ᠶᠠᠭᠤᠨ ᠳᠤ ᠵᠠᠪᠠᠯ ᠨᠣᠮ ᠤᠩᠰᠢᠬᠤ ᠪᠤᠢ︖
ᠨᠡᠶᠢᠲᠡᠯᠡᠭᠰᠡᠨ ᠴᠠᠭ᠄
2024/7/18
      1. ᠠᠯᠬᠤᠵᠤ ᠬᠦᠷᠦᠭᠡ ᠦᠭᠡᠢ ᠭᠠᠵᠠᠷ ᠲᠤ ᠨᠣᠮ ᠢᠶᠠᠷ ᠬᠦᠷᠴᠦ ᠪᠤᠯᠳᠠᠭ᠃ ᠨᠢᠳᠦ ᠪᠠᠷ ᠬᠠᠷᠠᠭ᠎ᠠ ᠦᠭᠡᠢ ᠵᠦᠢᠯ ᠢ ᠨᠣᠮ ᠠᠴᠠ ᠤᠩᠰᠢᠵᠤ ᠮᠡᠳᠡᠳᠡᠭ᠃ ᠡᠶᠢᠮᠦ ᠠᠴᠠ ᠤᠩᠰᠢᠭᠰᠠᠨ ᠨᠣᠮ ᠪᠣᠯ ᠬᠦᠷᠦᠭᠰᠡᠨ ᠭᠠᠵᠠᠷ᠂ ᠬᠠᠷᠠᠭᠰᠠᠨ ᠳᠡᠯᠡᠬᠡᠢ᠃       2. ᠬᠡᠷᠪᠡ ᠲᠠ ᠨᠠᠰᠣᠨ ᠲᠤᠷᠰᠢ ᠰᠤᠷᠬᠤ ᠶᠢᠨ ᠬᠦᠰᠡᠯ ᠲᠠᠢ ᠪᠣᠯ ᠪᠣᠯᠣᠮᠵᠢ ᠪᠦᠬᠦᠨ ᠨᠡᠭᠡᠭᠡᠯᠲᠡᠲᠡᠢ ᠰᠢᠦ᠃ ᠰᠣᠨᠢᠭᠤᠴᠢ ᠵᠠᠩ ᠢᠶᠠᠨ ᠠᠯᠳᠠᠬᠤ ᠬᠤᠷᠣᠮ ᠳᠤ ᠯᠠ ᠬᠥᠮᠥᠨ ᠰᠠᠶ᠋ᠢ ᠵᠢᠩᠬᠢᠨᠢ ᠥᠲᠡᠯᠳᠡᠭ᠃       3. ᠤᠩᠰᠢᠭᠰᠠᠨ ᠨᠣᠮ ᠴᠢᠨᠢ ᠲᠠᠨ ᠢ ᠬᠠᠶᠢᠷᠠᠲᠠᠢ ᠬᠥᠮᠥᠰ ᠲᠠᠢ ᠪᠠᠨ ᠠᠮᠢᠳᠤᠷᠠᠯ ᠤᠨ ᠠᠷᠰᠠᠷ ᠵᠦᠢᠯ ᠠᠴᠠ  ᠪᠤᠰᠤᠳ ᠶᠠᠷᠢᠬᠤ ᠶᠠᠭᠤᠮ᠎ᠠ ᠲᠠᠢ ᠪᠣᠯᠭᠠᠳᠠᠭ᠃       4. ᠨᠠᠰᠣᠨ ᠲᠤᠷᠰᠢ ᠲᠠᠨ ᠠᠴᠠ ᠰᠠᠯᠬᠤ ᠦᠭᠡᠢ ᠵᠦᠢᠯ ᠭᠡᠵᠦ ᠪᠠᠶᠢᠳᠠᠭ᠃ ᠡᠭᠦᠨ ᠳᠤ ᠲᠠᠨ ᠤ ᠤᠩᠰᠢᠭᠰᠠᠨ ᠨᠣᠮ ᠶᠠᠭᠠᠬᠢᠯᠳᠠ ᠴᠦ ᠦᠭᠡᠢ ᠨᠢᠭᠡ ᠨᠢ ᠶᠤᠮ᠃       5. ᠶᠢᠷᠲᠢᠨᠴᠦ ᠲᠠᠢ ᠲᠠᠨᠢᠯᠴᠠᠵᠤ᠂ ᠥᠪᠡᠷ ᠢ ᠪᠠᠨ ᠮᠡᠳᠡᠷᠡᠨ᠂ ᠵᠦᠭ ᠴᠢᠭ ᠢᠶᠠᠨ ᠠᠯᠳᠠᠬᠤ ᠴᠠᠭ ᠲᠤ᠂ ᠲᠠ ᠨᠣᠮ ᠠᠴᠠ ᠡᠷᠴᠢ ᠬᠦᠴᠦ ᠣᠯᠣᠭᠠᠷᠠᠢ᠃       6. ᠨᠣᠮ ᠤᠨ ᠬᠠᠭᠤᠳᠠᠰᠤ ᠶᠢ ᠰᠡᠬᠦᠬᠦ  ᠳᠤ ᠨᠢᠳᠦ ᠨᠡᠭᠡᠭᠡᠭᠳᠡᠵᠦ ᠴᠣ ᠰᠢᠨ᠎ᠡ ᠶᠢᠷᠲᠢᠨᠴᠦ ᠬᠠᠷᠠᠭᠳᠠᠳᠠᠭ᠃       7. ᠣᠯᠠᠨ ᠨᠣᠮ ᠤᠩᠰᠢᠬᠤ ᠨᠢ ᠲᠠᠨ ᠢ ᠬᠠᠯᠠᠭᠤᠮᠰᠤᠭ᠂ ᠬᠥᠭᠵᠢᠯᠲᠡᠢ᠂ ᠦᠵᠡᠯ ᠪᠤᠳᠣᠯ ᠲᠠᠢ ᠬᠥᠮᠥᠨ ᠪᠣᠯᠭᠠᠳᠠᠭ᠃  
ᠢᠷᠡᠯᠲᠡ᠄ ᠲᠣᠮᠳᠠᠳᠣ ᠤᠯᠤᠰ ᠤᠨ ᠮᠣᠩᠭᠤᠯ ᠷᠠᠳᠢᠣ᠋ ᠰᠦᠯᠵᠢᠶ᠎ᠡ