᠭᠢᠶᠠᠨ ᠭᠠᠷᠭᠠᠵᠤ ᠪᠤᠯᠬᠤ ᠦᠭᠡᠢ︾ ᠭᠡᠬᠦ ᠮᠡᠲᠦᠴᠢᠯᠡᠨ ᠠᠷᠪᠢᠨ ᠪᠣᠳᠠᠲᠠᠢ ᠠᠴᠠ ᠡᠭᠦᠰᠦᠭᠰᠡᠨ ᠬᠥᠮᠦᠵᠢᠯ ᠰᠤᠷᠭᠠᠳᠠᠭ ᠪᠣᠯᠪᠠᠰᠤᠨ ᠰᠠᠶᠢᠬᠠᠨ ᠵᠠᠩ ᠵᠠᠩᠰᠢᠯ ᠲᠠᠢ ᠪᠠᠶᠢᠳᠠᠭ᠃ ᠲᠡᠳᠡᠭᠡᠷ ᠨᠢ ᠤᠷᠠᠳᠴᠤᠳ ᠤᠨ ᠦᠷ᠎ᠡ ᠬᠡᠦᠬᠡᠳ ᠢᠶᠠᠨ ᠬᠥᠮᠥᠨ ᠪᠤᠯᠭᠠᠬᠤ ᠬᠥᠮᠦᠵᠢᠯ ᠬᠦᠷᠲᠡᠭᠡᠬᠦ ᠠᠷᠭ᠎ᠠ ᠪᠣᠯᠣᠨ ᠬᠡᠪᠰᠢᠵᠦ ᠤᠷᠳᠤ ᠬᠤᠭᠤᠴᠠᠭ᠎ᠠ ᠪᠠᠷ ᠨᠡᠶᠢᠳᠡᠮ ᠬᠠᠳᠠᠭᠠᠯᠠᠭᠳᠠᠵᠤ ᠢᠷᠡᠭᠰᠡᠨ ᠪᠢᠯᠡ᠃ ᠦᠷ᠎ᠡ ᠬᠡᠦᠬᠡᠳ ᠢᠶᠠᠨ ᠪᠠᠭ᠎ᠠ ᠠᠴᠠ ᠡᠬᠢᠯᠡᠵᠦ ᠠᠵᠢᠯ ᠬᠦᠳᠡᠯᠮᠦᠷᠢ ᠳᠤ ᠣᠷᠣᠯᠴᠠᠭᠤᠯᠵᠤ᠂ ᠲᠡᠭᠦᠨ ᠢ ᠰᠤᠷᠬᠤ ᠪᠠ ᠬᠠᠶᠢᠷᠠᠯᠠᠬᠤ ᠵᠠᠩᠰᠢᠯ ᠲᠠᠢ ᠪᠣᠯᠭᠠᠨ ᠰᠤᠷᠭᠠᠳᠠᠭ᠃ ᠤᠷᠠᠳᠴᠤᠳ ᠬᠡᠦᠬᠡᠳ ᠢᠶᠠᠨ ᠡᠬᠢᠯᠡᠵᠦ ᠬᠤᠪᠴᠠᠰᠤ ᠬᠤᠨᠠᠷ ᠢᠶᠠᠨ ᠪᠠᠭᠯᠠᠵᠤ ᠡᠪᠬᠡᠨ ᠲᠢᠭᠯᠡᠵᠤ ᠬᠤᠷᠢᠶᠠᠨ ᠲᠠᠯᠪᠢᠬᠤ ᠠᠴᠠ ᠭᠠᠷᠳᠠᠵᠤ᠂ ᠬᠦᠳᠡᠯᠮᠦᠷᠢ ᠰᠤᠷᠭᠠᠳᠠᠭ᠃ ᠪᠡᠶ᠎ᠡ ᠥᠰᠴᠦ ᠵᠣᠬᠢᠬᠤ ᠬᠦᠴᠦ ᠲᠠᠮᠢᠷ᠂ ᠴᠢᠳᠠᠪᠤᠷᠢᠲᠠᠢ ᠪᠣᠯᠪᠠᠯ ᠬᠤᠭ ᠦᠨᠡᠰᠦ ᠪᠠᠨ ᠠᠰᠬᠠᠵᠤ ᠬᠠᠶᠠᠬᠤ᠂ ᠭᠠᠳᠠᠨ᠎ᠠ ᠠᠴᠠ ᠠᠷᠭᠠᠯ ᠲᠦᠯᠡᠰᠢ ᠭᠡᠷ  ᠲᠤ ᠵᠥᠭᠡᠭᠡᠵᠦ ᠤᠷᠤᠭᠤᠯᠬᠤ᠂ ᠬᠥᠰᠡᠷ ᠱᠦᠭᠦᠷᠳᠡᠬᠦ᠂ ᠠᠪᠳᠠᠷ᠎ᠠ ᠰᠠᠪᠠ ᠠᠷᠴᠢᠵᠤ ᠵᠦᠯᠭᠦᠬᠦ᠂ ᠭᠠᠯ ᠲᠦᠯᠡᠵᠦ ᠤᠰᠤ ᠴᠠᠢ ᠪᠤᠴᠠᠯᠭᠠᠬᠤ᠂ ᠲᠣᠭᠤᠭ᠎ᠠ ᠰᠢᠨᠠᠭ᠎ᠠ ᠠᠶᠠᠭ᠎ᠠ ᠰᠢᠨᠠᠭ᠎ᠠ ᠤᠬᠢᠶᠠᠵᠤ ᠠᠷᠴᠢᠬᠤ᠂ ᠵᠡᠭᠦᠦ ᠤᠲᠠᠰᠤ ᠰᠦᠪᠡᠯᠡᠬᠦ᠂ ᠪᠡᠯᠴᠢᠵᠦ ᠢᠳᠡᠰᠢᠯᠡᠭᠰᠡᠨ ᠬᠤᠨᠢ ᠢᠮᠠᠭ᠎ᠠ ᠪᠠᠨ ᠪᠤᠴᠠᠭᠠᠵᠤ ᠠᠪᠴᠢᠷᠠᠬᠤ᠂ ᠬᠥᠭᠰᠢᠳ ᠨᠠᠰᠤᠲᠠᠶᠢᠴᠤᠳ ᠢᠶᠠᠨ ᠲᠠᠭᠠᠨ ᠬᠠᠮᠵᠢᠵᠤ ᠬᠤᠷᠠᠭ᠎ᠠ ᠢᠰᠢᠭᠡ ᠬᠠᠷᠢᠭᠤᠯᠬᠤ᠂ ᠦᠳᠡᠰᠢ ᠣᠷᠣᠢ ᠮᠠᠯ ᠬᠠᠷᠢᠭᠤᠯᠬᠤ᠂ ᠲᠥᠯ ᠬᠥᠬᠦᠭᠦᠯᠵᠦ ᠢᠯᠭᠠᠬᠤ᠂ ᠬᠤᠨᠢ ᠢᠮᠠᠭ᠎ᠠ ᠲᠠᠰᠢᠵᠤ ᠰᠠᠭᠠᠬᠤ᠂ ᠴᠢᠳᠦᠷᠯᠡᠵᠦ ᠪᠡᠯᠴᠢᠭᠡᠷᠯᠡᠭᠦᠯᠦᠭᠰᠡᠨ ᠮᠣᠷᠢ᠂ ᠲᠤᠱᠠ ᠳᠠᠷᠤᠭᠤᠯᠭ᠎ᠠ ᠲᠠᠢ ᠲᠠᠯᠪᠢᠭᠰᠠᠨ ᠲᠡᠮᠡᠭᠡ ᠪᠠᠨ ᠶᠡᠭᠡ ᠬᠥᠮᠥᠰ ᠲᠠᠢ ᠬᠠᠪᠰᠤᠷᠴᠤ ᠪᠠᠷᠢᠵᠤ ᠠᠪᠴᠢᠷᠠᠬᠤ᠂ ᠶᠡᠭᠡ ᠬᠥᠮᠥᠨ ᠲᠠᠢ ᠬᠠᠮᠲᠤ ᠮᠣᠷᠢ᠂ ᠲᠡᠮᠡᠭᠡ ᠰᠤᠨᠳᠠᠯᠠᠵᠤ ᠤᠨᠤᠵᠤ ᠵᠠᠶᠢᠳᠠᠯᠠᠬᠤ ᠶᠢ ᠰᠤᠷᠬᠤ ᠮᠡᠲᠦ ᠮᠠᠯᠵᠢᠬᠤ ᠣᠷᠣᠨ ᠤ ᠡᠳᠦᠷ ᠲᠤᠳᠤᠮ ᠤᠨ ᠥᠨᠢᠳᠡ ᠰᠠᠯᠵᠤ ᠪᠣᠯᠣᠰᠢ ᠦᠭᠡᠢ ᠬᠠᠷ᠎ᠠ ᠪᠣᠷᠣ ᠮᠠᠯ ᠠᠳᠤᠭᠤ ᠲᠠᠢ ᠣᠶᠢᠷᠠᠲᠤᠵᠤ ᠬᠠᠪᠢᠳᠠᠬᠤ ᠠᠵᠢᠯ ᠤᠳ ᠢ ᠡᠮᠬᠢ ᠲᠠᠷᠠᠭ᠎ᠠ ᠲᠠᠢ ᠨᠢᠭᠡᠳ ᠨᠢᠭᠡ ᠪᠠᠷ ᠬᠢᠯᠬᠡᠵᠤ ᠰᠤᠷᠭᠠᠳᠠᠭ᠃ ᠲᠡᠷᠡ ᠨᠢ ᠬᠡᠦᠬᠡᠳ ᠮᠠᠯ ᠲᠠᠢ ᠢᠵᠢᠯᠢᠰᠢᠨ ᠳᠠᠳᠬᠤ᠂ ᠮᠠᠯ ᠤᠨ ᠡᠪ ᠵᠦᠢ ᠶᠢ ᠣᠯᠵᠤ ᠡᠵᠡᠮᠰᠢᠬᠦ ᠳᠤ ᠶᠡᠬᠡᠬᠡᠨ ᠠᠰᠢᠭ ᠲᠠᠢ ᠪᠠᠶᠢᠵᠤ᠂ ᠠᠩᠬ᠎ᠠ ᠠᠯᠬᠤᠮ ᠤᠨ ᠮᠠᠯᠵᠢᠯ ᠤᠨ ᠰᠠᠭᠤᠷᠢ ᠮᠡᠳᠡᠯᠭᠡ ᠣᠯᠵᠤ ᠡᠵᠡᠮᠰᠢᠬᠦ ᠳᠤ ᠨᠢ ᠲᠤᠰᠠ ᠪᠤᠯᠳᠠᠭ ᠶᠤᠮ᠃       ᠤᠷᠠᠳᠴᠤᠳ ᠦᠷ᠎ᠡ ᠬᠡᠦᠬᠡᠳ ᠢᠶᠠᠨ ᠬᠦᠦ᠂ ᠬᠡᠦᠬᠡᠨ ᠭᠡᠵᠦ ᠢᠯᠭᠠᠬᠤ ᠦᠭᠡᠢ ᠪᠠᠷ ᠲᠤᠯᠤᠭᠠᠨ ᠨᠠᠰᠤᠨ ᠠᠴᠠ ᠡᠬᠢᠯᠡᠵᠦ ᠠᠷᠪᠠᠨ ᠭᠤᠷᠪᠠ ᠳᠥᠷᠪᠡ ᠬᠦᠷᠲᠡᠯᠡᠬᠢ ᠦᠶ᠎ᠡ ᠳᠤ ᠲᠡᠮᠡᠭᠡ᠂ ᠮᠣᠷᠢ ᠵᠠᠶᠢᠳᠠᠯᠠᠭᠤᠯᠵᠤ ᠤᠨᠤᠭᠤᠯᠳᠠᠭ ᠵᠠᠩᠰᠢᠯ ᠲᠠᠢ᠃ ᠤᠷᠠᠳᠴᠤᠳ ᠬᠡᠦᠬᠡᠨᠴᠦᠳ ᠢᠶᠠᠨ ᠨᠠᠢᠮᠠ ᠶᠢᠰᠦᠨ ᠨᠠᠰᠤᠨ ᠠᠴᠠ ᠡᠬᠢᠯᠡᠵᠦ ᠦᠢᠯᠡ ᠣᠶᠣᠳᠠᠯ ᠲᠠᠢ ᠤᠷᠤᠯᠳᠤᠭᠤᠯᠤᠨ ᠲᠡᠪᠡᠯ ᠬᠤᠪᠴᠠᠰᠤᠨ ᠤ ᠬᠠᠭᠵᠠᠷᠬᠠᠢ ᠴᠤᠭᠤᠷᠬᠠᠢ ᠲᠤᠪᠬᠢᠭᠤᠯᠤᠨ ᠨᠥᠬᠦᠭᠦᠯᠵᠦ ᠲᠣᠪᠴᠢ ᠰᠢᠯᠪᠢ ᠬᠠᠳᠠᠭᠤᠯᠵᠤ ᠣᠶᠣᠳᠠᠯ ᠰᠤᠷᠭᠠᠳᠠᠭ᠃ ᠮᠥᠨᠴᠦ ᠬᠡᠦᠬᠡᠨᠴᠦᠳ ᠢᠶᠠᠷ ᠢᠶᠠᠨ ᠬᠤᠨᠢ ᠢᠮᠠᠭ᠎ᠠ ᠬᠤᠯᠪᠣᠵᠤ ᠰᠠᠭᠠᠬᠤ᠂ ᠦᠨᠢᠶ᠎ᠡ ᠢᠩᠭᠡ ᠰᠠᠭᠠᠬᠤ᠂ ᠰᠦ ᠴᠠᠭᠠᠨ ᠢᠳᠡᠭᠡ ᠡᠳ᠋ᠰᠢᠭᠦᠯᠬᠦ ᠮᠡᠷᠭᠡᠵᠢᠯ ᠢ ᠲᠦᠬᠦᠮ ᠠᠴᠠ ᠪᠤᠳᠤᠯᠢᠶᠠᠨᠲᠠᠢ ᠵᠦᠭ᠂ ᠪᠠᠭ᠎ᠠ ᠠᠴᠠ ᠶᠡᠭᠡ ᠥᠭᠡᠳᠡ ᠡᠮᠬᠢ ᠵᠢᠷᠤᠮ ᠠᠯᠬᠤᠮ ᠲᠠᠷᠠᠭ᠎ᠠ ᠲᠠᠢ ᠵᠢᠭᠠᠨ ᠰᠤᠷᠭᠠᠳᠠᠭ᠃ ᠬᠦᠦᠴᠦᠳ ᠢᠶᠠᠨ ᠲᠡᠲᠡ ᠠᠷᠪᠠᠭᠠᠳ ᠨᠠᠰᠤᠨ ᠠᠴᠠ ᠨᠢ ᠡᠬᠢᠯᠡᠵᠦ ᠡᠮᠨᠢᠭ᠂ ᠲᠤᠭᠰᠢᠨ ᠲᠠᠭ᠎ᠠ᠂ ᠪᠢᠷᠠᠭᠤ  ᠲᠠᠢ ᠤᠷᠤᠯᠳᠤᠭᠤᠯᠵᠤ ᠡᠮᠨᠢᠭ ᠲᠠᠭ᠎ᠠ ᠤᠨᠤᠵᠤ ᠰᠤᠷᠭᠠᠬᠤ ᠪᠠᠷ ᠲᠠᠮᠵᠢᠵᠤ ᠡᠮᠨᠢᠭ ᠲᠤᠭᠰᠢᠨ ᠮᠣᠷᠢ᠂ ᠲᠡᠮᠡᠭᠡ ᠤᠨᠤᠵᠤ ᠰᠤᠷᠬᠤ ᠮᠡᠷᠭᠡᠵᠢᠯ ᠡᠵᠡᠮᠰᠢᠭᠦᠯᠳᠡᠭ᠃ ᠲᠡᠲᠡ ᠬᠦᠦᠴᠦᠳ ᠪᠠᠨ ᠪᠠᠰᠠ ᠨᠣᠭᠲᠣ ᠬᠠᠵᠠᠭᠠᠷ᠂ ᠴᠢᠳᠦᠷ ᠲᠤᠱᠠ ᠰᠡᠯᠪᠢᠵᠦ ᠵᠠᠰᠠᠬᠤ ᠠᠴᠠ ᠭᠠᠷᠳᠠᠵᠤ ᠵᠠᠩᠭᠢᠳᠤᠨ ᠮᠤᠰᠬᠢᠵᠤ ᠮᠡᠷᠭᠡᠵᠢᠯ ᠰᠤᠷᠭᠠᠳᠠᠭ᠃ ᠬᠢᠯᠭᠠᠰᠤ ᠨᠣᠣᠰᠣ ᠪᠠᠨ ᠡᠷᠴᠢᠯᠡᠨ ᠳᠡᠭᠡᠰᠦ ᠲᠠᠮᠤᠵᠤ ᠣᠶᠣᠬᠤ ᠮᠡᠷᠭᠡᠵᠢᠯ ᠰᠤᠷᠭᠠᠳᠠᠭ᠃ ᠲᠡᠮᠡᠭᠡᠨ ᠵᠣᠭᠳᠣᠷ ᠢᠶᠠᠷ ᠤᠲᠠᠰᠤ ᠡᠭᠡᠷᠡᠵᠦ ᠡᠷᠴᠢᠯᠡᠨ ᠢᠰᠡᠭᠡᠢ ᠰᠢᠷᠲᠡᠭ ᠭᠡᠷ ᠤᠨ ᠡᠯᠪᠡᠰᠢ ᠲᠤᠭᠤᠷᠭ᠎ᠠ ᠰᠢᠷᠢᠵᠦ ᠣᠶᠣᠬᠤ ᠤᠷ᠎ᠠ ᠮᠡᠷᠭᠡᠰᠢᠯ ᠢ ᠵᠢᠭᠠᠨ ᠰᠤᠷᠭᠠᠳᠠᠭ᠃ ᠤᠷᠠᠳᠴᠤᠳ ᠤᠨ ᠬᠦᠦ ᠠᠷᠪᠠᠨ ᠲᠠᠪᠤ ᠵᠢᠷᠭᠤᠭᠠᠨ ᠨᠠᠰᠤ ᠬᠦᠷᠪᠡᠯ ᠳᠠᠷᠤᠢ ᠮᠠᠯᠵᠢᠬᠤ ᠣᠷᠣᠨ ᠤ ᠪᠤᠳᠠ ᠪᠤᠭ ᠮᠠᠯ ᠢ ᠪᠦᠷ ᠪᠡᠶ᠎ᠡ ᠪᠠᠨ ᠳᠠᠭᠠᠭᠠᠵᠤ ᠠᠷᠠᠴᠢᠯᠠᠨ ᠳᠣᠳᠣᠮᠳᠠᠵᠤ᠂ ᠮᠠᠯᠵᠢᠬᠤ ᠠᠴᠠ ᠡᠬᠢᠯᠡᠨ ᠬᠤᠨᠢ ᠬᠠᠶᠢᠴᠢᠯᠠᠬᠤ᠂ ᠢᠮᠠᠭ᠎ᠠ ᠰᠤᠷᠯᠠᠵᠤ ᠰᠠᠮᠨᠠᠬᠤ᠂ ᠠᠳᠤᠭᠤ ᠳᠡᠯᠯᠡᠵᠦ᠂ ᠲᠡᠮᠡᠭᠡ ᠨᠣᠣᠰᠣᠯᠠᠬᠤ᠂ ᠡᠮᠨᠢᠭ ᠲᠤᠭᠰᠢᠨ ᠮᠣᠷᠢ ᠰᠤᠷᠭᠠᠬᠤ᠂ ᠮᠣᠷᠢ ᠤᠷᠭᠠᠯᠠᠵᠤ ᠨᠣᠭᠲᠣ ᠲᠠᠯᠪᠢᠬᠤ᠂ ᠬᠤᠨᠢᠨ ᠨᠣᠣᠰᠣ ᠪᠠᠨ ᠰᠠᠪᠠᠵᠤ ᠨᠤᠮᠤᠳᠠᠨ ᠡᠳ᠋ᠰᠢᠭᠦᠯᠦᠭᠡᠳ ᠢᠰᠡᠭᠡᠢ ᠬᠢᠬᠦ᠂ ᠨᠣᠭᠲᠣ ᠴᠢᠳᠦᠷ ᠵᠠᠩᠭᠢᠳᠴᠤ ᠮᠤᠰᠬᠢᠬᠤ᠂ ᠮᠣᠩᠭᠤᠯ ᠭᠡᠷ ᠢᠶᠠᠨ ᠪᠣᠰᠬᠠᠵᠤ ᠪᠠᠷᠢᠬᠤ᠂ ᠠᠶᠠᠨ ᠵᠢᠩ ᠬᠥᠭᠡᠭᠡᠵᠦ ᠠᠴᠢᠶ᠎ᠠ ᠲᠡᠭᠡᠭᠡᠪᠦᠷᠢ ᠳᠤ ᠶᠠᠪᠤᠬᠤ᠂ ᠮᠠᠯ ᠨᠢᠲᠤᠯᠵᠤ ᠲᠥᠯ ᠴᠠᠭᠠᠯᠠᠬᠤ ᠮᠡᠲᠦ ᠮᠠᠯᠵᠢᠬᠤ ᠣᠷᠣᠨ ᠤ ᠡᠳᠦᠷ ᠲᠤᠳᠤᠮ ᠤᠨ ᠥᠨᠢᠳᠡ ᠵᠠᠶᠢᠯᠠᠭᠤᠯᠵᠤ ᠪᠣᠯᠣᠰᠢ ᠦᠭᠡᠢ ᠠᠯᠢᠪᠠ ᠠᠵᠢᠯ ᠬᠦᠳᠡᠯᠮᠦᠷᠢ ᠳᠤ ᠣᠷᠣᠯᠴᠠᠳᠠᠭ ᠪᠣᠯᠬᠤᠷ ᠦᠨᠳᠦᠰᠦᠨ ᠳᠤ ᠪᠠᠨ ᠴᠠᠭᠠᠷᠠᠵᠤ ᠳᠠᠳᠤᠭᠰᠠᠨ ᠭᠠᠪᠰᠢᠭᠠᠢ ᠭᠠᠷ ᠪᠣᠯᠤᠭᠰᠠᠨ ᠪᠠᠶᠢᠳᠠᠭ᠃ ᠬᠡᠦᠬᠡᠨᠴᠦᠳ ᠨᠢ ᠮᠥᠨᠴᠦ ᠮᠠᠯ ᠬᠠᠷᠢᠭᠤᠯᠵᠤ ᠠᠷᠠᠴᠢᠯᠠᠨ ᠳᠣᠳᠣᠮᠳᠠᠬᠤ᠂ ᠲᠥᠯ ᠲᠤᠰᠴᠤ ᠲᠡᠵᠢᠭᠡᠨ ᠪᠣᠶᠢᠵᠢᠭᠤᠯᠬᠤ ᠠᠴᠠ ᠡᠬᠢᠯᠡᠵᠦ᠂ ᠬᠤᠨᠢ ᠬᠠᠶᠢᠴᠢᠯᠠᠵᠤ ᠢᠮᠠᠭ᠎ᠠ ᠰᠠᠮᠨᠠᠬᠤ᠂ ᠰᠦ ᠴᠠᠭᠠᠨ ᠢᠳᠡᠭᠡ ᠡᠳ᠋ᠰᠢᠭᠦᠯᠦᠨ ᠪᠤᠯᠪᠠᠰᠤᠷᠠᠭᠤᠯᠬᠤ᠂ ᠦᠢᠯᠡ ᠣᠶᠣᠳᠠᠯ ᠣᠶᠣᠬᠤ᠂ ᠬᠤᠸᠠᠷ ᠬᠠᠳᠬᠤᠮᠠᠯ ᠬᠠᠳᠬᠤᠵᠤ ᠤᠷᠠᠯᠠᠬᠤ᠂ ᠪᠤᠳᠠᠭ᠎ᠠ ᠴᠠᠢ ᠲᠥᠬᠦᠭᠡᠷᠡᠨ ᠪᠡᠯᠡᠳᠬᠡᠬᠦ᠂ ᠭᠡᠶᠢᠴᠢᠨ ᠵᠣᠴᠢᠨ ᠤᠭᠲᠤᠨ ᠦᠳᠡᠵᠦ ᠳᠠᠶᠢᠯᠠᠬᠤ᠂ ᠭᠡᠷ ᠤᠨ ᠠᠵᠢᠯ ᠢᠶᠠᠨ ᠵᠣᠬᠢᠴᠠᠭᠤᠯᠤᠨ ᠲᠣᠬᠢᠷᠠᠭᠤᠯᠬᠤ᠂ ᠨᠠᠰᠤᠲᠠᠶᠢᠴᠤᠳ ᠢᠶᠠᠨ ᠠᠰᠠᠷᠠᠵᠤ ᠨᠢᠯᠬᠠᠰ ᠢᠶᠠᠨ ᠬᠠᠷᠠᠭᠠᠯᠵᠠᠬᠤ ᠮᠡᠲᠦ ᠠᠵᠢᠯ ᠦᠢᠯᠡᠰ ᠢ ᠬᠡᠨ ᠠᠴᠠ ᠬᠤᠴᠣᠷᠤᠯ ᠦᠭᠡᠢ ᠰᠠᠶᠢᠬᠠᠨ ᠬᠢᠵᠦ ᠰᠤᠷᠴᠢᠬᠠᠭᠰᠠᠨ ᠪᠠᠶᠢᠳᠠᠭ᠃ ᠡᠮᠡᠭᠲᠡᠶᠢᠴᠦᠳ ᠨᠢ ᠬᠠᠷᠢᠨ ᠤᠷᠭ᠎ᠠ ᠠᠳᠬᠤᠵᠤ ᠠᠳᠤᠭᠤ ᠤᠷᠭᠠᠯᠠᠳᠠᠭ ᠦᠭᠡᠢ᠂ ᠮᠠᠯ ᠨᠢᠲᠤᠯᠵᠤ ᠲᠥᠯ ᠬᠥᠩᠭᠡᠯᠡᠳᠡᠭ ᠦᠭᠡᠢ ᠵᠠᠩᠰᠢᠯ ᠴᠡᠭᠡᠷ ᠬᠤᠷᠢᠭ᠎ᠠ ᠲᠠᠢ ᠪᠠᠶᠢᠳᠠᠭ᠃ ᠤᠷᠠᠳᠴᠤᠳ ᠦᠷ᠎ᠡ ᠬᠡᠦᠬᠡᠳ ᠲᠤ ᠪᠠᠨ ᠠᠵᠢᠯ ᠬᠦᠳᠡᠯᠮᠦᠷᠢ ᠰᠤᠷᠭᠠᠬᠤ ᠳᠤ ᠪᠠᠨ ᠬᠡᠦᠬᠡᠳ ᠤᠨ ᠣᠨᠴᠠᠯᠢᠭ ᠠᠴᠠ ᠡᠭᠦᠰᠴᠦ᠂ ᠨᠠᠭᠠᠳᠴᠤ ᠬᠥᠳᠡᠯᠮᠦᠷᠢᠯᠡᠬᠦ ᠶᠢ ᠤᠶᠠᠯᠳᠤᠭᠤᠯᠳᠠᠭ᠂ ᠨᠠᠭᠠᠳᠤᠮ ᠲᠣᠭᠯᠠᠭᠠᠮ ᠢᠶᠠᠷ ᠲᠠᠮᠵᠢᠵᠤ ᠬᠦᠳᠡᠯᠮᠦᠷᠢ ᠠᠵᠢᠯ ᠬᠢᠵᠦ ᠰᠤᠷᠭᠠᠬᠤ ᠶᠢ ᠪᠠᠷᠢᠮᠲᠠᠯᠠᠳᠠᠭ᠃ ᠬᠡᠦᠬᠡᠳ ᠤᠨ ᠨᠠᠰᠤ ᠪᠠᠭ᠎ᠠ ᠬᠦᠴᠦ ᠲᠠᠮᠢᠷ ᠬᠢᠵᠠᠭᠠᠷ ᠲᠠᠢ ᠵᠡᠷᠭᠡ ᠪᠣᠳᠠᠲᠠᠢ ᠠᠴᠠ ᠡᠭᠦᠰᠴᠦ᠂ ᠣᠬᠤᠷ ᠴᠠᠭ ᠬᠥᠳᠡᠯᠮᠦᠷᠢᠯᠡᠭᠦᠯᠬᠦ ᠶᠢ ᠪᠠᠷᠢᠮᠲᠠᠯᠠᠵᠤ᠂ ᠬᠦᠳᠡᠯᠮᠦᠷᠢ ᠠᠵᠢᠯ ᠬᠢᠵᠦ ᠰᠤᠷᠬᠤ ᠡᠪ ᠵᠦᠢ᠂ ᠤᠷ᠎ᠠ ᠮᠡᠷᠭᠡᠰᠢᠯ ᠰᠤᠷᠴᠤ ᠡᠵᠡᠮᠰᠢᠭᠦᠯᠬᠦ ᠶᠢ ᠭᠤᠣᠯ ᠵᠣᠷᠢᠯᠲᠠ ᠪᠣᠯᠭᠠᠨ ᠠᠳᠬᠤᠳᠠᠭ᠃ ᠬᠠᠷᠢᠨ ᠬᠡᠦᠬᠡᠳ ᠢᠶᠠᠨ ᠬᠢᠷᠢ ᠴᠢᠳᠠᠯ ᠠᠴᠠ ᠨᠢ ᠬᠡᠲᠦᠷᠡᠭᠦᠯᠵᠦ ᠬᠥᠳᠡᠯᠮᠦᠷᠢᠯᠡᠭᠦᠯᠵᠦ᠂ ᠤᠶᠤᠨ ᠤᠬᠠᠭᠠᠨ᠂ ᠪᠡᠶ᠎ᠡ ᠮᠠᠬᠠᠪᠤᠳ ᠤᠨ ᠥᠰᠦᠯᠲᠡ ᠪᠤᠶᠢᠵᠢᠯᠲᠠ ᠶᠢ ᠨᠥᠯᠥᠭᠡᠯᠡᠬᠦ᠂ ᠬᠦᠳᠡᠯᠮᠦᠷᠢ ᠠᠴᠠ ᠠᠶᠤᠨ ᠬᠠᠯᠠᠰᠢᠷᠠᠵᠤ ᠵᠠᠶᠢᠯᠠᠬᠤ ᠵᠠᠩ ᠳᠠᠳᠬᠠᠯ ᠲᠠᠢ ᠪᠤᠯᠬᠤ ᠶᠢ ᠣᠨᠴᠠ ᠠᠩᠬᠠᠷᠤᠨ ᠰᠡᠷᠭᠡᠶᠢᠯᠡᠳᠡᠭ ᠶᠤᠮ᠃        ᠤᠷᠠᠳᠴᠤᠳ ᠦᠷ᠎ᠡ ᠬᠡᠦᠬᠡᠳ ᠢᠶᠠᠨ ᠰᠤᠷᠭᠠᠬᠤ ᠠᠯᠤᠰ ᠤᠨ ᠠᠶᠠᠨ᠎ᠠ ᠲᠡᠲᠡᠨᠤᠰ ᠤᠨ ᠥᠪᠯᠡᠵᠦ ᠢᠷᠡᠭᠰᠡᠨ ᠮᠠᠰᠢ ᠠᠷᠪᠢᠨ ᠤᠯᠠᠮᠵᠢᠯᠠᠯᠲᠤ ᠵᠠᠩ ᠠᠷᠠᠨᠰᠢᠨ᠂ ᠴᠡᠭᠡᠷ ᠬᠤᠷᠢᠭ᠎ᠠ ᠪᠠᠨ ᠪᠠᠷᠢᠮᠲᠠᠯᠠᠨ ᠰᠠᠬᠢᠵᠤ ᠪᠠᠶᠢᠳᠠᠭ᠃ ᠲᠦᠬᠦᠮ ᠬᠡᠳᠦ ᠶᠢ ᠳᠤᠷᠠᠳᠪᠠᠯ᠄ ᠥᠪᠡᠷ ᠤᠨ ᠪᠡᠶ᠎ᠡ ᠠᠴᠠ ᠨᠠᠰᠤ ᠠᠬᠠᠮᠠᠳ ᠬᠥᠮᠥᠨ ᠢ ᠠᠪᠤᠭᠠᠶᠢᠯᠠᠵᠤ ᠠᠬᠠᠯᠠᠵᠤ ᠳᠠᠭᠤᠳᠠᠬᠤ᠂ ᠲᠠᠨᠢᠬᠤ ᠡᠰᠡᠬᠦ ᠬᠥᠮᠥᠨ ᠲᠠᠢ ᠠᠭᠤᠯᠵᠠᠨ ᠵᠣᠯᠭᠠᠪᠠᠯ ᠤᠷᠢᠳ ᠢᠶᠠᠷ ᠠᠮᠠ ᠨᠡᠭᠡᠭᠡᠵᠦ ᠠᠮᠤᠷ ᠮᠡᠨᠳᠤ ᠠᠰᠠᠭᠤᠬᠤ᠂ ᠦᠳᠡᠰᠢ ᠣᠷᠣᠢ ᠤᠬᠢᠯᠠᠵᠤ ᠭᠤᠮᠣᠳᠠᠬᠤ ᠦᠭᠡᠢ᠂ ᠠᠬ᠎ᠠ ᠳᠡᠭᠦᠦ ᠠᠨᠳᠠ ᠨᠠᠶᠢᠵᠠ ᠬᠤᠭᠤᠷᠣᠨᠳᠤ ᠪᠠᠨ ᠦᠭᠡ ᠪᠤᠯᠢᠶᠠᠯᠳᠤᠬᠤ ᠦᠭᠡᠢ ᠬᠡᠷᠡᠭᠦᠯ ᠵᠣᠳᠣᠭᠠᠨ ᠬᠢᠬᠦ ᠦᠭᠡᠢ᠂ ᠠᠬᠠᠮᠠᠳ ᠲᠣᠮᠣᠭᠠᠲᠠᠳ ᠵᠢᠴᠢ ᠵᠡᠮᠳᠡᠭ ᠳᠤᠲᠠᠭᠤ ᠬᠥᠮᠥᠨ ᠢ ᠳᠠᠭᠤᠷᠢᠶᠠᠵᠤ ᠡᠯᠡᠭᠯᠡᠬᠦ ᠦᠭᠡᠢ᠂ ᠡᠭᠦᠳᠡ ᠬᠠᠭᠠᠯᠭ᠎ᠠ ᠠᠭᠲᠠᠯᠠᠵᠤ ᠵᠤᠭᠰᠤᠬᠤ ᠪᠠ ᠶᠠᠪᠠᠭᠠᠨ ᠰᠠᠭᠤᠬᠤ ᠦᠭᠡᠢ᠂ ᠭᠠᠯ ᠤᠰᠤ ᠬᠤᠶᠠᠷ ᠢᠶᠠᠷ ᠨᠠᠭᠠᠳᠬᠤ ᠦᠭᠡᠢ᠂ ᠬᠥᠮᠥᠨ ᠠᠴᠠ ᠡᠳ᠋ ᠪᠣᠳᠠᠰ ᠠᠪᠴᠤ ᠥᠭᠬᠦ ᠳᠤ ᠪᠠᠨ ᠵᠥᠪ ᠭᠠᠷ ᠢᠶᠠᠷ ᠢᠶᠠᠨ ᠠᠪᠴᠤ ᠥᠭᠬᠦ᠂ ᠡᠴᠢᠭᠡ ᠡᠬᠡ ᠵᠢᠴᠢ ᠳᠡᠭᠡᠳᠦ ᠦᠶ᠎ᠡ ᠶᠢᠨ ᠬᠢᠨ ᠲᠠᠢ ᠠᠳᠠᠯᠢ ᠨᠡᠷ᠎ᠡ ᠲᠠᠢ ᠬᠥᠮᠥᠨ ᠢ ᠰᠢᠭᠤᠳ ᠨᠡᠷ᠎ᠡ ᠪᠠᠷ ᠨᠢ ᠳᠠᠭᠤᠳᠠᠬᠤ ᠦᠭᠡᠢ᠂ ᠬᠠᠷᠢᠨ ︽ᠬᠡᠴᠡᠭᠦᠦ ᠨᠡᠷᠡᠳᠤ︾ ᠭᠡᠬᠦ ᠪᠤᠶᠤ ᠡᠷᠬᠢᠯᠡᠭᠰᠡᠨ ᠠᠵᠢᠯ ᠦᠢᠯᠡᠰ ᠮᠡᠷᠭᠡᠵᠢᠯ ᠢᠶᠠᠷ ᠨᠢ ᠬᠦᠨᠳᠦᠳᠬᠡᠨ ᠠᠪᠤᠭᠠᠶᠢᠯᠠᠵᠤ ᠠᠬᠠᠯᠠᠵᠤ ᠪᠤᠷᠤᠭᠤᠯᠠᠨ ᠳᠠᠭᠤᠳᠠᠳᠠᠭ ᠰᠠᠶᠢᠬᠠᠨ ᠵᠠᠩᠰᠢᠯ ᠳᠠᠳᠬᠠᠯ ᠲᠠᠢ ᠪᠠᠶᠢᠳᠠᠭ᠃ ᠢᠷᠡᠵᠤ ᠶᠠᠪᠤᠭ᠎ᠠ ᠭᠡᠶᠢᠴᠢᠨ ᠵᠣᠴᠢᠨ ᠤ ᠡᠮᠦᠨ᠎ᠡ ᠬᠤᠶᠢᠨ᠎ᠠ ᠠᠴᠠ ᠬᠤᠭ ᠦᠨᠡᠰᠦ᠂ ᠤᠰᠤ ᠴᠢᠳᠬᠤᠵᠤ ᠠᠰᠬᠠᠵᠤ ᠪᠤᠯᠬᠤ ᠦᠭᠡᠢ᠂ ᠬᠤᠭᠤᠰᠤᠨ ᠰᠠᠪᠠ ᠰᠠᠭᠤᠯᠭ᠎ᠠ ᠳᠡᠪᠢᠭᠦᠷ ᠠᠪᠴᠤ ᠭᠠᠷᠬᠤ ᠦᠭᠡᠢ᠂ ᠭᠡᠶᠢᠴᠢᠨ ᠤᠭᠲᠤᠵᠤ ᠨᠣᠬᠠᠢ ᠬᠠᠷᠠᠬᠤ ᠳᠤ ᠪᠠᠨ ᠪᠤᠰᠢᠭᠤ ᠱᠠᠯᠠᠮᠠᠭᠠᠢ᠂ ᠢᠷᠡᠭᠰᠡᠨ ᠭᠡᠶᠢᠴᠢᠨ ᠵᠣᠴᠢᠳ ᠪᠤᠶᠤ ᠠᠬᠠᠮᠠᠳ ᠲᠣᠮᠣᠭᠠᠲᠠᠳ ᠲᠤ ᠴᠠᠢ ᠬᠤᠭᠤᠯᠠ ᠠᠶᠠᠭᠠᠯᠠᠬᠤ᠂ ᠰᠠᠷᠬᠤᠳ ᠪᠠᠷᠢᠵᠤ ᠬᠡᠮᠨᠡᠬᠦ ᠳᠤ ᠪᠠᠨ ᠲᠣᠪᠴᠢ ᠰᠢᠯᠪᠢ ᠪᠠᠨ ᠪᠦᠷᠢᠨ ᠭᠦᠢᠴᠡᠳ ᠲᠣᠪᠴᠢᠯᠠᠵᠤ ᠮᠠᠯᠠᠭᠠᠢ ᠡᠮᠦᠰᠴᠦ᠂ ᠵᠥᠪ ᠭᠠᠷ ᠢᠶᠠᠷ ᠢᠶᠠᠨ ᠲᠦᠪᠯᠡᠩᠭᠦᠢ ᠶᠣᠰᠣᠷᠬᠠᠭ ᠰᠠᠶᠢᠬᠠᠨ ᠡᠷᠭᠦᠬᠦ ᠮᠡᠲᠦ ᠠᠯᠢ ᠤᠯᠠᠨ ᠵᠠᠩᠰᠢᠯ ᠵᠢᠷᠤᠮ ᠴᠡᠭᠡᠷ ᠬᠤᠷᠢᠭ᠎ᠠ ᠶᠢ ᠰᠤᠷᠭᠠᠨ ᠵᠢᠭᠠᠳᠠᠭ᠃ ᠤᠷᠠᠳᠴᠤᠳ ᠶᠡᠷᠦ ᠠᠴᠠ ᠪᠠᠨ ᠦᠷ᠎ᠡ ᠬᠡᠦᠬᠡᠳ ᠢᠶᠠᠨ ᠨᠠᠰᠤᠨ ᠳᠤ ᠬᠦᠷᠴᠦ ᠬᠤᠪᠢ ᠲᠤᠰ ᠲᠤ ᠨᠢ ᠡᠭᠦᠳᠡ ᠨᠡᠭᠡᠭᠡᠵᠦ ᠡᠷᠦᠬᠡ ᠰᠡᠬᠦᠲᠡᠯ᠎ᠡ ᠲᠠᠮᠠᠬᠢ ᠲᠠᠲᠠᠵᠤ ᠠᠷᠢᠬᠢ ᠰᠣᠭᠲᠣᠭᠤᠷᠠᠲᠠᠯ᠎ᠠ ᠤᠤᠭᠤᠵᠤ ᠡᠳ᠋ᠯᠡᠬᠦ ᠶᠢ ᠡᠷᠡᠰ ᠬᠢᠵᠠᠭᠠᠷᠯᠠᠨ ᠴᠡᠭᠡᠷᠯᠡᠭᠦᠯᠳᠡᠭ᠃ ᠶᠡᠷᠦᠩᠬᠡᠢ ᠳᠤ ᠪᠠᠨ ᠭᠤᠴᠢ ᠬᠦᠷᠲᠡᠯ᠎ᠡ ᠠᠷᠢᠬᠢ ᠲᠠᠮᠠᠬᠢ ᠲᠠᠢ ᠣᠶᠢᠷᠠᠲᠤᠨ ᠬᠠᠪᠢᠳᠠᠬᠤ ᠶᠢ ᠴᠠᠭᠠᠵᠠᠯᠠᠳᠠᠭ ᠪᠠᠶᠢᠭᠰᠠᠨ ᠵᠠᠩᠰᠢᠯ ᠲᠠᠢ ᠪᠢᠯᠡ᠃        ᠤᠷᠠᠳᠴᠤᠳ ᠤᠨ ᠬᠠᠮᠤᠭ ᠠᠴᠠ ᠪᠢᠰᠢᠷᠡᠭᠦᠰᠢᠲᠡᠢ ᠵᠠᠩ ᠳᠠᠳᠬᠠᠯ ᠪᠣᠯ ᠦᠷ᠎ᠡ ᠬᠡᠦᠬᠡᠳ ᠢᠶᠠᠨ ᠰᠤᠷᠭᠠᠨ ᠬᠥᠮᠥᠵᠢᠭᠦᠯᠬᠦ ᠪᠠᠨ ᠵᠦᠪᠬᠡᠨ ᠡᠴᠢᠭᠡ ᠡᠬᠡ ᠡᠪᠦᠭᠡ ᠳᠡᠭᠡᠳᠦᠰ ᠭᠡᠷ ᠤᠨ ᠲᠦᠷᠦᠯ ᠰᠠᠳᠤᠨ ᠬᠠᠷᠢᠭᠤᠴᠠᠨ ᠠᠳᠬᠤᠳᠠᠭ ᠪᠢᠰᠢ᠃ ᠬᠠᠷᠢᠨ ᠪᠦᠬᠦ ᠨᠡᠶᠢᠭᠡᠮ ᠢᠶᠠᠷ ᠢᠶᠠᠨ ᠬᠥᠳᠡᠯᠦᠯᠴᠡᠵᠦ ᠬᠡᠦᠬᠡᠳ ᠪᠠᠭᠠᠴᠤᠳ ᠤᠨ ᠪᠤᠷᠤᠭᠤ ᠮᠠᠭᠤ ᠠᠵᠢᠯᠯᠠᠭ᠎ᠠ ᠶᠢ ᠬᠡᠯᠡᠵᠦ ᠰᠤᠷᠭᠠᠨ ᠬᠥᠮᠥᠵᠢᠭᠦᠯᠳᠡᠭ ᠤᠯᠠᠮᠵᠢᠯᠠᠯᠲᠤ ᠵᠠᠩᠰᠢᠯ ᠲᠠᠢ᠃ ᠲᠡᠷᠡ ᠨᠢ ᠨᠡᠶᠢᠭᠡᠮ ᠨᠡᠶᠢᠲᠡ ᠶᠢᠨ ᠲᠠᠭᠠᠰᠢᠶᠠᠯ ᠪᠢᠰᠢᠷᠡᠯ ᠢ ᠣᠯᠵᠤ᠂ ᠬᠤᠶᠢᠴᠢ ᠦᠶ᠎ᠡ ᠶᠢᠨ ᠬᠢᠨ ᠢ ᠬᠥᠮᠥᠵᠢᠭᠦᠯᠦᠨ ᠪᠣᠶᠢᠵᠢᠭᠤᠯᠵᠤ ᠬᠥᠮᠥᠨ ᠪᠤᠯᠭᠠᠬᠤ ᠳᠤ ᠬᠡᠮᠵᠢᠶᠡᠯᠡᠰᠢ ᠦᠭᠡᠢ ᠦᠢᠯᠡᠳᠦᠯ ᠦᠵᠡᠭᠦᠯᠵᠦ ᠪᠠᠶᠢᠭᠰᠠᠨ ᠶᠤᠮ᠃ ᠲᠡᠭᠦᠨ ᠢ ᠮᠠᠭᠲᠠᠭᠤᠰᠢᠲᠠᠢ ᠰᠠᠶᠢᠨ ᠠᠷᠭ᠎ᠠ ᠭᠡᠵᠦ ᠬᠡᠯᠡᠵᠦ ᠪᠤᠯᠬᠤ‌‍ᠶᠤᠮᠰᠠᠨ᠃ ᠤᠷᠠᠳᠴᠤᠳ ᠬᠡᠦᠬᠡᠳ ᠨᠢᠯᠬ᠎ᠠ ᠳᠤ ᠪᠠᠨ ᠶᠣᠰᠣ ᠰᠤᠷᠲᠠᠬᠤᠨ᠂ ᠬᠦᠳᠡᠯᠮᠦᠷᠢ ᠠᠵᠢᠯ ᠰᠤᠷᠭᠠᠳᠠᠭ ᠠᠷᠭ᠎ᠠ ᠨᠢ ᠬᠡᠦᠬᠡᠳ ᠤᠨ ᠬᠦᠯᠢᠶᠡᠨ ᠠᠪᠬᠤ ᠬᠢᠷᠢ ᠴᠢᠳᠠᠪᠤᠷᠢ ᠳᠤ ᠵᠣᠬᠢᠴᠠᠭᠰᠠᠨ᠂ ᠥᠰᠦᠯᠲᠡ ᠪᠤᠶᠢᠵᠢᠯᠲᠠ ᠳᠤ ᠠᠰᠢᠭ ᠲᠠᠢ᠂ ᠠᠯᠤᠰ ᠬᠡᠳᠦ ᠶᠢᠨ ᠠᠴᠢ ᠬᠤᠯᠪᠣᠭᠳᠠᠯ ᠲᠠᠢ ᠰᠤᠷᠭᠠᠨ ᠬᠥᠮᠦᠵᠢᠯ ᠪᠠᠶᠢᠳᠠᠭ᠃ ᠮᠥᠨᠴᠦ ᠦᠨᠳᠦᠰᠦᠲᠡᠨ ᠤ ᠵᠠᠩ ᠵᠠᠩᠰᠢᠯ᠂ ᠪᠠᠶᠢᠭᠠᠯᠢ ᠶᠢᠨ ᠣᠷᠴᠢᠨ ᠠᠬᠤᠢ᠂ ᠮᠠᠯ ᠠᠵᠤ ᠠᠬᠤᠢ ᠶᠢᠨ ᠦᠢᠯᠡᠳᠪᠦᠷᠢᠯᠡᠯ ᠲᠠᠢ ᠣᠷᠭᠠᠨᠢᠭ ᠤᠶᠠᠯᠳᠤᠭᠤᠯᠤᠭᠰᠠᠨ ᠰᠤᠷᠭᠠᠨ ᠬᠥᠮᠦᠵᠢᠯ ᠪᠠᠶᠢᠵᠠᠢ᠃ ᠪᠢᠲᠡ ᠦᠷᠬᠦᠯᠵᠢᠯᠡᠨ ᠡᠨᠡᠬᠦ ᠲᠡᠷᠢᠭᠦᠨ ᠤ ᠰᠣᠶᠣᠯ ᠢᠶᠠᠨ ᠬᠥᠭᠵᠢᠭᠦᠯᠦᠨ ᠮᠠᠨᠳᠤᠭᠤᠯᠵᠤ᠂ ᠬᠥᠮᠥᠨ ᠤ ᠴᠢᠨᠠᠷ ᠴᠢᠨᠰᠠᠭ᠎ᠠ ᠪᠠᠨ ᠲᠡᠭᠡᠭᠰᠢᠯᠡᠬᠦᠯᠬᠦ ᠳᠡᠭᠡᠷ᠎ᠡ ᠢᠯᠡᠭᠦᠦ ᠰᠢᠭ ᠬᠦᠴᠦ ᠬᠦᠳᠡᠯᠮᠦᠷᠢ ᠵᠠᠷᠤᠴᠠᠭᠤᠯᠵᠤ᠂ ᠬᠤᠶᠢᠴᠢ ᠦᠶ᠎ᠡ ᠪᠠᠨ ᠰᠤᠷᠭᠠᠨ ᠬᠥᠮᠥᠵᠢᠭᠦᠯᠦᠶ᠎ᠡ᠃                                ᠵᠣᠷᠢᠭᠪᠠᠭᠠᠲᠤᠷ ᠤᠨ ᠨᠠᠶᠢᠷᠠᠭᠤᠯᠤᠨ ᠵᠣᠬᠢᠶᠠᠭᠰᠠᠨ ︽ᠤᠷᠠᠨ ᠲᠠᠷᠬᠠᠨ ᠤᠷᠠᠳ ᠤᠨ ᠵᠠᠩ ᠦᠢᠯᠡ︾ ᠭᠡᠬᠦ ᠨᠣᠮ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ